ᠶᠦᠩᠷᠦᠩᠬᠤᠸᠠᠷ-ᠤᠢᠭᠤᠷᠵᠢᠨ ᠰᠡᠴᠡᠨᠲᠤᠶᠠᠭ᠎ᠠ Юнронхувр-Уйгуржин Сэцэнтуяа ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠦᠩᠷᠦᠩᠬᠤᠸᠠᠷ-ᠤᠢᠭᠤᠷᠵᠢᠨ ᠰᠡᠴᠡᠨᠲᠤᠶᠠᠭ᠎ᠠ Юнронхувр-Уйгуржин Сэцэнтуяа

ᠶᠦᠩᠷᠦᠩᠬᠤᠸᠠᠷ-ᠤᠢᠭᠤᠷᠵᠢᠨ ᠰᠡᠴᠡᠨᠲᠤᠶᠠᠭ᠎ᠠ Юнронхувр-Уйгуржин Сэцэнтуяа

2025-07-19

1370

ᠶᠦᠩᠷᠦᠩᠬᠤᠸᠠᠷ

   ᠣᠷᠳᠣᠰ ᠠᠷᠠᠳ ᠤ᠋ᠨ ᠳᠠᠭᠤᠤ 
    ᠬᠥᠭᠵᠢᠮ᠄ ᠤᠷᠠᠳ ᠬᠥᠭᠵᠢᠯᠲᠦ 
    ᠤᠢᠭᠤᠷᠵᠢᠨ ᠰᠡᠴᠡᠨᠲᠤᠶᠠᠭ᠎ᠠ ᠳᠠᠭᠤᠯᠠᠨ᠎ᠠ 

ᠪᠠᠷᠠᠭᠤᠨ ᠭᠣᠣᠯ ᠤ᠋ᠨ ᠪᠤᠷᠭᠠᠰᠤᠨ ᠤ᠋ ᠬᠢᠨᠢ ᠱᠤᠤᠭᠢᠶᠠᠨ 
ᠶᠠᠭᠠᠬᠢᠬᠤ ᠶᠤᠮ ᠳ᠋ᠣᠣ᠂ ᠠᠢ ᠳ᠋ᠣᠣ ᠶᠦᠩᠷᠦᠩᠬᠤᠸᠠᠷ 
ᠪᠠᠭ᠎ᠠ ᠠ᠋ᠴᠠ ᠪᠠᠨ ᠬᠠᠨᠢᠯᠠᠭᠰᠠᠨ ᠶᠦᠩᠷᠦᠩᠬᠤᠸᠠᠷ ᠨᠢ 
ᠪᠣᠳᠣᠭᠳᠠᠭᠠᠳ ᠯᠠ ᠪᠠᠢᠬᠤ ᠶᠤᠮ ᠳ᠋ᠣᠣ᠃

ᠤᠷᠢᠳᠤ ᠭᠣᠣᠯ ᠤ᠋ᠨ ᠪᠤᠷᠭᠠᠰᠤᠨ ᠤ᠋ ᠬᠢᠨᠢ ᠱᠤᠤᠭᠢᠶᠠᠨ 
ᠶᠠᠭᠠᠬᠢᠬᠤ ᠶᠤᠮ ᠳ᠋ᠣᠣ ᠠᠢ ᠬᠦ ᠶᠦᠩᠷᠦᠩᠬᠤᠸᠠᠷ 
ᠤᠶᠠᠬᠠᠨ ᠪᠠᠭ᠎ᠠ ᠶ᠋ᠢᠨ ᠶᠦᠩᠷᠦᠩᠬᠤᠸᠠᠷ ᠨᠢ
ᠪᠣᠳᠣᠭᠳᠠᠭᠠᠳ ᠯᠠ ᠪᠠᠢᠬᠤ ᠶᠤᠮ ᠳ᠋ᠣᠣ᠃

ᠬᠣᠢᠲᠤ ᠭᠣᠣᠯ ᠤ᠋ᠨ ᠪᠤᠷᠭᠠᠰᠤᠨ ᠤ᠋ ᠬᠢᠨᠢ ᠱᠤᠤᠭᠢᠶᠠᠨ
ᠶᠠᠭᠠᠬᠢᠬᠤ ᠶᠤᠮ ᠳ᠋ᠣᠣ ᠠᠢ ᠳ᠋ᠣᠣ ᠶᠦᠩᠷᠦᠩᠬᠤᠸᠠᠷ
ᠬᠣᠩᠭᠣᠷ ᠪᠠᠭ᠎ᠠ ᠶ᠋ᠢᠨ ᠮᠢᠨᠢ ᠶᠦᠩᠷᠦᠩᠬᠤᠸᠠᠷ ᠨᠢ
ᠪᠣᠳᠣᠭᠳᠠᠭᠠᠳ ᠯᠠ ᠪᠠᠢᠬᠤ ᠶᠤᠮ ᠳ᠋ᠣᠣ

ᠠᠢ ᠳ᠋ᠣᠣ ᠶᠦᠩᠷᠦᠩᠬᠤᠸᠠᠷ ᠨᠢ
ᠬᠣᠩᠭᠣᠷ ᠪᠠᠭ᠎ᠠ ᠶ᠋ᠢᠨ ᠮᠢᠨᠢ ᠶᠦᠩᠷᠦᠩᠬᠤᠸᠠᠷ ᠨᠢ
ᠪᠣᠳᠣᠭᠳᠠᠭᠠᠳ ᠯᠠ ᠪᠠᠢᠬᠤ ᠶᠤᠮ ᠳ᠋ᠣᠣ᠃

ᠵᠡᠭᠦᠨ ᠴᠢ ᠭᠣᠣᠯ ᠤ᠋ᠨ ᠪᠤᠷᠭᠠᠰᠤᠨ ᠤ᠋ ᠬᠢᠨᠢ ᠱᠤᠤᠭᠢᠶᠠᠨ
ᠶᠠᠭᠠᠬᠢᠬᠤ ᠶᠤᠮ ᠳ᠋ᠣᠣ ᠠᠢ ᠬᠦ ᠶᠦᠩᠷᠦᠩᠬᠤᠸᠠᠷ
ᠵᠢᠷᠦᠬᠡᠨ ᠦ᠌ ᠠᠮᠠᠷᠠᠭ ᠶᠦᠩᠷᠦᠩᠬᠤᠸᠠᠷ ᠨᠢ
ᠪᠣᠳᠣᠭᠳᠠᠭᠠᠳ ᠯᠠ ᠪᠠᠢᠬᠤ ᠶᠤᠮ ᠳ᠋ᠣᠣ

ᠠᠢ ᠬᠦ ᠶᠦᠩᠷᠦᠩᠬᠤᠸᠠᠷ
ᠵᠢᠷᠦᠬᠡᠨ ᠦ᠌ ᠠᠮᠠᠷᠠᠭ ᠶᠦᠩᠷᠦᠩᠬᠤᠸᠠᠷ ᠨᠢ
ᠪᠣᠳᠣᠭᠳᠠᠭᠠᠳ ᠯᠠ ᠪᠠᠢᠬᠤ ᠶᠤᠮ ᠳ᠋ᠣᠣ
ᠪᠣᠳᠣᠭᠳᠠᠭᠠᠳ ᠯᠠ ᠪᠠᠢᠬᠤ ᠶᠤᠮ ᠳ᠋ᠣᠣ

  ᠦᠰᠦᠭ ᠬᠠᠲᠠᠵᠤ᠂ ᠠᠮᠢᠯᠠᠭᠤᠯᠤᠭᠰᠠᠨ᠄ ᠠᠯᠲᠠᠨᠴᠢᠮᠡᠭ
  ᠬᠢᠨᠠᠭᠴᠢ᠄ ᠤᠤᠭᠠᠨᠵᠢᠳ