ᠠᠳᠤᠭᠤᠴᠢᠨ-ᠳᠣᠨᠳᠣᠭᠴᠡᠷᠡᠨ-ᠪᠤᠷᠢᠶᠠᠳ ᠳᠠᠭᠤᠤАДУУШАН-ДОНДОГСЭРЭН-БУРЯАД ДУУ
ᠠᠳᠤᠭᠤᠴᠢᠨ
ᠪᠤᠷᠢᠶᠠᠳ ᠳᠠᠭᠤᠤ
ᠦᠭᠡ᠄ ᠪᠠᠲᠤᠵᠠᠪ ᠤ᠋ᠨ ᠴᠡᠷᠡᠩ
ᠠᠶ᠎ᠠ᠄ ᠲᠣᠭᠲᠠᠬᠤ
ᠳᠠᠭᠤᠴᠢᠨ᠄ ᠳᠣᠨᠳᠣᠭᠴᠡᠷᠡᠨ
ᠤᠷᠢᠬᠠᠨ ᠬᠠᠪᠤᠷ ᠤ᠋ᠨ ᠰᠠᠯᠬᠢ ᠰᠡᠳᠬᠢᠯ ᠢ᠋ ᠰᠡᠷᠭᠦᠭᠡᠨ᠎ᠡ
ᠤᠷᠭᠠᠴᠢᠨ ᠵᠠᠯᠠᠭᠤ ᠶ᠋ᠢᠨ ᠳᠣᠲᠣᠷ᠎ᠠ ᠨᠠᠯᠠᠭᠠᠷᠬᠠᠨ
ᠠ ᠁ᠤᠷᠭ᠎ᠠ ᠪᠠᠨ ᠨᠠᠬᠢᠯᠵᠠᠭᠤᠯᠤᠭᠠᠳ
ᠳᠠᠭᠤᠤ ᠪᠠᠨ ᠬᠠᠩᠭᠢᠨᠠᠭᠤᠯᠤᠭᠠᠳ ᠠᠳᠤᠭᠤᠨ ᠳ᠋ᠤ᠌ ᠪᠠᠨ ᠮᠣᠷᠳᠠᠶ᠎ᠠ
ᠡᠯᠵᠢᠩ ᠳᠠᠢᠳᠤ ᠶ᠋ᠢᠨ ᠰᠡᠪᠰᠢᠶᠡᠨ ᠰᠡᠳᠬᠢᠯ ᠢ᠋ ᠰᠡᠷᠭᠦᠭᠡᠨ᠎ᠡ
ᠡᠮᠨᠢᠭᠴᠢᠨ ᠬᠥᠪᠡᠭᠦᠨ ᠦ᠌ ᠳᠣᠲᠣᠷ᠎ᠠ ᠲᠡᠨᠢᠭᠡᠷᠬᠡᠨ
ᠠ ᠁ᠤᠷᠭ᠎ᠠ ᠪᠠᠨ ᠨᠠᠬᠢᠯᠵᠠᠭᠤᠯᠤᠭᠠᠳ
ᠳᠠᠭᠤᠤ ᠪᠠᠨ ᠬᠠᠩᠭᠢᠨᠠᠭᠤᠯᠤᠭᠠᠳ ᠠᠳᠤᠭᠤᠨ ᠳ᠋ᠤ᠌ ᠪᠠᠨ ᠮᠣᠷᠳᠠᠶ᠎ᠠ
ᠠᠭᠤᠵᠢᠮ ᠬᠥᠨᠳᠡᠢ ᠶ᠋ᠢᠨ ᠵᠢᠯᠣᠭᠣ ᠴᠡᠭᠡᠵᠢ ᠶ᠋ᠢ ᠮᠢᠨᠢ ᠠᠭᠤᠵᠢᠷᠠᠭᠤᠯᠤᠨ᠎ᠠ
ᠠᠳᠤᠭᠤᠴᠢᠨ ᠵᠠᠯᠠᠭᠤ ᠶ᠋ᠢᠨ ᠳᠣᠲᠣᠷ᠎ᠠ ᠪᠠᠷᠳᠠᠮᠬᠠᠨ
ᠠ᠁ᠤᠷᠭ᠎ᠠ ᠪᠠᠨ ᠨᠠᠬᠢᠯᠵᠠᠭᠤᠯᠤᠭᠠᠳ
ᠳᠠᠭᠤᠤ ᠪᠠᠨ ᠬᠠᠩᠭᠢᠨᠠᠭᠤᠯᠤᠭᠠᠳ ᠠᠳᠤᠭᠤᠨ ᠳ᠋ᠤ᠌ ᠪᠠᠨ ᠮᠣᠷᠳᠠᠶ᠎ᠠ
ᠠ᠁ᠤᠷᠭ᠎ᠠ ᠪᠠᠨ ᠨᠠᠬᠢᠯᠵᠠᠭᠤᠯᠤᠭᠠᠳ
ᠳᠠᠭᠤᠤ ᠪᠠᠨ ᠬᠠᠩᠭᠢᠨᠠᠭᠤᠯᠤᠭᠠᠳ ᠠᠳᠤᠭᠤᠨ ᠳ᠋ᠤ᠌ ᠪᠠᠨ ᠮᠣᠷᠳᠠᠶ᠎ᠠ
ᠦᠰᠦᠭ ᠠᠮᠢᠯᠠᠭᠤᠯᠤᠭᠴᠢ᠄ ᠭᠡᠭᠡᠷᠡᠯ
ᠦᠰᠦᠭ ᠬᠠᠲᠠᠭᠴᠢ᠄ ᠭᠡᠭᠡᠷᠡᠯ
