ᠠᠪᠤᠷᠠᠯ ᠶᠡᠬᠡᠲᠦ ᠠᠷᠢᠭᠤᠨ ᠭᠧᠮᠫᠢ-ᠳᠥᠷᠪᠡᠳ ᠡᠷᠳᠡᠨᠢᠪᠠᠶᠠᠷ Аврал ихт аригун гемпи-Дөрвөд Эрдэнэбаяр ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠪᠤᠷᠠᠯ ᠶᠡᠬᠡᠲᠦ ᠠᠷᠢᠭᠤᠨ ᠭᠧᠮᠫᠢ-ᠳᠥᠷᠪᠡᠳ ᠡᠷᠳᠡᠨᠢᠪᠠᠶᠠᠷ Аврал ихт аригун гемпи-Дөрвөд Эрдэнэбаяр

ᠠᠪᠤᠷᠠᠯ ᠶᠡᠬᠡᠲᠦ ᠠᠷᠢᠭᠤᠨ ᠭᠧᠮᠫᠢ-ᠳᠥᠷᠪᠡᠳ ᠡᠷᠳᠡᠨᠢᠪᠠᠶᠠᠷ Аврал ихт аригун гемпи-Дөрвөд Эрдэнэбаяр

2025-07-20

406

ᠠᠪᠤᠷᠠᠯ ᠶᠡᠬᠡᠲᠦ ᠠᠷᠢᠭᠤᠨ ᠭᠧᠮᠫᠢ

   ᠳᠥᠷᠪᠡᠳ ᠡᠷᠳᠡᠨᠢᠪᠠᠶᠠᠷ   

ᠬᠥᠬᠡ ᠲᠡᠭᠷᠢ ᠶ᠋ᠢᠨ ᠳᠣᠣᠷ᠎ᠠ ᠨᠣᠮ ᠤ᠋ᠨ ᠭᠡᠷᠡᠯ ᠲᠠᠲᠠᠭᠠᠳ  
ᠬᠥᠬᠡ ᠬᠠᠳᠠᠨ ᠤ᠋ ᠳᠡᠷᠭᠡᠳᠡ ᠨᠣᠮ ᠤ᠋ᠨ ᠭᠡᠷᠡᠯ ᠲᠠᠲᠠᠭᠠᠳ  
ᠬᠥᠬᠡ ᠰᠢᠭᠤᠢ ᠶ᠋ᠢᠨ ᠳᠤᠮᠳᠠ ᠨᠣᠮ ᠤ᠋ᠨ ᠭᠡᠷᠡᠯ ᠲᠠᠲᠠᠭᠠᠳ  
ᠬᠥᠬᠡ ᠠᠭᠤᠯᠠᠰ ᠤ᠋ᠨ ᠣᠷᠣᠨ ᠭᠧᠮᠫᠢ ᠭᠡᠷᠡᠯ ᠲᠠᠲᠠᠭᠠᠳ  

ᠰᠢᠷ᠎ᠠ ᠭᠡᠷᠡᠯ ᠪᠠᠷᠢᠨᠲᠠᠭ ᠢ᠋ᠶ᠋ᠠᠨ ᠨᠡᠪᠲᠡᠯᠦᠨ ᠰᠠᠴᠤᠷᠠᠭᠠᠳ  
ᠰᠢᠷ᠎ᠠ ᠭᠡᠷᠡᠯ ᠰᠦᠮ᠎ᠡ ᠪᠡᠨ ᠨᠡᠪᠲᠡᠯᠦᠨ ᠰᠠᠴᠤᠷᠠᠭᠠᠳ  
ᠰᠢᠷ᠎ᠠ ᠭᠡᠷᠡᠯ ᠬᠢᠵᠠᠭᠠᠷ ᠢ᠋ ᠨᠡᠪᠲᠡᠯᠦᠨ ᠰᠠᠴᠤᠷᠠᠭᠠᠳ  
ᠰᠢᠷ᠎ᠠ ᠭᠡᠷᠡᠯ ᠬᠣᠷᠸ᠎ᠠ ᠶ᠋ᠢ ᠨᠡᠪᠲᠡᠯᠦᠨ ᠰᠠᠴᠤᠷᠠᠭᠠᠳ  

ᠴᠠᠭᠠᠨ ᠯᠠᠪᠠᠢ ᠶ᠋ᠢᠨ ᠡᠭᠡᠰᠢᠭ ᠬᠠᠳᠠᠨ ᠳ᠋ᠤ᠌ ᠰᠢᠩᠭᠡᠭᠡᠳ  
ᠴᠠᠭᠠᠨ ᠰᠦᠨ ᠦ᠌ ᠡᠷᠭᠦᠯ ᠡᠭᠦᠯᠡᠨ ᠳ᠋ᠦ᠍ ᠰᠢᠩᠭᠡᠭᠡᠳ  
ᠴᠠᠭᠠᠨ ᠰᠡᠳᠬᠢᠯ ᠦ᠋ᠨ ᠦᠷ᠎ᠡ ᠳᠡᠯᠡᠬᠡᠢ ᠳ᠋ᠦ᠍ ᠲᠦᠭᠡᠭᠡᠳ  
ᠴᠠᠭᠠᠨ ᠪᠤᠶᠠᠨ ᠤ᠋ ᠦᠷ᠎ᠡ ᠣᠷᠴᠢᠯᠠᠩ ᠳ᠋ᠤ᠌ ᠳᠡᠯᠭᠡᠷᠡᠭᠡᠳ  ᠨ

ᠣᠭᠣᠭᠠᠨ ᠣᠢ ᠳᠣᠲᠣᠷ᠎ᠠ ᠴᠠᠭᠠᠨ ᠰᠤᠪᠤᠷᠭ᠎ᠠ ᠬᠡᠷᠡᠯᠳᠦᠭᠡᠳ  
ᠨᠣᠭᠣᠭᠠᠨ ᠳᠠᠷ᠎ᠠ ᠡᠬᠡ ᠴᠠᠭᠠᠨ ᠠᠪᠤᠷᠠᠯ ᠠᠢᠯᠠᠳᠤᠭᠠᠳ  
ᠨᠣᠭᠣᠭᠠᠨ ᠲᠣᠭᠣᠰ ᠰᠢᠪᠠᠭᠤ ᠴᠠᠭ ᠤ᠋ᠨ ᠰᠠᠶᠢᠨ ᠢ᠋ ᠳᠠᠭᠤᠳᠠᠭᠠᠳ  
ᠨᠣᠭᠣᠭᠠᠨ ᠡᠪᠡᠰᠦᠨ ᠡᠮ ᠨᠢ ᠴᠠᠭ ᠤ᠋ᠨ ᠬᠣᠣᠷ ᠢ᠋ ᠲᠠᠢᠯᠤᠭᠠᠳ  

ᠤᠯᠠᠭᠠᠨ ᠣᠷᠬᠢᠮᠵᠢ ᠠ᠋ᠴᠠ ᠳᠤᠯᠠᠭᠠᠨ ᠠᠰᠠᠷᠠᠯ ᠢᠪᠢᠯᠦᠭᠡᠳ  
ᠤᠯᠠᠭᠠᠨ ᠭᠣᠣᠯ ᠠ᠋ᠴᠠ ᠰᠠᠶᠢᠬᠠᠨ ᠰᠡᠳᠬᠢᠯ ᠥᠨᠳᠡᠯᠵᠡᠭᠡᠳ  
ᠤᠯᠠᠭᠠᠨ ᠵᠢᠷᠦᠬᠡ ᠠᠮᠢᠲᠠᠨ ᠤ᠋ ᠲᠥᠯᠥᠭᠡ ᠴᠣᠬᠢᠯᠠᠭᠠᠳ  
ᠤᠯᠠᠭᠠᠨ ᠲᠣᠭᠣᠰᠣᠨ ᠳ᠋ᠤ᠌ ᠰᠠᠶᠢᠨ ᠦᠢᠯᠡ ᠳᠡᠯᠭᠡᠷᠡᠭᠡᠳ  

ᠤᠨᠲᠠᠷᠠᠰᠢ ᠦᠭᠡᠢ ᠮᠥᠩᠬᠡ ᠶ᠋ᠢᠨ ᠵᠤᠯᠠ ᠭᠧᠮᠫᠢ ᠶ᠋ᠢᠨ ᠰᠦᠮ᠎ᠡ ᠡᠴᠡ ᠮᠠᠨᠳᠤᠭᠠᠳ  
ᠤᠨᠠᠰᠢ ᠦᠭᠡᠢ ᠮᠥᠩᠬᠡ ᠶ᠋ᠢᠨ ᠰᠦᠵᠢᠭ ᠭᠧᠮᠫᠢ ᠶ᠋ᠢᠨ ᠰᠦᠮ᠎ᠡ ᠡᠴᠡ ᠲᠥᠷᠥᠭᠡᠳ  
ᠴᠥᠬᠥᠷᠡᠰᠢ ᠦᠭᠡᠢ ᠮᠥᠩᠬᠡ ᠶ᠋ᠢᠨ ᠢᠲᠡᠭᠡᠯ ᠭᠧᠮᠫᠢ ᠶ᠋ᠢᠨ ᠰᠦᠮ᠎ᠡ ᠡᠴᠡ ᠣᠷᠭᠣᠭᠠᠳ  
ᠴᠤᠴᠠᠰᠢ ᠦᠭᠡᠢ ᠮᠥᠩᠬᠡ ᠶ᠋ᠢᠨ ᠠᠪᠤᠷᠠᠯ ᠭᠧᠮᠫᠢ ᠶ᠋ᠢᠨ ᠰᠦᠮ᠎ᠡ ᠡᠴᠡ ᠤᠨᠳᠤᠷᠤᠭᠠᠳ  

ᠰᠠᠢᠨ ᠰᠡᠳᠬᠢᠯ ᠣᠷᠣᠰᠢᠵᠤ ᠯᠠ ᠪᠠᠢᠪᠠᠯ ᠪᠤᠷᠬᠠᠨ ᠨᠣᠮ ᠮᠥᠩᠬᠡ  
ᠰᠠᠢᠨ ᠢᠲᠡᠭᠡᠯ ᠣᠷᠣᠰᠢᠵᠤ ᠯᠠ ᠪᠠᠢᠪᠠᠯ ᠪᠠᠭᠰᠢ ᠳᠡᠭᠡᠳᠦᠰ ᠮᠥᠩᠬᠡ  
ᠰᠠᠢᠨ ᠦᠢᠯᠡ ᠣᠷᠣᠰᠢᠵᠤ ᠯᠠ ᠪᠠᠢᠪᠠᠯ ᠰᠠᠢᠨ ᠨᠡᠢᠭᠡᠮ ᠮᠥᠩᠬᠡ  
ᠰᠠᠢᠨ ᠴᠠᠭ ᠣᠷᠣᠰᠢᠵᠤ ᠯᠠ ᠪᠠᠢᠪᠠᠯ ᠰᠠᠢᠨ ᠳᠡᠯᠡᠬᠡᠢ ᠮᠥᠩᠬᠡ  

ᠨᠣᠮ ᠢ᠋ ᠳᠥᠭᠥᠮ ᠲᠤᠩᠭᠠᠪᠠᠰᠤ ᠰᠡᠳᠬᠢᠯ ᠲᠡᠷᠡ ᠳᠠᠷᠤᠤ ᠣᠮᠣᠷᠬᠠᠭ  
ᠨᠣᠮ ᠢ᠋ ᠳᠥᠭᠥᠮ ᠲᠤᠩᠭᠠᠪᠠᠰᠤ ᠰᠡᠳᠬᠢᠯ ᠲᠡᠷᠡ ᠥᠭᠯᠢᠭᠡᠴᠢ ᠬᠣᠪᠳᠣᠭ  
ᠨᠣᠮ ᠢ᠋ ᠳᠥᠭᠥᠮ ᠲᠤᠩᠭᠠᠪᠠᠰᠤ ᠰᠡᠳᠬᠢᠯ ᠲᠡᠷᠡ ᠨᠣᠮᠣᠬᠠᠨ ᠲᠣᠭᠰᠢᠨ  
ᠨᠣᠮ ᠢ᠋ ᠳᠥᠭᠥᠮ ᠲᠤᠩᠭᠠᠪᠠᠰᠤ ᠰᠡᠳᠬᠢᠯ ᠲᠡᠷᠡ ᠮᠡᠷᠭᠡᠨ ᠮᠤᠩᠬᠠᠭ  

ᠰᠤᠳᠤᠷ ᠤ᠋ᠨ ᠠᠯᠲᠠᠨ ᠬᠠᠭᠤᠳᠠᠰᠤᠨ ᠠ᠋ᠴᠠ ᠣᠶᠤᠨ ᠪᠢᠯᠢᠭ ᠬᠡᠷᠡᠯᠳᠦᠭᠡᠳ  
ᠰᠣᠯᠣᠩᠭᠠᠨ ᠰᠠᠶᠢᠬᠠᠨ ᠲᠤᠶᠠᠭ᠎ᠠ ᠨᠢ ᠨᠠᠪᠴᠢ ᠪᠦᠬᠦᠨ ᠳ᠋ᠦ᠍ ᠲᠣᠰᠤᠭᠠᠳ  
ᠨᠠᠪᠴᠢ ᠪᠦᠬᠦᠨ ᠦ᠌ ᠲᠠᠯᠪᠢᠨ ᠳ᠋ᠤ᠌ ᠪᠤᠷᠬᠠᠨ ᠤ᠋ ᠬᠥᠷᠥᠭ ᠲᠣᠳᠣᠷᠠᠭᠠᠳ  
ᠨᠠᠪᠴᠢ ᠪᠦᠬᠦᠨ ᠦ᠌ ᠪᠤᠷᠬᠠᠳ ᠨᠡᠢᠭᠡᠮ ᠢ᠋ ᠪᠦᠬᠦᠨ ᠢ᠋ᠶ᠋ᠡᠷ ᠠᠪᠤᠷᠠᠭᠠᠳ  

ᠶᠢᠰᠦᠨ ᠡᠷᠳᠡᠨᠢ ᠪᠡᠷ ᠦᠨᠡᠯᠡᠰᠢ ᠦᠭᠡᠢ ᠨᠣᠮ ᠤ᠋ᠨ ᠣᠷᠣᠨ ᠭᠧᠮᠫᠢ  
ᠶᠢᠰᠦᠨ ᠭᠠᠯᠪᠠ ᠪᠠᠷ ᠳᠠᠭᠤᠰᠤᠰᠢ ᠦᠭᠡᠢ ᠪᠤᠷᠬᠠᠨ ᠤ᠋ ᠣᠷᠣᠨ ᠭᠧᠮᠫᠢ  
ᠶᠢᠰᠦᠨ ᠲᠥᠷᠥᠯ ᠢ᠋ᠶ᠋ᠡᠷ ᠳᠤᠮᠳᠠᠷᠠᠰᠢ ᠦᠭᠡᠢ ᠰᠢᠳᠢ ᠶ᠋ᠢᠨ ᠣᠷᠣᠨ ᠭᠧᠮᠫᠢ  
ᠶᠢᠰᠦᠨ ᠪᠤᠶᠠᠨ ᠢ᠋ᠶ᠋ᠠᠷ ᠲᠠᠲᠠᠷᠠᠰᠢ ᠦᠭᠡᠢ ᠠᠪᠤᠷᠠᠯ ᠤ᠋ᠨ ᠣᠷᠣᠨ ᠭᠧᠮᠫᠢ ᠃

 ᠦᠰᠦᠭ ᠠᠮᠢᠯᠠᠭᠤᠯᠤᠭᠴᠢ ᠄ ᠤᠷᠢᠶᠠᠩᠬᠠᠢ ᠨᠠᠷᠠᠨᠮᠠᠨᠳᠠ