ᠽᠠᠮᠪᠠᠭ᠎ᠠЗамбагаZambaga ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠽᠠᠮᠪᠠᠭ᠎ᠠЗамбагаZambaga

ᠽᠠᠮᠪᠠᠭ᠎ᠠЗамбагаZambaga

2025-07-19

205

ᠽᠠᠮᠪᠠᠭ᠎ᠠ

   ᠲᠤᠰ ᠡᠮ ᠪᠣᠯ ᠠᠯᠲᠠᠨ ᠣᠷᠢᠶᠠᠩᠭᠤ ᠶ᠋ᠢᠨ ᠢᠵᠠᠭᠤᠷ ᠤ᠋ᠨ ᠤᠷᠭᠤᠮᠠᠯ ᠪᠣᠯᠬᠤ ᠮᠣᠳᠣᠨ ᠡᠷᠪᠡᠬᠡᠢ ᠶ᠋ᠢᠨ ᠬᠠᠲᠠᠭᠠᠭᠰᠠᠨ ᠪᠣᠯᠪᠠᠰᠤᠷᠠᠯ ᠦᠷ᠎ᠡ ᠮᠥᠨ᠃
   [ ᠤᠤᠯ ᠤᠷᠭᠤᠮᠠᠯ] ᠲᠤᠷᠤᠭ ᠮᠣᠳᠣ᠃7.5~12m ᠥᠨᠳᠥᠷ᠂ ᠵᠤᠵᠠᠭᠠᠨ ᠬᠣᠯᠲᠣᠰᠣ ᠲᠠᠢ᠃ ᠨᠠᠪᠴᠢ ᠨᠢ ᠮᠠᠰᠢ ᠲᠣᠮᠣ᠂ ᠴᠢᠭᠲᠠᠯᠠᠨ ᠤᠷᠭᠤᠨ᠎ᠠ᠂ ᠬᠣᠶᠠᠷ ᠠ᠋ᠴᠠ ᠭᠤᠷᠪᠠᠳᠠᠭᠰᠠᠨ ᠥᠳᠥᠯᠢᠭ ᠨᠡᠢᠯᠡᠮᠡᠯ ᠨᠠᠪᠴᠢ ᠨᠢ40~160cm ᠤᠷᠲᠤ᠂20~80cm ᠥᠷᠭᠡᠨ᠂ ᠵᠢᠵᠢᠭ ᠨᠠᠪᠴᠢᠨ ᠢᠯᠲᠠᠰᠤ ᠨᠢ ᠥᠨᠳᠡᠭᠡᠯᠵᠢᠨ ᠪᠤᠶᠤ ᠵᠤᠤᠪᠠᠩ ᠬᠡᠯᠪᠡᠷᠢ ᠲᠡᠢ᠂6~14cm ᠤᠷᠲᠤ᠂4.5~9cm ᠥᠷᠭᠡᠨ᠂ ᠣᠬᠣᠷ ᠱᠣᠪᠬᠣ ᠪᠤᠶᠤ ᠱᠣᠪᠲᠣᠭᠣᠷ ᠦᠵᠦᠭᠦᠷ ᠲᠡᠢ᠂ ᠲᠣᠭᠣᠷᠢᠭ ᠪᠤᠶᠤ ᠬᠠᠵᠠᠭᠠᠢ ᠤᠭ ᠲᠠᠢ᠂ ᠪᠦᠲᠦᠨ ᠬᠥᠪᠡᠭᠡ ᠲᠡᠢ᠂ ᠨᠠᠪᠴᠢᠨ ᠤ᠋ ᠥᠪᠥᠷ ᠨᠢ ᠨᠣᠭᠣᠭᠠᠨ ᠥᠩᠭᠡ ᠲᠡᠢ᠂ ᠵᠢᠵᠢᠭ ᠨᠠᠪᠴᠢᠨ ᠪᠠᠷᠢᠭᠤᠯ ᠨᠢ5~10mm ᠤᠷᠲᠤ᠂ ᠴᠠᠴᠤᠭ ᠬᠡᠯᠪᠡᠷᠢᠲᠦ ᠪᠠᠭ ᠴᠡᠴᠡᠭ ᠨᠢ ᠣᠷᠣᠢ ᠳ᠋ᠤᠨᠢ ᠳᠡᠯᠭᠡᠷᠡᠨ᠎ᠡ᠃ ᠴᠡᠴᠡᠭ ᠦ᠋ᠨ ᠪᠠᠷᠢᠭᠤᠯ ᠨᠢ30cm ᠣᠷᠴᠢᠮ ᠤᠷᠲᠤ᠂ ᠴᠡᠴᠡᠭ ᠦ᠋ᠨ ᠲᠣᠭᠳᠣᠢ ᠨᠢ ᠮᠢᠬᠠᠯᠢᠭ᠂ ᠬᠤᠩᠬ᠎ᠠ ᠬᠡᠯᠪᠡᠷᠢ ᠲᠡᠢ᠂ ᠴᠡᠴᠡᠭ ᠦ᠋ᠨ ᠳᠡᠯᠪᠢ ᠨᠢ ᠲᠣᠮᠣ᠂ ᠬᠤᠩᠬ᠎ᠠ ᠬᠡᠯᠪᠡᠷᠢ ᠲᠡᠢ ᠪᠥᠭᠡᠳ ᠭᠦᠢᠬᠡᠨ ᠪᠣᠷᠣ ᠥᠩᠭᠡ ᠲᠡᠢ᠂ ᠦᠵᠦᠭᠦᠷ ᠲᠤᠨᠢ5 ᠭᠦᠢᠬᠡᠨ ᠣᠨᠢ ᠲᠠᠢ᠃5 ᠡᠷ᠎ᠡ ᠲᠣᠭᠣᠷᠴᠣᠭ ᠲᠠᠢ ᠴᠡᠴᠡᠭ ᠦ᠋ᠨ ᠳᠡᠯᠪᠢ ᠡᠴᠡ ᠭᠠᠳᠠᠭᠠᠰᠢ ᠶᠠᠯᠢᠮ ᠦᠭᠡᠢ ᠴᠤᠬᠤᠢᠨ᠎ᠠ᠃ ᠴᠡᠴᠡᠭ ᠦ᠋ᠨ ᠳᠣᠬᠢᠭᠤᠷ ᠤ᠋ᠨ ᠤᠭ ᠲᠤᠨᠢ ᠬᠥᠪᠥᠩ ᠦᠰᠦ ᠲᠡᠢ᠂ ᠲᠠᠪᠤᠳᠤᠭᠠᠷ ᠳᠣᠬᠢᠭᠤᠷ ᠨᠢ ᠨᠥᠭᠦᠭᠡ4 ᠡᠴᠡ ᠪᠡᠨ ᠣᠬᠣᠷ᠃ ᠴᠡᠴᠡᠭ ᠦ᠋ᠨ ᠲᠠᠪᠠᠭ ᠨᠢ ᠲᠣᠮᠣ᠂ ᠮᠢᠬᠠᠯᠢᠭ᠃ ᠪᠠᠭᠠᠨ᠎ᠠ ᠶ᠋ᠢᠨ ᠠᠮᠠᠰᠠᠷ ᠨᠢ ᠲᠠᠯ᠎ᠠ ᠰᠠᠷᠠ ᠰᠢᠭ2 ᠨᠢᠮᠭᠡᠨ ᠢᠯᠲᠠᠰᠤ ᠲᠠᠢ᠃ ᠬᠣᠩᠭᠣᠷᠴᠣᠭᠲᠤ ᠵᠢᠮᠢᠰ ᠨᠢ ᠬᠠᠪᠲᠠᠭᠠᠢᠪᠲᠤᠷ ᠲᠡᠭᠰᠢ᠂ ᠤᠨᠵᠢᠢᠵᠤ ᠤᠷᠭᠤᠨ᠎ᠠ᠂ ᠪᠦᠰᠡ ᠬᠡᠯᠪᠡᠷᠢ ᠲᠡᠢ᠂30~90cm ᠤᠷᠲᠤ᠂5~8cm ᠥᠷᠭᠡᠨ᠂ ᠣᠬᠣᠷ ᠱᠣᠪᠣᠭᠣᠷ ᠦᠵᠦᠭᠦᠷ ᠲᠡᠢ᠂ ᠱᠠᠭᠠᠳᠠᠭ ᠤᠭ ᠲᠠᠢ᠂ ᠬᠥᠪᠡᠭᠡ ᠨᠢ ᠳᠣᠲᠣᠭᠰᠢ ᠪᠠᠨ ᠵᠢᠭᠠᠬᠠᠨ ᠬᠤᠮᠢᠷᠠᠵᠤ ᠣᠩᠭᠣᠴᠠ ᠰᠢᠭ᠋ ᠪᠤᠯᠳᠠᠷ᠂ ᠭᠣᠣᠯ ᠳ᠋ᠤᠨᠢ ᠨᠢᠭᠡ ᠵᠤᠷᠪᠤᠰ ᠶᠠᠯᠢᠮ ᠦᠭᠡᠢ ᠭᠦᠷᠪᠡᠢᠭᠰᠡᠨ ᠠᠷᠤ ᠠᠭᠤᠯᠵᠠᠷ ᠲᠠᠢ᠃ ᠵᠢᠮᠢᠰ ᠦ᠋ᠨ ᠬᠠᠯᠢᠰᠤ ᠨᠢ ᠮᠣᠳᠣᠯᠢᠭ᠂ ᠪᠣᠯᠪᠠᠰᠤᠷᠠᠪᠠᠯ ᠥᠪᠥᠷ ᠠᠭᠤᠯᠵᠠᠷ ᠢ᠋ᠶ᠋ᠠᠷ ᠢ᠋ᠶ᠋ᠠᠨ ᠬᠠᠭᠠᠷᠠᠨ᠎ᠠ᠃ ᠣᠯᠠᠨ ᠦᠷ᠎ᠡ ᠲᠡᠢ ᠪᠥᠭᠡᠳ ᠬᠠᠭᠠᠰ ᠲᠤᠩᠭᠠᠯᠠᠭ ᠰᠠᠷᠢᠰᠤᠯᠢᠭ ᠳᠠᠯᠠᠪᠴᠢ ᠪᠠᠷ ᠪᠠᠭᠯᠠᠭᠳᠠᠭᠰᠠᠨ ᠪᠣᠯᠬᠣᠷ ᠮᠠᠰᠢ ᠨᠢᠮᠭᠡᠨ ᠢᠯᠳᠡᠰᠤᠯᠢᠭ ᠪᠡᠶ᠎ᠡ ᠪᠣᠯᠳᠠᠭ᠃7~8 ᠳ᠋ᠤᠭᠠᠷ ᠰᠠᠷ᠎ᠠ ᠳ᠋ᠤ᠌ ᠴᠡᠴᠡᠭᠯᠡᠵᠦ᠂10~12 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠠᠭᠤᠯᠠᠨ ᠬᠠᠵᠠᠭᠤ᠂ ᠭᠣᠷᠣᠬ᠎ᠠ ᠶ᠋ᠢᠨ ᠬᠥᠪᠡᠭᠡ᠂ ᠠᠭᠤᠯᠠᠨ ᠭᠣᠣ ᠪᠣᠯᠤᠨ ᠪᠤᠲᠠ ᠰᠥᠭᠡᠭ ᠳᠤᠮᠳᠠ ᠤᠷᠭᠤᠨ᠎ᠠ᠃ ᠹᠦᠵᠢᠶᠠᠨ᠂ ᠭᠤᠸᠠᠩᠳ᠋ᠥ᠋ᠩ᠂ ᠭᠤᠸᠠᠩᠰᠢ᠂ ᠰᠧᠴᠤᠸᠠᠨ᠂ ᠭᠦᠢᠵᠧᠦ᠂ ᠶᠦᠨᠨᠠᠨ ᠵᠡᠷᠭᠡ ᠭᠠᠵᠠᠷ ᠣᠷᠣᠨ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ]10~12 ᠳ᠋ᠤᠭᠠᠷ ᠰᠠᠷ᠎ᠠ ᠳ᠋ᠤ᠌ ᠪᠣᠯᠪᠠᠰᠤᠷᠠᠭᠰᠠᠨ ᠵᠢᠮᠢᠰ ᠢ᠋ ᠨᠢ ᠲᠡᠭᠦᠵᠦ᠂ ᠦᠷ᠎ᠡ ᠶ᠋ᠢ ᠨᠢ ᠭᠠᠷᠭᠠᠵᠤ ᠠᠪᠤᠭᠠᠳ ᠨᠠᠷᠠᠨ ᠳ᠋ᠤ᠌ ᠬᠠᠲᠠᠭᠠᠬᠤ ᠪᠤᠶᠤ ᠬᠠᠭᠰᠠᠭᠠᠨ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠠᠰᠢᠭᠤᠨ᠂ ᠠᠮᠲᠠᠯᠢᠭ ᠠᠮᠲᠠ ᠲᠠᠢ᠂ᠰᠡᠷᠢᠭᠦᠨ ᠴᠢᠨᠠᠷᠲᠠᠢ᠃
   [ ᠴᠢᠳᠠᠯ ᠪᠠ ᠭᠣᠣᠯᠳᠠᠭᠤ ᠵᠠᠰᠠᠬᠤ] ᠬᠠᠯᠠᠭᠤᠨ ᠢ᠋ ᠠᠷᠢᠯᠭᠠᠬᠤ᠂ ᠭᠦᠪᠳᠦᠷᠦᠦ ᠶ᠋ᠢ ᠲᠤᠭᠤᠷᠠᠭᠤᠯᠬᠤ᠂ ᠬᠠᠨᠢᠶᠠᠬᠤ ᠶ᠋ᠢ ᠵᠣᠭᠰᠣᠭᠠᠬᠤ᠂ ᠡᠪᠡᠳᠬᠦ ᠶ᠋ᠢ ᠵᠣᠭᠰᠣᠭᠠᠬᠤ ᠴᠢᠳᠠᠯ ᠲᠠᠢ᠃ ᠭᠣᠣᠯᠳᠠᠭᠤ ᠬᠠᠷ᠎ᠠ ᠴᠠᠭᠠᠨ ᠪᠣᠳᠣ ᠡᠰᠡ ᠲᠤᠭᠤᠷᠠᠬᠤ᠂ ᠬᠣᠭᠣᠯᠠᠢ ᠶ᠋ᠢᠨ ᠬᠠᠯᠠᠭᠤᠨ᠂ ᠠᠭᠤᠰᠬᠢᠨ ᠰᠦᠷᠢᠶ᠎ᠡ ᠪᠡᠷ ᠬᠠᠨᠢᠶᠠᠬᠤ᠂ ᠭᠥᠭᠦᠭᠦᠯᠳᠡᠭ ᠬᠠᠨᠢᠶᠠᠳᠤ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄木蝴蝶
   ᠠᠩᠭ᠌ᠯᠢ ᠨᠡᠷ᠎ᠡ᠄Oroxylum indicum

   ᠦᠰᠦᠭ ᠠᠮᠢᠯᠠᠭᠤᠯᠤᠭᠴᠢ᠄ ᠰᠡᠷᠵᠢᠺᠧᠠ
   ᠬᠢᠨᠠᠭᠴᠢ᠄ ᠲᠤᠶᠠᠭ᠎ᠠ