ᠲᠠᠩᠰᠤᠭ ᠢᠪᠡᠭᠡᠯᠲᠦ ᠲᠠᠪᠢᠨ ᠰᠦᠮ᠎ᠡ-ᠳᠥᠷᠪᠡᠳ ᠡᠷᠳᠡᠨᠢᠪᠠᠶᠠᠷ Тансаг ивээлт тавин сүм-Дөрвөд Эрдэнэбаяр ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠩᠰᠤᠭ ᠢᠪᠡᠭᠡᠯᠲᠦ ᠲᠠᠪᠢᠨ ᠰᠦᠮ᠎ᠡ-ᠳᠥᠷᠪᠡᠳ ᠡᠷᠳᠡᠨᠢᠪᠠᠶᠠᠷ Тансаг ивээлт тавин сүм-Дөрвөд Эрдэнэбаяр

ᠲᠠᠩᠰᠤᠭ ᠢᠪᠡᠭᠡᠯᠲᠦ ᠲᠠᠪᠢᠨ ᠰᠦᠮ᠎ᠡ-ᠳᠥᠷᠪᠡᠳ ᠡᠷᠳᠡᠨᠢᠪᠠᠶᠠᠷ Тансаг ивээлт тавин сүм-Дөрвөд Эрдэнэбаяр

2025-07-19

425

ᠲᠠᠩᠰᠤᠭ ᠢᠪᠡᠭᠡᠯᠲᠦ ᠲᠠᠪᠢᠨ ᠰᠦᠮ᠎ᠡ

    ᠳᠥᠷᠪᠡᠳ ᠡᠷᠳᠡᠨᠢᠪᠠᠶᠠᠷ 
  
ᠠᠯᠲᠠᠨ ᠬᠠᠳᠠᠭ ᠮᠡᠲᠦ ᠠᠯᠲᠠᠢ ᠶ᠋ᠢᠨ ᠮᠠᠩᠬ᠎ᠠ ᠢᠷᠦᠭᠡᠯ ᠶᠡᠬᠡ  
ᠠᠯᠲᠠᠨ ᠭᠡᠷᠡᠯ ᠮᠡᠲᠦ  ᠰᠠᠢᠨ ᠬᠠᠭ ᠥᠷᠲᠡᠭᠡ ᠢᠪᠡᠭᠡᠯ ᠶᠡᠬᠡ  
ᠠᠯᠲᠠᠨ ᠡᠯᠡᠰᠦᠨ ᠦ᠌ ᠰᠢᠷᠭᠠᠯ ᠲᠤᠶᠠᠭ᠎ᠠ ᠰᠤᠳᠤᠷ ᠤ᠋ᠨ ᠭᠡᠷᠡᠯ  
ᠠᠯᠲᠠᠨ ᠡᠯᠡᠰᠦᠨ ᠦ᠌ ᠰᠢᠷᠭᠠᠯ ᠲᠤᠶᠠᠭ᠎ᠠ ᠮᠣᠳᠣᠷ ᠤ᠋ᠨ ᠭᠡᠷᠡᠯ  

ᠰᠣᠯᠢᠮᠠᠯ ᠸᠴᠢᠷ ᠮᠡᠲᠦ ᠪᠠᠲᠤ ᠠᠮᠤᠭᠤᠯᠠᠩ ᠲᠠᠪᠢᠨ ᠰᠦᠮ᠎ᠡ  
ᠰᠤᠪᠤᠳ ᠡᠷᠳᠡᠨᠢ ᠮᠡᠲᠦ ᠡᠩᠬᠡ ᠠᠮᠤᠭᠤᠯᠠᠩ ᠲᠠᠪᠤᠨ ᠣᠪᠣᠭ᠎ᠠ  
ᠰᠣᠨᠣᠷ ᠤ᠋ᠨ ᠴᠢᠮᠡᠭ  ᠥᠯᠵᠡᠢᠲᠦ ᠨᠣᠮ ᠪᠤᠷᠬᠠᠨ ᠤ᠋ ᠠᠪᠤᠷᠠᠯ  
ᠰᠣᠨᠣᠷ ᠤ᠋ᠨ ᠴᠢᠮᠡᠭ ᠪᠡᠯᠭᠡᠲᠦ ᠢᠷᠦᠭᠡᠯ ᠪᠤᠷᠬᠠᠨ ᠤ᠋ ᠡᠨᠡᠷᠢᠯ  

ᠵᠥᠪ ᠰᠡᠳᠬᠢᠯ ᠢ᠋ᠶ᠋ᠡᠷ ᠠᠪᠤᠷᠠᠯ ᠣᠲᠣᠭᠤᠯᠬᠤ ᠳ᠋ᠤ᠌ ᠪᠤᠷᠬᠠᠨ ᠢᠪᠡᠭᠡᠨ᠎ᠡ  
ᠵᠥᠪ ᠪᠡᠶ᠎ᠡ ᠪᠡᠷ ᠠᠪᠤᠷᠠᠯ ᠣᠲᠣᠭᠤᠯᠬᠤ ᠳ᠋ᠤ᠌ ᠪᠤᠷᠬᠠᠨ ᠢᠪᠡᠭᠡᠨ᠎ᠡ  
ᠵᠥᠪ ᠬᠡᠯᠡ ᠪᠡᠷ ᠠᠪᠤᠷᠠᠯ ᠣᠲᠣᠭᠤᠯᠬᠤ ᠳ᠋ᠤ᠌ ᠪᠤᠷᠬᠠᠨ ᠢᠪᠡᠭᠡᠨ᠎ᠡ  
ᠵᠥᠪ ᠦᠢᠯᠡ ᠪᠡᠷ ᠠᠪᠤᠷᠠᠯ ᠤᠲᠤᠭᠤᠯᠬᠤ ᠳ᠋ᠤ᠌ ᠪᠤᠷᠬᠠᠨ ᠢᠪᠡᠭᠡᠨ᠎ᠡ  

ᠲᠦᠮᠡᠨ ᠢ᠋ ᠢᠪᠡᠭᠡᠭᠴᠢ ᠲᠡᠭᠦᠰ ᠪᠠᠶᠠᠰᠬᠤᠯᠠᠩᠲᠤ ᠨᠣᠮ ᠤ᠋ᠨ ᠬᠦᠷᠳᠦᠲᠦ ᠰᠦᠮ᠎ᠡ  
ᠲᠦᠪᠡᠭ ᠢ᠋ ᠠᠷᠢᠯᠭᠠᠭᠴᠢ ᠲᠦᠷᠭᠡᠨ ᠪᠦᠲᠦᠭᠡᠭᠴᠢ ᠨᠣᠭᠣᠭᠠᠨ ᠳᠡᠷ᠎ᠡ ᠡᠬᠡ  
ᠲᠡᠦᠬᠡ ᠨᠢ ᠦᠨᠡᠨ ᠰᠢᠳᠢ ᠨᠢ ᠭᠠᠢᠬᠠᠯᠲᠠᠢ ᠠᠪᠤᠷᠠᠯᠲᠤ ᠵᠣᠣ ᠪᠤᠷᠬᠠᠨ  
ᠲᠥᠷᠥ ᠱᠠᠰᠢᠨ ᠢ᠋ ᠬᠡᠵᠢᠶᠡᠳᠡ ᠬᠠᠮᠠᠭᠠᠯᠠᠭᠴᠢ ᠠᠪᠤᠷᠠᠯᠲᠤ ᠭᠣᠮᠪᠣ ᠪᠤᠷᠬᠠᠨ  

ᠨᠣᠮ ᠤ᠋ᠨ ᠤᠳᠬ᠎ᠠ ᠰᠡᠳᠬᠢᠯ ᠳ᠋ᠦ᠍ ᠰᠢᠩᠭᠡᠪᠡᠯ ᠠᠪᠤᠷᠠᠯ ᠲᠡᠷᠡ ᠮᠥᠨ  
ᠨᠣᠮ ᠤ᠋ᠨ ᠤᠳᠬ᠎ᠠ ᠪᠡᠶ᠎ᠡ ᠳ᠋ᠦ᠍ ᠰᠢᠩᠭᠡᠪᠡᠯ ᠠᠪᠤᠷᠠᠯ ᠲᠡᠷᠡ ᠮᠥᠨ  
ᠨᠣᠮ ᠤ᠋ᠨ ᠤᠳᠬ᠎ᠠ ᠬᠡᠯᠡᠨ ᠳ᠋ᠦ᠍ ᠰᠢᠩᠭᠡᠪᠡᠯ ᠠᠪᠤᠷᠠᠯ ᠲᠡᠷᠡ ᠮᠥᠨ  
ᠨᠣᠮ ᠤ᠋ᠨ ᠤᠳᠬ᠎ᠠ ᠲᠦᠮᠡᠨ ᠳ᠋ᠦ᠍ ᠰᠢᠩᠭᠡᠪᠡᠯ ᠠᠪᠤᠷᠠᠯ ᠲᠡᠷᠡ ᠮᠥᠨ  

ᠲᠠᠩᠰᠤᠭ ᠡᠳ᠋ ᠢ᠋ ᠬᠠᠢᠷᠠᠯᠠᠨ ᠲᠦᠭᠡᠭᠡᠭᠴᠢ ᠨᠠᠮᠰᠠᠷᠠᠢ ᠪᠤᠷᠬᠠᠨ  
ᠲᠠᠩᠰᠤᠭ ᠡᠷᠳᠡᠨᠢ ᠶ᠋ᠢ ᠬᠠᠢᠷᠠᠯᠠᠨ ᠲᠦᠭᠡᠭᠡᠭᠴᠢ ᠨᠠᠮᠰᠠᠷᠠᠢ ᠪᠤᠷᠬᠠᠨ  
ᠲᠠᠩᠰᠤᠭ ᠪᠤᠶᠠᠨ ᠢ᠋ ᠬᠠᠢᠷᠠᠯᠠᠨ ᠲᠦᠭᠡᠭᠡᠭᠴᠢ ᠨᠠᠮᠰᠠᠷᠠᠢ ᠪᠤᠷᠬᠠᠨ  
ᠲᠠᠩᠰᠤᠭ ᠰᠡᠳᠬᠢᠯ ᠢ᠋ ᠬᠠᠢᠷᠠᠯᠠᠨ ᠲᠦᠭᠡᠭᠡᠭᠴᠢ ᠨᠠᠮᠰᠠᠷᠠᠢ ᠪᠤᠷᠬᠠᠨ  

ᠨᠣᠮ ᠤ᠋ᠨ ᠳᠠᠭᠤᠨ ᠰᠠᠩ ᠤᠭᠤᠭᠢᠨ ᠬᠡᠢᠮᠣᠷᠢ ᠰᠡᠷᠭᠦᠬᠦᠢ  
ᠨᠣᠮ ᠤ᠋ᠨ ᠳᠠᠭᠤᠨ ᠳ᠋ᠤ᠌ ᠴᠠᠩ ᠴᠠᠩᠭᠢᠨᠠᠨ ᠬᠡᠢᠮᠣᠷᠢ ᠰᠡᠷᠭᠦᠬᠦᠢ  
ᠨᠣᠮ ᠤ᠋ᠨ ᠳᠠᠭᠤᠨ ᠳ᠋ᠤ᠌ ᠵᠤᠯᠠ ᠭᠡᠷᠡᠯᠲᠦᠨ ᠬᠡᠢᠮᠣᠷᠢ ᠰᠡᠷᠭᠦᠬᠦᠢ  
ᠨᠣᠮ ᠤ᠋ᠨ ᠳᠠᠭᠤᠨ ᠳ᠋ᠤ᠌ ᠰᠡᠳᠬᠢᠯ ᠭᠡᠷᠡᠯᠲᠦᠨ ᠬᠡᠢᠮᠣᠷᠢ ᠰᠡᠷᠭᠦᠬᠦᠢ  

ᠨᠠᠰᠤᠨ ᠠᠶᠤᠰᠢ ᠶ᠋ᠢᠨ ᠴᠢᠯᠠᠭᠤᠨ ᠰᠤᠳᠤᠷ ᠮᠢᠩᠭᠠᠨ ᠨᠠᠰᠤ ᠬᠠᠢᠷᠠᠯᠠᠬᠤᠢ  
ᠨᠠᠰᠤᠨ ᠠᠶᠤᠰᠢ ᠶ᠋ᠢᠨ ᠴᠢᠯᠠᠭᠤᠨ ᠰᠤᠳᠤᠷ ᠮᠢᠩᠭᠠᠨ ᠢᠪᠡᠭᠡᠯ ᠬᠦᠷᠲᠡᠭᠡᠬᠦᠢ  
ᠨᠠᠰᠤᠨ ᠠᠶᠤᠰᠢ ᠶ᠋ᠢᠨ ᠴᠢᠯᠠᠭᠤᠨ ᠰᠤᠳᠤᠷ ᠮᠢᠩᠭᠠᠨ ᠥᠯᠵᠡᠢ ᠢᠪᠡᠭᠡᠬᠦᠢ  
ᠨᠠᠰᠤᠨ ᠠᠶᠤᠰᠢ ᠶ᠋ᠢᠨ ᠴᠢᠯᠠᠭᠤᠨ ᠰᠤᠳᠤᠷ ᠮᠢᠩᠭᠠᠨ ᠣᠨ ᠰᠦᠨᠳᠡᠷᠯᠡᠬᠦᠢ  

ᠮᠢᠨᠦ ᠭᠡᠰᠡᠨ ᠶᠠᠭᠤᠮ᠎ᠠ ᠣᠷᠴᠢᠯᠠᠩ ᠳ᠋ᠤ᠌ ᠶᠡᠷᠦ ᠪᠠᠢᠬᠤ ᠦᠭᠡᠢ  
ᠮᠢᠨᠦ ᠭᠡᠰᠡᠨ ᠣᠷᠴᠢᠯᠠᠩ ᠣᠷᠴᠢᠵᠤ ᠴᠥ᠍ ᠶᠡᠷᠦ ᠴᠢᠳᠠᠬᠤ ᠦᠭᠡᠢ  

ᠮᠢᠨᠦ ᠭᠡᠰᠡᠨ ᠰᠡᠳᠬᠢᠯ ᠮᠢᠨᠦ ᠯᠡ ᠰᠡᠳᠬᠢᠯ ᠦ᠋ᠨ ᠵᠣᠪᠠᠯᠠᠩ  
ᠮᠢᠨᠦ ᠭᠡᠰᠡᠨ ᠰᠡᠳᠬᠢᠯ ᠬᠡᠨ ᠦ᠌ ᠴᠥ᠍ ᠰᠡᠳᠬᠢᠯ ᠦ᠋ᠨ ᠵᠣᠪᠠᠯᠠᠩ  

ᠪᠢ ᠭᠡᠰᠡᠨ ᠰᠡᠳᠬᠢᠯ ᠪᠡᠶ᠎ᠡ ᠪᠡᠨ ᠲᠣᠭᠣᠨ ᠰᠣᠬᠣᠷ ᠪᠤᠯᠬᠤᠢ  
ᠪᠢ ᠭᠡᠰᠡᠨ ᠰᠡᠳᠬᠢᠯ ᠪᠡᠶ᠎ᠡ ᠪᠡᠨ ᠲᠣᠭᠣᠨ ᠳᠦᠯᠡᠢ ᠪᠤᠯᠬᠤᠢ  
ᠪᠢ ᠭᠡᠰᠡᠨ ᠰᠡᠳᠬᠢᠯ ᠪᠡᠶ᠎ᠡ ᠪᠡᠨ ᠲᠣᠭᠣᠨ ᠪᠠᠯᠠᠢ ᠪᠤᠯᠬᠤᠢ  
ᠪᠢ ᠭᠡᠰᠡᠨ ᠰᠡᠳᠬᠢᠯ ᠪᠡᠶ᠎ᠡ ᠪᠡᠨ ᠲᠣᠭᠣᠨ ᠪᠡᠶ᠎ᠡ ᠪᠡᠨ ᠪᠠᠷᠠᠬᠤᠢ  

ᠮᠠᠨᠢ ᠶ᠋ᠢᠨ ᠦᠷ᠎ᠡ ᠰᠢᠮ᠎ᠡ ᠲᠠᠪᠢᠨ ᠰᠦᠮ᠎ᠡ ᠡᠴᠡ ᠤᠨᠳᠤᠷᠬᠤᠢ  
ᠮᠠᠨᠢ ᠶ᠋ᠢᠨ ᠷᠢᠳᠢ ᠰᠢᠳᠢ ᠲᠠᠪᠢᠨ ᠰᠦᠮ᠎ᠡ ᠡᠴᠡ ᠰᠠᠴᠤᠷᠠᠬᠤᠢ  
ᠮᠠᠨᠢ ᠶ᠋ᠢᠨ ᠥᠯᠵᠡᠢ ᠬᠤᠲᠤᠭ ᠲᠠᠪᠢᠨ ᠰᠦᠮ᠎ᠡ ᠡᠴᠡ ᠢᠪᠢᠯᠬᠦᠢ  
ᠮᠠᠨᠢ ᠶ᠋ᠢᠨ ᠬᠠᠢᠷ᠎ᠠ ᠡᠨᠡᠷᠢᠯ ᠲᠠᠪᠢᠨ ᠰᠦᠮ᠎ᠡ ᠡᠴᠡ ᠠᠰᠬᠠᠷᠠᠬᠤᠢ  

ᠨᠣᠮ ᠤ᠋ᠨ ᠡᠬᠡᠰᠢᠭ ᠭᠠᠵᠠᠷ ᠲᠤ᠌ ᠰᠢᠩᠭᠡᠨ ᠳᠡᠯᠡᠬᠡᠢ ᠠᠷᠢᠭᠤᠰᠬᠤᠢ  
ᠨᠣᠮ ᠤ᠋ᠨ ᠡᠭᠡᠰᠢᠭ ᠤᠰᠤᠨ ᠳ᠋ᠤ᠌ ᠰᠢᠩᠭᠡᠨ ᠳᠠᠯᠠᠢ ᠠᠷᠢᠭᠤᠰᠬᠤᠢ  
ᠨᠣᠮ ᠤ᠋ᠨ ᠡᠭᠡᠰᠢᠭ ᠭᠠᠯ ᠳ᠋ᠤ᠌ ᠰᠢᠩᠭᠡᠨ ᠨᠠᠷᠠᠨ ᠠᠷᠢᠭᠤᠰᠬᠤᠢ  
ᠨᠣᠮ ᠤ᠋ᠨ ᠡᠬᠡᠰᠢᠭ  ᠠᠭᠠᠷ ᠲᠤ᠌ ᠰᠢᠩᠭᠡᠨ ᠣᠷᠴᠢᠯᠠᠩ ᠠᠷᠢᠭᠤᠰᠬᠤᠢ ᠃

 ᠦᠰᠦᠭ ᠠᠮᠢᠯᠠᠭᠤᠯᠤᠭᠴᠢ ᠄ ᠤᠷᠢᠶᠠᠩᠬᠠᠢ ᠨᠠᠷᠠᠨᠮᠠᠨᠳᠠ