ᠡᠰᠡᠨ ᠲᠡᠢᠰᠢ ᠤᠮᠠᠷᠠᠲᠤ ᠶᠤᠸᠠᠨ ᠢ᠋ ᠨᠢᠭᠡᠳᠬᠡᠭᠰᠡᠨэсэн тайш умард юаныг нэгтгэсэн Esen taishi ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠰᠡᠨ ᠲᠡᠢᠰᠢ ᠤᠮᠠᠷᠠᠲᠤ ᠶᠤᠸᠠᠨ ᠢ᠋ ᠨᠢᠭᠡᠳᠬᠡᠭᠰᠡᠨэсэн тайш умард юаныг нэгтгэсэн Esen taishi

ᠡᠰᠡᠨ ᠲᠡᠢᠰᠢ ᠤᠮᠠᠷᠠᠲᠤ ᠶᠤᠸᠠᠨ ᠢ᠋ ᠨᠢᠭᠡᠳᠬᠡᠭᠰᠡᠨэсэн тайш умард юаныг нэгтгэсэн Esen taishi

ᠠᠩᠭᠢᠯᠠᠯ:ᠲᠡᠦᠬᠡ ᠰᠣᠶᠣᠯ
2022-09-22

404

ᠡᠰᠡᠨ ᠲᠡᠢᠰᠢ (ᠡᠰᠡᠨ ᠲᠠᠢᠱ᠌ᠢ) ᠬᠠᠭᠠᠨ

ᠡᠰᠡᠨ ᠲᠡᠢᠰᠢ (ᠡᠰᠡᠨ ᠲᠠᠢᠱ᠌ᠢ) ᠬᠠᠭᠠᠨ ᠨᠢ ᠲᠠᠢᠰᠤᠩ ᠬᠠᠭᠠᠨ ᠤ᠋ ᠶᠡᠷᠦᠩᠬᠡᠢ ᠰᠠᠢᠳ ᠪᠠᠢᠭᠰᠠᠨ ᠣᠢᠷᠠᠳ ᠤ᠋ᠨ ᠲᠣᠭᠣᠨ ᠲᠡᠢᠰᠢ ᠶ᠋ᠢᠨ ᠬᠦᠦ ᠪᠥᠭᠡᠳ 1407 ᠣᠨ ᠤ᠋ ᠤᠯᠠᠭᠴᠢᠨ ᠭᠠᠬᠠᠢ ᠵᠢᠯ ᠲᠥᠷᠥᠵᠡᠢ᠃ ᠲᠡᠷᠡᠪᠡᠷ XV ᠵᠠᠭᠤᠨ ᠤ᠋ ᠳᠤᠮᠳᠠᠭᠤᠷ ᠠᠯᠲᠠᠨ ᠤᠷᠤᠭ ᠢ᠋ ᠠᠯᠠᠨ ᠬᠢᠳᠤᠬᠤ ᠵᠠᠮ ᠢ᠋ᠶ᠋ᠠᠷ ᠲᠥᠷᠥ ᠶ᠋ᠢᠨ ᠡᠷᠭᠢᠯᠲᠡ ᠬᠢᠵᠦ᠂ ᠮᠣᠩᠭᠣᠯ᠂ ᠣᠢᠷᠠᠳ ᠢ᠋ ᠨᠢᠭᠡᠳᠬᠡᠨ ᠲᠥᠷᠥ ᠶ᠋ᠢᠨ ᠡᠷᠬᠡ ᠶ᠋ᠢ ᠭᠠᠷ ᠲᠤ᠌ ᠪᠠᠨ ᠠᠪᠴᠤ᠂ 1452 ᠣᠨ ᠤ᠋ ᠬᠠᠷ᠎ᠠ ᠪᠡᠴᠢᠨ ᠵᠢᠯ ᠳ᠋ᠦ᠍ ᠪᠦᠬᠦ ᠮᠣᠩᠭᠣᠯ ᠤ᠋ᠨ ᠬᠠᠭᠠᠨ ᠬᠡᠮᠡᠭᠳᠡᠬᠦ ᠶ᠋ᠢ ᠬᠢᠴᠢᠶᠡᠵᠡᠢ᠃ ᠭᠡᠪᠡᠴᠦ ᠲᠡᠭᠦᠨ ᠢ᠋ ᠮᠣᠩᠭᠣᠯ ᠤ᠋ᠨ ᠬᠠᠭᠠᠨ ᠭᠡᠵᠦ ᠬᠡᠨ ᠴᠦ᠍ ᠵᠥᠪᠰᠢᠶᠡᠷᠡᠭᠡ ᠦᠭᠡᠢ ᠶᠤᠮ᠃ ᠮᠢᠩ ᠤᠯᠤᠰ ᠲᠠᠢ ᠬᠠᠮᠤᠭ ᠤ᠋ᠨ ᠴᠢᠳᠠᠪᠤᠷᠢᠯᠢᠭ ᠲᠡᠮᠡᠴᠡᠭᠰᠡᠨ (ᠲᠣᠮᠣ ᠶ᠋ᠢᠨ ᠲᠤᠯᠤᠯᠳᠤᠭᠠᠨ) ᠶᠡᠬᠡ ᠵᠠᠩᠵᠤᠨ ᠭᠡᠭᠳᠡᠭ᠃ ᠠᠯᠲᠠᠨ ᠤᠷᠤᠭ ᠤ᠋ᠨ ᠤᠳᠤᠮ ᠲᠠᠢ ᠪᠢᠰᠢ ᠤᠴᠢᠷ ᠢᠵᠠᠭᠤᠷᠲᠠᠨ ᠨᠤᠭᠤᠳ ᠲᠡᠭᠦᠨ ᠢ᠋ ᠤᠳᠠᠯ ᠦᠭᠡᠢ ᠲᠦᠯᠬᠢᠨ ᠤᠨᠠᠭᠠᠵᠠᠢ᠃ 1454 ᠣᠨ ᠤ᠋ ᠬᠥᠬᠡᠭᠴᠢᠨ ᠭᠠᠬᠠᠢ ᠵᠢᠯ ᠳ᠋ᠦ᠍ ᠠᠯᠠᠭᠳᠠᠵᠠᠢ᠃

ᠤᠭᠰᠠᠭ᠎ᠠ ᠭᠠᠷᠤᠯ
ᠡᠰᠡᠨ ᠪᠣᠯ ᠴᠢᠩᠭᠢᠰ ᠬᠠᠭᠠᠨ ᠤ᠋ ᠭᠠᠪᠢᠶᠠᠲᠤ ᠥᠷᠯᠥᠭ ᠤᠷᠢᠶᠠᠩᠬᠠᠢ ᠶ᠋ᠢᠨ ᠵᠠᠯᠮ᠎ᠠ ᠶ᠋ᠢᠨ ᠶᠢᠰᠦᠳᠦᠭᠡᠷ ᠦᠶ᠎ᠡ ᠶ᠋ᠢᠨ ᠠᠴᠢ᠂ ᠣᠢᠷᠠᠳ ᠤ᠋ᠨ ᠴᠢᠷᠣᠰ ᠣᠪᠣᠭ ᠤ᠋ᠨ ᠬᠥᠮᠦᠨ ᠪᠥᠭᠡᠳ ᠡᠴᠢᠭᠡ ᠨᠢ ᠣᠢᠷᠠᠳ ᠤ᠋ᠨ ᠪᠠᠲᠤᠯ ᠴᠢᠩᠰᠠᠩ ᠤ᠋ᠨ ᠬᠦᠦ ᠲᠣᠭᠣᠨ ᠶᠤᠮ᠃ ᠲᠡᠷᠡᠪᠡᠷ 1407 ᠣᠨ ᠳ᠋ᠤ᠌ ᠲᠥᠷᠥᠭᠰᠡᠨ ᠪᠥᠭᠡᠳ ᠤᠬᠠᠭᠠᠯᠢᠭ ᠰᠠᠮᠪᠠᠭ᠎ᠠ ᠲᠠᠢ᠂ ᠡᠷᠡᠯᠬᠡᠭ ᠵᠣᠷᠢᠭ ᠲᠠᠢ ᠡᠷ᠎ᠡ ᠪᠣᠯᠤᠨ ᠥᠰᠴᠦ ᠪᠠᠢᠭᠰᠠᠨ ᠲᠤᠯᠠ ᠡᠴᠢᠭᠡ ᠨᠢ ᠬᠦᠦ ᠪᠡᠨ ᠶᠡᠬᠡᠳᠡ ᠬᠠᠢᠷᠠᠯᠠᠨ᠂ ᠠᠵᠢᠯ ᠦᠢᠯᠡᠰ ᠲᠦ᠍ ᠪᠡᠨ ᠲᠤᠰᠯᠠᠭᠤᠯᠤᠨ᠂ ᠠᠪᠢᠶᠠᠰ ᠪᠢᠯᠢᠭ ᠢ᠋ ᠨᠢ ᠬᠥᠭᠵᠢᠭᠦᠯᠳᠡᠭ ᠪᠠᠢᠵᠠᠢ᠃ ᠵᠡᠭᠦᠨ ᠮᠣᠩᠭᠣᠯ ᠪᠣᠯᠤᠨ ᠪᠠᠷᠠᠭᠤᠨ ᠮᠣᠩᠭᠣᠯ ᠪᠤᠶᠤ ᠣᠢᠷᠠᠳ ᠨᠢ ᠨᠢᠭᠡᠨ ᠤᠯᠤᠰ ᠤ᠋ᠨ ᠬᠣᠶᠠᠷ ᠬᠡᠰᠡᠭ ᠲᠤᠯᠠ ᠲᠡᠦᠬᠡ ᠶ᠋ᠢᠨ ᠶᠡᠬᠡᠩᠬᠢ ᠬᠤᠭᠤᠴᠠᠭᠠᠨ ᠳ᠋ᠤ᠌ ᠨᠢᠭᠡᠳᠦᠯᠲᠡᠢ ᠪᠠᠢᠭᠰᠠᠨ ᠪᠣᠯᠪᠠᠴᠤ ᠭᠠᠳᠠᠭᠠᠳᠤ ᠳᠣᠲᠣᠭᠠᠳᠤ ᠤᠴᠢᠷ ᠰᠢᠯᠲᠠᠭᠠᠨ ᠤ᠋ ᠤᠯᠠᠮ ᠠ᠋ᠴᠠ᠂ ᠦᠶ᠎ᠡ ᠦᠶ᠎ᠡ ᠬᠣᠭᠣᠷᠣᠨᠳᠣ ᠪᠠᠨ ᠮᠠᠭᠤᠳᠠᠯᠴᠠᠵᠤ ᠳᠠᠢᠰᠤᠩᠨᠠᠬᠤ ᠶᠠᠪᠤᠳᠠᠯ ᠴᠥᠭᠡᠨ ᠦᠭᠡᠢ ᠭᠠᠷᠴᠤ ᠪᠠᠢᠪᠠ᠃ ᠴᠣᠬᠣᠮ ᠡᠢᠮᠦ ᠦᠶ᠎ᠡ ᠶ᠋ᠢ ᠡᠰᠡᠩᠭᠡ ᠶ᠋ᠢᠨ ᠡᠪᠦᠭᠡ ᠳᠡᠭᠡᠳᠦᠰ ᠲᠤᠭᠤᠯᠵᠤ ᠢᠷᠡᠭᠰᠡᠨ ᠪᠠᠢᠨ᠎ᠠ᠃ ᠲᠣᠭᠣᠨ ᠲᠡᠢᠰᠢ 1439 ᠣᠨ ᠳ᠋ᠤ᠌ ᠨᠠᠰᠤ ᠪᠠᠷᠠᠬᠤ ᠶ᠋ᠢᠨ ᠢ᠋ᠶ᠋ᠡᠨ ᠡᠮᠦᠨ᠎ᠡ ᠬᠦᠦ ᠡᠰᠡᠨ ᠳ᠋ᠦ᠍ ᠪᠡᠨ ᠬᠠᠨᠳᠤᠨ 《ᠪᠢ ᠨᠢᠭᠡ ᠨᠠᠰᠤ ᠪᠠᠷ ᠢ᠋ᠶ᠋ᠠᠨ ᠴᠡᠷᠢᠭ ᠲᠡᠢᠨ ᠳ᠋ᠦ᠍ ᠶᠠᠪᠤᠵᠤ᠂ ᠥᠰᠢᠶᠡᠲᠡᠨ ᠳᠠᠢᠰᠤᠨ ᠢ᠋ ᠤᠰᠠᠳᠬᠠᠵᠤ᠂ ᠴᠢᠨᠦ ᠢᠷᠡᠭᠡᠳᠦᠢ ᠶ᠋ᠢᠨ ᠵᠠᠮ ᠳ᠋ᠠᠬᠢ ᠰᠠᠭᠠᠳ ᠢ᠋ ᠴᠡᠪᠡᠷᠯᠡᠪᠡ᠃ ᠣᠳᠣ ᠭᠠᠭᠴᠠᠬᠦ ᠨᠢᠭᠡ ᠯᠡ ᠬᠥᠮᠦᠨ ᠢ᠋ ᠠᠷᠢᠯᠭᠠᠵᠤ ᠴᠢᠳᠠᠭ᠎ᠠ ᠦᠭᠡᠢ᠃ ᠡᠨᠡ ᠪᠣᠯ ᠠᠷᠤᠭᠲᠠᠢ ᠶ᠋ᠢᠨ ᠳᠡᠭᠦᠦ ᠮᠥᠩᠬᠡᠪᠠᠢ ᠮᠥᠨ᠃ ᠬᠣᠵᠢᠮ ᠤ᠋ᠨ ᠡᠳᠦᠷ ᠴᠢ ᠲᠡᠭᠦᠨ ᠦ᠌ ᠲᠣᠯᠣᠭᠠᠢ ᠪᠠᠷ ᠮᠢᠨᠦ ᠰᠦᠨᠡᠰᠦ ᠶ᠋ᠢ ᠲᠠᠬᠢᠲᠤᠭᠠᠢ》 ᠭᠡᠵᠦ ᠭᠡᠷᠢᠶᠡᠰᠯᠡᠭᠰᠡᠨ ᠪᠠᠢᠨ᠎ᠠ᠃ ᠡᠨᠡ ᠨᠢ ᠨᠡᠢᠲᠡ ᠮᠣᠩᠭᠣᠯ ᠢ᠋ ᠨᠢᠭᠡᠳᠬᠡᠨ ᠵᠠᠬᠢᠷᠬᠤ ᠲᠡᠮᠡᠴᠡᠯ ᠢ᠋ᠶ᠋ᠡᠨ ᠳᠠᠭᠤᠰᠬᠠᠭ᠎ᠠ ᠦᠭᠡᠢ᠂ ᠡᠰᠡᠷᠭᠦ ᠡᠲᠡᠭᠡᠳ ᠲᠡᠢ ᠡᠪᠯᠡᠷᠡᠰᠢ ᠦᠭᠡᠢ ᠲᠡᠮᠡᠴᠡᠬᠦ ᠶ᠋ᠢ ᠰᠢᠳᠠᠷ ᠲᠤᠰᠠᠯᠠᠭᠴᠢ ᠬᠦᠦ ᠡᠰᠡᠨ ᠳ᠋ᠦ᠍ ᠪᠡᠨ ᠳᠠᠭᠠᠭᠠᠯᠭᠠᠭᠰᠠᠨ ᠬᠡᠷᠡᠭ ᠪᠠᠢᠪᠠ᠃ ᠲᠡᠷᠡ ᠦᠶ᠎ᠡ ᠳ᠋ᠦ᠍ ᠮᠣᠩᠭᠣᠯᠵᠢᠨ ᠤᠷᠢᠶᠠᠩᠬᠠᠢ ᠡᠴᠡ ᠪᠤᠰᠤᠳ ᠮᠣᠩᠭᠣᠯ ᠠᠢᠮᠠᠭ ᠤ᠋ᠳ ᠢ᠋ ᠲᠣᠭᠣᠨ ᠲᠡᠢᠰᠢ ᠲᠠᠢᠰᠤᠩ ᠬᠠᠭᠠᠨ ᠤ᠋ ᠵᠠᠬᠢᠷᠭᠠᠨ ᠳᠣᠣᠷ᠎ᠠ ᠪᠠᠷᠤᠭ ᠨᠢᠭᠡᠳᠬᠡᠭᠰᠡᠨ ᠪᠠᠢᠪᠠ᠃

1439-1449 ᠣᠨ ᠳ᠋ᠤ᠌ ᠶᠠᠪᠤᠭᠤᠯᠤᠭᠰᠠᠨ ᠦᠢᠯᠡ ᠠᠵᠢᠯᠯᠠᠭ᠎ᠠ
ᠲᠠᠢᠰᠤᠩ ᠬᠠᠭᠠᠨ ᠲᠣᠭᠣᠨ ᠲᠡᠢᠰᠢ ᠶ᠋ᠢᠨ ᠭᠡᠷᠢᠶᠡᠰ ᠢ᠋ᠶ᠋ᠡᠷ ᠡᠰᠡᠨ ᠢ᠋ ᠮᠣᠩᠭᠣᠯ ᠤᠯᠤᠰ ᠤ᠋ᠨ ᠲᠠᠢᠰᠢ ᠶ᠋ᠢᠨ ᠲᠤᠰᠢᠶᠠᠯ ᠳ᠋ᠤ᠌ ᠲᠣᠮᠢᠯᠠᠵᠤ᠂ ᠴᠡᠷᠢᠭ ᠦ᠋ᠨ ᠬᠡᠷᠡᠭ ᠢ᠋ ᠡᠷᠬᠡᠯᠡᠭᠦᠯᠪᠡ᠃ ᠡᠨᠡ ᠦᠶ᠎ᠡ ᠳ᠋ᠦ᠍ ᠮᠢᠩ ᠤᠯᠤᠰ ᠤᠷᠢᠶᠠᠩᠬᠠᠢ ᠶ᠋ᠢᠨ ᠮᠣᠩᠭᠣᠯ ᠨᠣᠶᠠᠳ ᠤ᠋ᠳ ᠢ᠋ ᠴᠣᠯᠠ ᠬᠡᠷᠬᠡᠮ᠂ ᠪᠡᠯᠡᠭ ᠰᠡᠯᠲᠡ ᠪᠡᠷ ᠥᠪᠡᠷᠲᠡᠭᠡᠨ ᠲᠡᠳᠡᠨ᠂ ᠮᠣᠩᠭᠣᠯ ᠤ᠋ᠨ ᠨᠢᠭᠡᠳᠦᠭᠰᠡᠨ ᠲᠥᠷᠥ ᠶ᠋ᠢᠨ ᠪᠣᠳᠣᠯᠭ᠎ᠠ ᠶ᠋ᠢ ᠡᠰᠡᠷᠭᠦᠴᠡᠬᠦ᠂ ᠳᠠᠩᠨᠠᠭᠤᠯᠬᠤ ᠵᠡᠷᠭᠡ ᠪᠤᠰᠤᠷᠮᠠᠭ ᠠᠷᠭ᠎ᠠ ᠬᠡᠷᠡᠭᠯᠡᠬᠦ ᠪᠣᠯᠵᠠᠢ᠃ ᠡᠢᠮᠦ ᠬᠠᠨᠳᠤᠯᠭ᠎ᠠ ᠶ᠋ᠢ ᠡᠰᠡᠨ ᠲᠡᠢᠰᠢ ᠲᠤᠬᠠᠢ ᠪᠦᠷᠢ ᠵᠡᠪᠰᠡᠭ ᠦ᠋ᠨ ᠬᠦᠴᠦ ᠪᠡᠷ ᠳᠠᠷᠤᠵᠤ ᠪᠠᠢᠪᠠ᠃ ᠡᠨᠡ ᠦᠶ᠎ᠡ ᠳ᠋ᠦ᠍ ᠵᠦᠷᠴᠢᠳ ᠠᠢᠮᠠᠭ ᠤ᠋ᠳ ᠢ᠋ ᠡᠷᠬᠡᠰᠢᠶᠡᠯ ᠳ᠋ᠦ᠍ ᠪᠡᠨ ᠪᠠᠢᠯᠭᠠᠬᠤ ᠶ᠋ᠢᠨ ᠲᠤᠯᠠᠳᠠ ᠡᠰᠡᠨ ᠲᠡᠢᠰᠢ ᠡᠪ ᠢ᠋ᠶ᠋ᠡᠷ ᠣᠷᠣᠯᠳᠣᠬᠤ ᠶ᠋ᠢᠨ ᠰᠠᠴᠠᠭᠤ ᠰᠢᠭᠤᠳ ᠡᠰᠡᠷᠭᠦᠴᠡᠭᠴᠢᠳ ᠢ᠋ 1444 ᠣᠨ ᠳ᠋ᠤ᠌ ᠣᠩᠨᠢᠭᠤᠳ ᠠᠢᠮᠠᠭ ᠤ᠋ᠨ ᠨᠣᠶᠠᠨ ᠵᠥᠴᠢ ᠲᠡᠢ ᠬᠠᠪᠰᠤᠷᠤᠨ ᠴᠣᠬᠢᠵᠤ᠂ ᠵᠦᠷᠴᠢᠳ ᠦ᠋ᠳ ᠢ᠋ ᠮᠣᠩᠭᠣᠯ ᠤᠯᠤᠰ ᠲᠤ᠌ ᠨᠢᠭᠡ ᠦᠭᠡᠨ ᠬᠠᠭᠠᠨ ᠤ᠋ ᠵᠠᠬᠢᠷᠭᠠᠨ ᠳ᠋ᠤ᠌ ᠣᠷᠣᠭᠤᠯᠤᠭᠰᠠᠨ ᠪᠠᠢᠨ᠎ᠠ᠃ ᠪᠠᠢᠳᠠᠯ ᠢ᠋ ᠬᠥᠨᠳᠡᠯᠡᠨ ᠡᠴᠡ ᠨᠤᠬᠤᠴᠠᠲᠠᠢ ᠠᠵᠢᠯᠤᠨ ᠬᠠᠷᠠᠵᠤ ᠪᠠᠢᠭᠰᠠᠨ ᠮᠢᠩ ᠤᠯᠤᠰ ᠮᠣᠩᠭᠣᠯ ᠲᠠᠢ ᠬᠠᠷᠢᠯᠴᠠᠬᠤ ᠲᠠᠯ᠎ᠠ ᠪᠠᠷ ᠲᠣᠭᠲᠠᠭᠠᠭᠰᠠᠨ ᠬᠢᠵᠠᠭᠠᠷᠯᠠᠯ ᠳ᠋ᠤ᠌ ᠬᠣᠷᠢᠭ ᠴᠠᠭᠠᠵᠠ ᠨᠢ ᠦᠷ᠎ᠡ ᠳ᠋ᠦᠩ ᠳ᠋ᠦ᠍ ᠬᠦᠷᠬᠦ ᠦᠭᠡᠢ ᠪᠣᠯᠬᠣᠷ ᠬᠤᠳᠠᠯᠳᠤᠭ᠎ᠠ ᠠᠷᠠᠯᠵᠢᠶ᠎ᠠ ᠬᠢᠬᠦ ᠳ᠋ᠦ᠍ ᠡᠯᠳᠡᠪ ᠰᠠᠭᠠᠳ ᠲᠣᠳᠬᠠᠷ ᠤᠴᠠᠷᠠᠭᠤᠯᠵᠤ᠂ ᠵᠠᠯᠢ ᠪᠤᠯᠢᠬᠠᠢ ᠭᠠᠷᠭᠠᠬᠤ ᠪᠣᠯᠤᠭᠰᠠᠨ ᠲᠤᠯᠠ ᠮᠢᠩ ᠤᠯᠤᠰ ᠲᠠᠢ ᠪᠠᠢᠯᠳᠤᠬᠤ ᠪᠠᠷ ᠪᠡᠯᠡᠳᠬᠡᠵᠦ ᠡᠬᠢᠯᠡᠵᠡᠢ᠃
ᠮᠣᠩᠭᠣᠯ ᠤ᠋ᠨ ᠲᠠᠢᠰᠤᠩ ᠬᠠᠭᠠᠨ ᠡᠰᠡᠨ ᠲᠠᠢᠰᠢ ᠨᠠᠷ ᠤ᠋ᠨ ᠠᠩᠬᠠᠷᠤᠯ ᠢ᠋ ᠲᠠᠲᠠᠭᠰᠠᠨ ᠪᠠᠰᠠ ᠨᠢᠭᠡᠨ ᠴᠢᠬᠤᠯᠠ ᠭᠠᠵᠠᠷ ᠪᠣᠯ ᠣᠳᠣ ᠶ᠋ᠢᠨ ᠬᠢᠲᠠᠳ ᠤ᠋ᠨ ᠭᠠᠨᠰᠦ ᠮᠣᠵᠢ ᠪᠠᠢᠪᠠ᠃ ᠮᠢᠩ ᠤᠯᠤᠰ ᠡᠨᠡ ᠨᠤᠲᠤᠭ ᠤ᠋ᠨ ᠮᠣᠩᠭᠣᠯᠴᠤᠳ ᠢ᠋ ᠬᠢᠲᠠᠳ ᠤᠷᠤᠭᠤ ᠨᠡᠭᠦᠯᠭᠡᠬᠦ ᠵᠡᠷᠭᠡ ᠪᠡᠷ ᠡᠵᠡᠮᠰᠢᠵᠦ ᠡᠬᠢᠯᠡᠵᠦ ᠪᠠᠢᠬᠤ ᠳ᠋ᠤ᠌ ᠮᠣᠩᠭᠣᠯ ᠤ᠋ᠨ ᠬᠠᠭᠠᠨ᠂ ᠲᠠᠢᠰᠢ ᠨᠠᠷ 1444 ᠣᠨ ᠳ᠋ᠤ᠌ ᠬᠥᠮᠦᠨ ᠲᠣᠮᠢᠯᠠᠨ ᠣᠴᠢᠭᠤᠯᠵᠤ᠂ ᠲᠡᠳᠡᠨ ᠦ᠌ ᠡᠷᠬᠡ ᠪᠠᠷᠢᠭᠴᠢᠳ ᠲᠤ᠌ ᠮᠣᠩᠭᠣᠯ ᠠᠯᠪᠠᠨ ᠲᠤᠰᠢᠶᠠᠯ ᠴᠣᠯᠠ ᠬᠡᠷᠬᠡᠮ ᠣᠯᠭᠣᠵᠤ᠂ ᠮᠢᠩ ᠦ᠋ᠨ ᠪᠠᠷᠠᠭᠤᠨ ᠬᠣᠢᠲᠤ ᠣᠷᠣᠨ ᠱᠠᠵᠸᠦ᠂ ᠬᠠᠨᠳᠤᠩ᠂ ᠴᠢᠬᠢᠨ ᠮᠣᠩᠭᠣᠯ ᠸᠧᠢ ᠶ᠋ᠢ ᠭᠠᠨᠰᠦ ᠮᠣᠵᠢ ᠭᠡᠵᠦ ᠨᠠᠷᠠᠯᠠᠨ ᠮᠣᠩᠭᠣᠯ ᠲᠥᠷᠥ ᠶ᠋ᠢᠨ ᠵᠠᠬᠢᠷᠭᠠᠨ ᠳ᠋ᠤ᠌ ᠣᠷᠣᠭᠤᠯᠵᠠᠢ᠃ ᠮᠣᠩᠭᠣᠯᠴᠤᠳ ᠮᠢᠩ ᠤᠯᠤᠰ ᠡᠴᠡ ᠵᠠᠷ ᠵᠡᠪᠰᠡᠭ ᠠᠪᠬᠤ ᠰᠣᠨᠢᠷᠬᠠᠯᠲᠠᠢ᠂ ᠭᠡᠲᠡᠯ᠎ᠡ ᠡᠭᠦᠨ ᠢ᠋ ᠬᠢᠲᠠᠳ ᠤ᠋ᠳ ᠠᠯᠪᠠᠨ ᠶᠣᠰᠣᠭᠠᠷ ᠬᠣᠷᠢᠭᠯᠠᠵᠤ ᠪᠠᠢᠭᠰᠠᠨ ᠪᠣᠯᠪᠠᠴᠤ ᠬᠢᠲᠠᠳ ᠤ᠋ᠨ ᠴᠡᠷᠢᠭ᠂ ᠢᠷᠭᠡᠨ ᠬᠡᠨ ᠴᠦ᠍ ᠭᠡᠰᠡᠨ ᠮᠣᠩᠭᠣᠯ ᠰᠠᠢᠨ ᠮᠣᠷᠢ ᠲᠠᠢ ᠪᠠᠢᠬᠤ ᠶ᠋ᠢ ᠬᠦᠰᠡᠳᠡᠭ ᠢ᠋ ᠬᠠᠷᠠᠭᠠᠯᠵᠠᠨ ᠡᠰᠡᠨ ᠲᠠᠢᠰᠢ ᠬᠢᠲᠠᠳ ᠤ᠋ᠨ ᠵᠠᠬ᠎ᠠ ᠬᠢᠵᠠᠭᠠᠷ ᠤ᠋ᠨ ᠨᠤᠲᠤᠭ ᠤ᠋ᠨ ᠴᠡᠷᠢᠭ ᠠᠷᠠᠳ ᠲᠤ᠌ ᠠᠳᠤᠭᠤ ᠨᠡᠢᠯᠡᠭᠦᠯᠵᠦ᠂ ᠣᠷᠣᠨ ᠳ᠋ᠤ᠌ ᠨᠢ ᠲᠠᠷᠢᠶᠠᠯᠠᠩ ᠤ᠋ᠨ ᠪᠦᠲᠦᠭᠡᠭᠳᠡᠬᠦᠨ ᠡᠴᠡ ᠭᠠᠳᠠᠨ᠎ᠠ ᠨᠢᠭᠤᠴᠠ ᠪᠠᠷ ᠵᠡᠪᠰᠡᠭ ᠠᠪᠬᠤ ᠠᠵᠢᠯ ᠢ᠋ ᠵᠣᠬᠢᠶᠠᠨ ᠪᠠᠢᠭᠤᠯᠵᠠᠢ᠃
ᠲᠡᠭᠡᠬᠦ ᠳ᠋ᠦ᠍ ᠮᠢᠩ ᠤᠯᠤᠰ ᠤ᠋ᠨ ᠬᠢᠯᠢ ᠶ᠋ᠢᠨ ᠴᠡᠷᠢᠭ ᠠᠯᠪᠠᠨ ᠡᠴᠡ ᠲᠠᠷᠬᠠᠭᠠᠵᠤ ᠥᠭᠭᠦᠭᠰᠡᠨ ᠨᠤᠮᠤ ᠰᠤᠮᠤ᠂ ᠬᠤᠶᠠᠭ ᠳᠤᠭᠤᠯᠠᠭ᠎ᠠ᠂ ᠵᠢᠳᠠ ᠰᠡᠯᠡᠮ᠎ᠡ ᠵᠡᠷᠭᠡ ᠵᠠᠷ ᠵᠡᠪᠰᠡᠭ ᠢ᠋ᠶ᠋ᠡᠷ ᠢ᠋ᠶ᠋ᠡᠨ ᠮᠣᠷᠢ ᠰᠣᠯᠢᠵᠤ ᠠᠪᠳᠠᠭ ᠪᠣᠯᠪᠠ᠃ ᠮᠣᠩᠭᠣᠯ ᠤ᠋ᠨ ᠡᠯᠴᠢ ᠨᠠᠷ ᠶᠠᠪᠤᠵᠤ ᠥᠩᠭᠡᠷᠡᠬᠦ ᠵᠠᠮ ᠳ᠋ᠤ᠌ ᠤᠷᠠᠨ ᠳᠠᠷᠬᠠᠴᠤᠤᠯ ᠴᠤᠭᠯᠠᠷᠠᠵᠤ᠂ ᠮᠣᠩᠭᠣᠯᠴᠤᠳ ᠤ᠋ᠨ ᠵᠠᠬᠢᠶᠠᠯᠠᠭ᠎ᠠ ᠪᠠᠷ ᠵᠡᠪᠰᠡᠭ ᠬᠢᠵᠦ᠂ ᠠᠳᠤᠭᠤ ᠮᠠᠯ ᠢ᠋ᠶ᠋ᠠᠷ ᠠᠷᠠᠯᠵᠢᠳᠠᠭ ᠪᠣᠯᠤᠭᠰᠠᠨ ᠲᠡᠳᠦᠢ ᠦᠭᠡᠢ ᠬᠢᠲᠠᠳ ᠤ᠋ᠨ ᠣᠷᠣᠨ ᠨᠤᠲᠤᠭ ᠤ᠋ᠨ ᠨᠣᠶᠠᠳ᠂ ᠲᠦᠰᠢᠮᠡᠳ ᠮᠣᠩᠭᠣᠯ ᠤ᠋ᠨ ᠡᠯᠴᠢ ᠳ᠋ᠦ᠍ ᠥᠭᠬᠦ ᠪᠡᠯᠡᠭ ᠨᠡᠷᠡᠢᠳᠦᠯ ᠢ᠋ᠶ᠋ᠡᠷ ᠨᠤᠮᠤ ᠶ᠋ᠢ ᠪᠥᠰ ᠪᠠᠷᠠᠭ᠎ᠠ ᠪᠠᠷ ᠣᠷᠢᠶᠠᠵᠤ᠂ ᠰᠤᠮᠤ ᠶ᠋ᠢ ᠠᠷᠢᠬᠢᠨ ᠤ᠋ ᠪᠣᠳᠣᠩ ᠳ᠋ᠤ᠌ ᠬᠢᠵᠦ ᠥᠭᠳᠡᠭ ᠪᠠᠢᠵᠠᠢ᠃ ᠲᠡᠷᠡ ᠪᠠᠢᠲᠤᠭᠠᠢ ᠮᠢᠩ ᠤᠯᠤᠰ ᠤ᠋ᠨ ᠬᠠᠭᠠᠨ ᠤ᠋ ᠣᠷᠳᠣᠨ ᠤ᠋ ᠮᠣᠩᠭᠣᠯ ᠲᠠᠢ ᠬᠠᠷᠢᠯᠴᠠᠭ᠎ᠠ ᠨᠥᠯᠥᠭᠡ ᠪᠦᠬᠦᠢ ᠲᠠᠢᠭᠠᠨ ᠸᠠᠩ ᠡᠰᠡᠨ ᠲᠠᠢᠰᠢ ᠲᠠᠢ ᠨᠢᠭᠤᠴᠠ ᠪᠠᠷ ᠠᠷᠠᠯᠵᠢᠶᠠᠨ ᠤ᠋ ᠬᠡᠯᠡᠯᠴᠡᠭᠡᠷ ᠪᠠᠢᠭᠤᠯᠤᠭᠰᠠᠨ ᠠᠵᠢ᠃ ᠲᠡᠷᠡᠬᠦ ᠲᠠᠢᠭᠠᠨ ᠳᠠᠲᠤᠩ ᠤ᠋ᠨ ᠪᠦᠭᠦᠳᠡ ᠵᠠᠬᠢᠷᠤᠭᠴᠢ ᠳᠠᠷᠤᠭ᠎ᠠ ᠳ᠋ᠤ᠌ ᠵᠢᠭᠠᠪᠤᠷᠢ ᠥᠭᠴᠦ᠂ ᠵᠢᠯ ᠪᠦᠷᠢ ᠶᠡᠬᠡ ᠬᠡᠮᠵᠢᠶᠡᠨ ᠦ᠌ ᠰᠤᠮᠤ ᠵᠡᠪᠡ ᠦᠢᠯᠡᠳᠦᠭᠦᠯᠦᠨ᠂ ᠮᠣᠩᠭᠣᠯ ᠳ᠋ᠤ᠌ ᠨᠢᠭᠤᠴᠠ ᠪᠠᠷ ᠨᠡᠢᠯᠡᠭᠦᠯᠵᠦ᠂ ᠬᠠᠷᠢᠭᠤ ᠳ᠋ᠤ᠌ ᠨᠢ ᠡᠰᠡᠨ ᠲᠠᠢᠰᠢ ᠦᠨ᠎ᠡ ᠶ᠋ᠢ ᠨᠢ ᠰᠠᠢᠨ ᠠᠭᠲᠠ ᠪᠠᠷ ᠪᠣᠳᠣᠵᠤ ᠥᠭᠴᠦ ᠪᠠᠢᠵᠠᠢ᠃ ᠡᠢᠨᠬᠦ ᠡᠰᠡᠨ ᠲᠠᠢᠰᠢ ᠮᠢᠩ ᠤᠯᠤᠰ ᠤ᠋ᠨ ᠡᠰᠡᠷᠭᠦ ᠲᠡᠢᠨ ᠳ᠋ᠦ᠍ ᠪᠡᠨ ᠴᠡᠷᠢᠭ᠂ ᠲᠠᠩᠨᠠᠭᠤᠯ᠂ ᠳ᠋ᠢᠫᠯᠣᠮᠠᠲ ᠤ᠋ᠨ ᠱᠤᠭᠤᠮ ᠢ᠋ᠶ᠋ᠠᠷ ᠨᠠᠷᠢᠨ ᠴᠢᠩᠳᠠ ᠪᠡᠯᠡᠳᠦᠭᠰᠡᠨ ᠪᠠᠢᠨ᠎ᠠ᠃

ᠦᠷᠭᠦᠯᠵᠢᠯᠡᠯ ᠪᠣᠢ᠂᠂᠂᠂᠂᠂

ᠳᠠᠯᠠᠢ ᠶ᠋ᠢᠨ ᠮᠣᠩᠭᠣᠯ ᠲᠡᠦᠬᠡ ᠶ᠋ᠢᠨ ᠥᠷᠥᠭᠡ ᠳ᠋ᠦ᠍ ᠪᠤᠴᠠᠬᠤДалайн монгол түүхийн өрөөд буцах