ᠲᠠᠷᠪᠠᠭ᠎ᠠ ᠶᠠᠭᠠᠬᠢᠭᠠᠳ ᠳᠥᠷᠪᠡᠨ ᠬᠤᠷᠤᠭᠤ ᠲᠠᠢ ᠪᠣᠯᠪᠠТарвага яагаад дөрвөн хуруутай болов
ᠲᠠᠷᠪᠠᠭ᠎ᠠ ᠶᠠᠭᠠᠬᠢᠭᠠᠳ ᠳᠥᠷᠪᠡᠨ ᠬᠤᠷᠤᠭᠤ ᠲᠠᠢ ᠪᠣᠯᠪᠠ
ᠡᠷᠲᠡ ᠤᠷᠢᠳᠤ ᠶ᠋ᠢᠨ ᠴᠠᠭ ᠲᠤ᠌᠂ ᠭᠠᠭᠴᠠ ᠬᠦᠦ ᠲᠡᠢ ᠨᠢᠭᠡᠨ ᠬᠠᠭᠠᠨ ᠪᠠᠢᠵᠠᠢ᠃ ᠲᠡᠷᠡ ᠬᠦᠦ ᠪᠡᠨ ᠬᠥᠮᠦᠨ ᠡᠴᠡ ᠨᠢᠭᠤᠭᠠᠳ ᠶᠡᠷᠦ ᠦᠵᠡᠭᠦᠯᠳᠡᠭ ᠦᠭᠡᠢ ᠪᠠᠢᠪᠠ᠃
ᠬᠠᠷᠢᠨ ᠨᠤᠲᠤᠭ ᠤ᠋ᠨ ᠠᠯᠪᠠᠲᠤ ᠢᠷᠭᠡᠳ ᠦ᠋ᠨ ᠬᠡᠦᠬᠡᠳ ᠢ᠋ ᠳᠠᠷᠠᠭᠠᠯᠠᠨ ᠳᠠᠭᠤᠳᠠᠵᠤ ᠠᠪᠠᠴᠢᠵᠤ ᠬᠦᠦ ᠪᠡᠨ ᠬᠠᠷᠠᠭᠤᠯᠵᠤ ᠠᠰᠠᠷᠠᠭᠤᠯᠳᠠᠭ ᠪᠣᠯᠵᠠᠢ ᠭᠡᠨ᠎ᠡ᠃ ᠡᠨᠡ ᠬᠡᠦᠬᠡᠳ ᠦ᠋ᠳ ᠬᠠᠷᠢᠨ ᠭᠡᠷ ᠲᠡᠭᠡᠨ ᠪᠤᠴᠠᠵᠤ ᠣᠴᠢᠳᠠᠭ ᠦᠭᠡᠢ ᠶᠤᠮ ᠰᠠᠨᠵᠢ᠃ ᠡᠨᠡ ᠵᠢᠭᠲᠡᠢ ᠶᠠᠪᠤᠳᠠᠯ ᠢ᠋ ᠬᠥᠮᠦᠨ ᠪᠦᠬᠦᠨ ᠲᠤᠭᠤᠯᠵᠤ ᠶᠡᠬᠡᠳᠡ ᠭᠠᠢᠬᠠᠳᠠᠭ ᠪᠠᠢᠵᠠᠢ᠃ ᠲᠡᠷᠡ ᠨᠤᠲᠤᠭ ᠲᠤ᠌ ᠨᠢᠭᠡᠨ ᠭᠠᠭᠴᠠ ᠥᠬᠢᠨ ᠲᠡᠢ ᠡᠮᠡᠭᠡᠨ ᠪᠠᠢᠵᠠᠢ ᠭᠡᠨ᠎ᠡ᠃ ᠲᠡᠷᠡ ᠡᠮᠡᠭᠡᠨ ᠦ᠌ ᠥᠬᠢᠨ ᠬᠠᠭᠠᠨ ᠤ᠋ ᠬᠦᠦ ᠶ᠋ᠢ ᠬᠠᠷᠠᠬᠤ ᠡᠭᠡᠯᠵᠢ ᠪᠣᠯᠵᠠᠢ᠃ ᠡᠮᠡᠭᠡᠨ ᠥᠬᠢᠨ ᠢ᠋ᠶ᠋ᠡᠨ ᠬᠠᠭᠠᠨ ᠳ᠋ᠤ᠌ ᠬᠦᠷᠭᠡᠬᠦ ᠳ᠋ᠡᠭᠡᠨ᠄《ᠬᠠᠭᠠᠨ ᠤ᠋ ᠬᠦᠦ ᠶ᠋ᠢ ᠬᠠᠷᠠᠵᠤ ᠪᠠᠢᠬᠤ ᠳ᠋ᠠᠭᠠᠨ ᠢᠳᠡᠭᠡᠷᠡᠢ》 ᠭᠡᠳ ᠥᠪᠡᠷ ᠦ᠋ᠨ ᠢ᠋ᠶ᠋ᠡᠨ ᠬᠥᠬᠥ ᠶ᠋ᠢᠨ ᠰᠦ᠋ ᠪᠡᠷ ᠬᠢᠭᠰᠡᠨ ᠠᠭᠠᠷᠤᠤᠯ ᠥᠭᠴᠡᠢ᠃ ᠥᠬᠢᠨ ᠬᠠᠭᠠᠨ ᠤ᠋ ᠬᠦᠦ ᠶ᠋ᠢ ᠡᠳᠦᠷ ᠰᠥᠨᠢ ᠦᠭᠡᠢ ᠪᠦᠬᠡᠴᠡᠯᠡᠨ ᠬᠠᠷᠠᠵᠤ ᠰᠠᠭᠤᠬᠤ ᠳ᠋ᠠᠭᠠᠨ ᠶᠡᠬᠡ ᠯᠡ ᠠᠶᠤᠭᠰᠠᠨ ᠪᠣᠯᠪᠠᠴᠤ ᠥᠯᠥᠰᠬᠦ ᠶ᠋ᠢᠨ ᠡᠷᠭᠢᠨ ᠳ᠋ᠦ᠍ ᠡᠵᠢ ᠶ᠋ᠢᠨ ᠢ᠋ᠶ᠋ᠡᠨ ᠦᠭᠭᠦᠭᠰᠡᠨ ᠠᠭᠠᠷᠤᠤᠯ ᠢ᠋ ᠭᠠᠷᠭᠠᠨ ᠢᠳᠡᠵᠡᠢ ᠭᠡᠨ᠎ᠡ᠃
ᠲᠡᠭᠡᠲᠡᠯ᠎ᠡ ᠬᠠᠭᠠᠨ ᠤ᠋ ᠬᠦᠦ ᠪᠠᠬᠠᠷᠬᠠᠨ ᠬᠠᠷᠠᠵᠤ ᠪᠠᠢᠭᠠᠳ᠄《 ᠴᠢ ᠶᠠᠭᠤ ᠢᠳᠡᠭᠡ ᠪᠣᠢ? ᠨᠠᠳᠠᠳᠤ ᠦᠭᠭᠦᠭᠡᠴᠢ》 ᠭᠡᠬᠦ ᠳ᠋ᠦ᠍᠂ ᠥᠬᠢᠨ ᠠᠭᠠᠷᠤᠤᠯ ᠠ᠋ᠴᠠ ᠪᠠᠨ ᠥᠭᠴᠡᠢ᠃ ᠬᠦᠦ ᠠᠭᠠᠷᠤᠤᠯ ᠤ᠋ᠨ ᠠᠮᠲᠠ ᠶ᠋ᠢ ᠦᠵᠡᠭᠡᠳ᠄《ᠡᠢᠮᠦ ᠰᠠᠢᠬᠠᠨ ᠠᠮᠲᠠᠲᠠᠢ ᠶᠠᠭᠤᠮ᠎ᠠ ᠬᠠᠮᠢᠭ᠎ᠠ ᠪᠠᠢᠨ᠎ᠠ ᠪᠣᠢ? ᠨᠠᠳᠠᠳᠤ ᠣᠯᠵᠤ ᠥᠭᠭᠦᠭᠡᠴᠢ》 ᠭᠡᠬᠦ ᠳ᠋ᠦ᠍᠂《ᠮᠢᠨᠦ ᠡᠵᠢ ᠬᠢᠳᠡᠭ ᠶᠤᠮ》 ᠭᠡᠪᠡ᠃《ᠴᠢ ᠣᠯᠵᠤ ᠠᠪᠴᠢᠷᠠ! ᠬᠠᠷᠢᠨ ᠨᠠᠮᠠᠶ᠋ᠢ ᠪᠢᠲᠡᠭᠡᠢ ᠬᠥᠮᠦᠨ ᠳ᠋ᠦ᠍ ᠬᠡᠯᠡᠭᠡᠷᠡᠢ! ᠠᠷᠭ᠎ᠠ ᠦᠭᠡᠢᠳᠡᠪᠡᠯ ᠲᠠᠷᠪᠠᠭ᠎ᠠ ᠶ᠋ᠢᠨ ᠨᠦᠬᠡᠨ ᠳ᠋ᠦ᠍ ᠪᠠᠷᠬᠢᠷᠠᠭᠠᠷᠠᠢ!》 ᠭᠡᠵᠡᠢ᠃
ᠥᠬᠢᠨ ᠭᠡᠷ ᠲᠡᠭᠡᠨ ᠬᠠᠷᠠᠵᠠᠢ᠃ ᠨᠤᠲᠤᠭ ᠤ᠋ᠨ ᠠᠷᠠᠳ ᠢᠷᠭᠡᠳ ᠥᠬᠢᠨ ᠦ᠌ ᠡᠷᠭᠢᠨ ᠢᠷᠡᠭᠰᠡᠨ ᠢ᠋ ᠭᠠᠢᠬᠠᠵᠤ᠂ ᠲᠡᠭᠦᠨ ᠡᠴᠡ ᠡᠯᠳᠡᠪ ᠢ᠋ ᠰᠢᠯᠭᠠᠭᠰᠠᠨ ᠪᠣᠯᠪᠠᠴᠤ ᠶᠠᠭᠤ ᠴᠤ᠌ ᠣᠯᠵᠤ ᠲᠤᠭᠤᠯᠤᠭᠰᠠᠨ ᠦᠭᠡᠢ᠃ ᠭᠡᠲᠡᠯ᠎ᠡ ᠥᠬᠢᠨ ᠲᠡᠰᠬᠡᠯ ᠦᠭᠡᠢ ᠲᠣᠮᠣᠭ᠎ᠠ ᠦᠭᠡᠢᠳᠡᠵᠦ ᠬᠡᠭᠡᠷ᠎ᠡ ᠭᠠᠷᠤᠭᠠᠳ ᠲᠠᠷᠪᠠᠭ᠎ᠠ ᠶ᠋ᠢᠨ ᠨᠦᠬᠡᠨ ᠳ᠋ᠦ᠍᠄《ᠬᠠᠭᠠᠨ ᠤ᠋ ᠬᠦᠦ ᠶᠡᠬᠡ ᠮᠠᠭᠤᠬᠠᠢ ᠦᠬᠡᠷ ᠰᠢᠭ᠌ ᠡᠪᠡᠷ ᠲᠡᠢ ᠵᠡᠷᠯᠢᠭ ᠭᠠᠬᠠᠢ ᠰᠢᠭ᠋ ᠰᠣᠶᠣᠭ᠎ᠠ ᠲᠠᠢ ᠰᠢᠦ᠁》 ᠭᠡᠵᠦ ᠬᠠᠰᠬᠢᠷᠬᠤ ᠳ᠋ᠤ᠌᠂ ᠵᠠᠮ ᠢ᠋ᠶ᠋ᠠᠷ ᠶᠠᠪᠤᠭᠰᠠᠨ ᠬᠥᠮᠦᠰ ᠰᠣᠨᠣᠰᠴᠠᠢ᠃ ᠲᠡᠭᠦᠨ ᠡᠴᠡ ᠬᠣᠢᠰᠢ ᠬᠠᠭᠠᠨ ᠤ᠋ ᠠᠯᠪᠠᠲᠤ ᠨᠠᠷ ᠬᠡᠦᠬᠡᠳ ᠢ᠋ᠶ᠋ᠡᠨ ᠶᠠᠪᠤᠭᠤᠯᠵᠤ᠂ ᠬᠠᠭᠠᠨ ᠤ᠋ ᠬᠦᠦ ᠶ᠋ᠢ ᠬᠠᠷᠠᠵᠤ ᠠᠰᠠᠷᠠᠭᠤᠯᠬᠤ ᠶ᠋ᠢ ᠪᠣᠯᠢᠵᠠᠢ᠃ ᠬᠠᠭᠠᠨ ᠠᠭᠤᠷᠯᠠᠵᠤ ᠲᠡᠷᠡ ᠦᠭᠡ ᠶ᠋ᠢ ᠬᠡᠨ ᠬᠡᠯᠡᠭᠰᠡᠨ ᠢ᠋ ᠮᠤᠰᠬᠢᠬᠤ ᠳ᠋ᠤ᠌᠂ ᠲᠠᠯ᠎ᠠ ᠶ᠋ᠢᠨ ᠲᠠᠷᠪᠠᠭ᠎ᠠ ᠬᠡᠯᠡᠵᠦ ᠪᠠᠢᠵᠤ ᠲᠠᠭᠠᠷᠠᠵᠠᠢ᠃
ᠬᠠᠭᠠᠨ ᠲᠠᠷᠪᠠᠭ᠎ᠠ ᠶ᠋ᠢ ᠠᠮᠢᠳᠤ ᠪᠠᠷ ᠨᠢ ᠠᠪᠴᠢᠷᠠᠭᠠᠳ᠂ ᠲᠠᠪᠤᠨ ᠬᠤᠷᠤᠭᠤᠨ ᠤ᠋ ᠬᠢᠨᠢ ᠨᠢᠭᠡ ᠶ᠋ᠢ ᠲᠠᠰᠤ ᠴᠠᠪᠴᠢᠵᠠᠢ᠃ ᠲᠡᠭᠦᠨ ᠡᠴᠡ ᠬᠣᠢᠰᠢ ᠲᠠᠷᠪᠠᠭ᠎ᠠ ᠳᠥᠷᠪᠡᠨ ᠬᠤᠷᠤᠭᠤ ᠲᠠᠢ ᠪᠣᠯᠤᠭᠰᠠᠨ ᠭᠡᠳᠡᠭ ᠶᠤᠮ᠃
ᠦᠰᠦᠭ ᠬᠠᠳᠠᠭᠴᠢ᠄ ᠠᠯᠲᠠᠨᠴᠢᠮᠡᠭ
ᠦᠰᠦᠭ ᠠᠮᠢᠯᠠᠭᠤᠯᠤᠭᠴᠢ᠄ ᠠᠯᠲᠠᠨᠴᠢᠮᠡᠭ
ᠬᠢᠨᠠᠭᠴᠢ᠄ ᠭᠦᠩᠭᠠᠷ
