ᠣᠯᠠᠨ ᠢ᠋ ᠠᠪᠤᠷᠠᠭᠴᠢ ᠣᠪᠣᠬᠠᠨ ᠰᠦᠮ᠎ᠡ-ᠳᠥᠷᠪᠡᠳ ᠡᠷᠳᠡᠨᠢᠪᠠᠶᠠᠷ Олныг аврагч овоохон сүм-Дөрвөд Эрдэнэбаяр

ᠣᠯᠠᠨ ᠢ᠋ ᠠᠪᠤᠷᠠᠭᠴᠢ ᠣᠪᠣᠬᠠᠨ ᠰᠦᠮ᠎ᠡ
ᠳᠥᠷᠪᠡᠳ ᠡᠷᠳᠡᠨᠢᠪᠠᠶᠠᠷ
ᠭᠠᠵᠠᠷ ᠤ᠋ᠨ ᠵᠢᠷᠦᠬᠡ ᠮᠡᠲᠦ ᠣᠪᠣᠬᠠᠨ ᠣᠪᠣᠭ᠎ᠠ ᠭᠠᠢᠬᠠᠮᠰᠢᠭ ᠤ᠋ᠨ ᠲᠤᠢᠯ
ᠭᠠᠢᠬᠠᠮᠰᠢᠭᠲᠤ ᠸᠴᠢᠷ ᠮᠡᠲᠦ ᠣᠪᠣᠬᠠᠨ ᠣᠪᠣᠭ᠎ᠠ ᠶᠥᠭᠡᠵᠡᠷᠢ ᠶ᠋ᠢᠨ ᠲᠤᠢᠯ
ᠶᠥᠭᠡᠵᠡᠷᠢ ᠶᠡᠬᠡ ᠣᠪᠣᠬᠠᠨ ᠰᠦᠮ᠎ᠡ ᠬᠣᠶᠢᠮᠣᠷ ᠭᠣᠣᠯ ᠳ᠋ᠤ᠌ ᠨᠢ ᠵᠠᠯᠠᠷᠠᠭᠠᠳ
ᠶᠢᠷᠲᠢᠨᠴᠦ ᠶ᠋ᠢᠨ ᠭᠣᠣᠯ ᠪᠤᠷᠬᠠᠨ ᠨᠣᠮ ᠲᠦᠮᠡᠨ ᠠᠮᠢᠲᠠᠨ ᠢ᠋ ᠠᠪᠤᠷᠠᠬᠤᠢ
ᠮᠣᠩᠭᠣᠯ ᠠᠯᠲᠠᠨ ᠭᠠᠨᠵᠤᠤᠷᠲᠤ ᠥᠯᠵᠡᠢᠲᠦ ᠨᠣᠮ ᠲᠡᠭᠦᠰᠦᠭᠰᠡᠨ ᠰᠦᠮ᠎ᠡ
ᠮᠣᠩᠭᠣᠯ ᠲᠥᠷᠥ ᠶ᠋ᠢᠨ ᠮᠠᠾᠬᠠᠯᠲᠤ ᠥᠯᠵᠡᠢᠲᠦ ᠨᠣᠮ ᠲᠡᠭᠦᠰᠦᠭᠰᠡᠨ ᠰᠦᠮ᠎ᠡ
ᠮᠣᠩᠭᠣᠯ ᠲᠥᠷᠥ ᠶ᠋ᠢᠨ ᠬᠥᠭᠵᠢᠮᠲᠦ ᠥᠯᠵᠡᠢᠲᠦ ᠨᠣᠮ ᠲᠡᠭᠦᠰᠦᠭᠰᠡᠨ ᠰᠦᠮ᠎ᠡ
ᠮᠣᠩᠭᠣᠯ ᠬᠠᠭᠠᠳ ᠤ᠋ᠨ ᠰᠢᠲᠦᠭᠡᠨᠲᠦ ᠥᠯᠵᠡᠢᠲᠦ ᠨᠣᠮ ᠲᠡᠭᠦᠰᠦᠭᠰᠡᠨ ᠰᠦᠮ᠎ᠡ
ᠪᠤᠷᠬᠠᠨ ᠤ᠋ ᠵᠠᠷᠯᠢᠭ ᠢ᠋ ᠥᠪᠡᠷ ᠦ᠋ᠨ ᠬᠡᠯᠡ ᠪᠡᠷ ᠤᠩᠰᠢᠬᠤ ᠨᠢ ᠭᠠᠢᠬᠠᠮᠰᠢᠭ
ᠪᠤᠷᠬᠠᠨ ᠤ᠋ ᠵᠠᠷᠯᠢᠭ ᠢ᠋ ᠥᠪᠡᠷ ᠦ᠋ᠨ ᠪᠡᠶ᠎ᠡ ᠳ᠋ᠦ᠍ ᠰᠢᠩᠭᠡᠭᠡᠬᠦ ᠨᠢ ᠭᠠᠢᠬᠠᠮᠰᠢᠭ
ᠪᠤᠷᠬᠠᠨ ᠤ᠋ ᠵᠠᠷᠯᠢᠭ ᠢ᠋ ᠥᠪᠡᠷ ᠦ᠋ᠨ ᠣᠶᠤᠨ ᠳ᠋ᠤ᠌ ᠠᠰᠠᠭᠠᠬᠤ ᠨᠢ ᠭᠠᠢᠬᠠᠮᠰᠢᠭ
ᠪᠤᠷᠬᠠᠨ ᠤ᠋ ᠵᠠᠷᠯᠢᠭ ᠢ᠋ ᠥᠪᠡᠷ ᠦ᠋ᠨ ᠨᠤᠲᠤᠭ ᠲᠤ᠌ ᠲᠠᠬᠢᠬᠤ ᠨᠢ ᠭᠠᠢᠬᠠᠮᠰᠢᠭ
ᠪᠡᠶ᠎ᠡ ᠠᠷᠢᠭᠤᠰᠤᠨ ᠪᠤᠷᠬᠠᠨ ᠪᠦᠲᠦᠭᠡᠭᠰᠡᠨ ᠣᠪᠣᠬᠠᠨ ᠭᠡᠭᠡᠨ ᠶᠥᠭᠡᠵᠡᠷᠢ
ᠬᠡᠯᠡ ᠠᠷᠢᠭᠤᠰᠤᠨ ᠪᠤᠷᠬᠠᠨ ᠪᠦᠲᠦᠭᠡᠭᠰᠡᠨ ᠣᠪᠣᠬᠠᠨ ᠭᠡᠭᠡᠨ ᠰᠢᠳᠢᠲᠦ
ᠰᠡᠳᠬᠢᠯ ᠠᠷᠢᠭᠤᠰᠤᠨ ᠪᠤᠷᠬᠠᠨ ᠪᠦᠲᠦᠭᠡᠭᠰᠡᠨ ᠣᠪᠣᠬᠠᠨ ᠭᠡᠭᠡᠨ ᠠᠭᠤᠤ
ᠨᠣᠮ ᠪᠣᠯᠤᠨ ᠪᠤᠷᠬᠠᠨ ᠪᠦᠲᠦᠭᠡᠭᠰᠡᠨ ᠣᠪᠣᠬᠠᠨ ᠭᠡᠭᠡᠨ ᠪᠤᠷᠬᠠᠨ ᠠ᠋
ᠰᠠᠢᠨ ᠴᠠᠭ ᠢ᠋ ᠳᠠᠭᠠᠳᠬᠠᠨ ᠣᠪᠣᠬᠠᠨ ᠭᠡᠭᠡᠨ ᠳ᠋ᠦ᠍ ᠵᠠᠯᠪᠠᠷᠢᠮᠤ
ᠰᠠᠢᠨ ᠨᠣᠮ ᠢ᠋ ᠳᠠᠭᠠᠳᠬᠠᠨ ᠣᠪᠣᠬᠠᠨ ᠭᠡᠭᠡᠨ ᠳ᠋ᠦ᠍ ᠰᠥᠭᠥᠳᠦᠮᠦ
ᠰᠠᠢᠨ ᠥᠯᠵᠡᠢ ᠶ᠋ᠢ ᠳᠠᠭᠠᠳᠬᠠᠨ ᠣᠪᠣᠬᠠᠨ ᠭᠡᠭᠡᠨ ᠳ᠋ᠦ᠍ ᠮᠥᠷᠭᠥᠮᠦ
ᠰᠠᠢᠨ ᠪᠤᠶᠠᠨ ᠢ᠋ ᠳᠠᠭᠠᠳᠬᠠᠨ ᠣᠪᠣᠬᠠᠨ ᠭᠡᠭᠡᠨ ᠳ᠋ᠦ᠍ ᠰᠦᠵᠢᠭᠯᠡᠮᠦ
ᠪᠤᠶᠠᠨ ᠤ᠋ ᠲᠥᠯᠥᠭᠡ ᠠᠮᠢᠳᠤᠷᠠᠬᠤ ᠣᠷᠴᠢᠯᠠᠩ ᠤ᠋ᠨ ᠵᠥᠪ ᠵᠠᠮ
ᠪᠤᠰᠤᠳ ᠤ᠋ᠨ ᠲᠥᠯᠥᠭᠡ ᠠᠮᠢᠳᠤᠷᠠᠬᠤ ᠬᠣᠷᠸ᠎ᠠ ᠶ᠋ᠢᠨ ᠵᠥᠪ ᠵᠠᠮ
ᠪᠤᠷᠬᠠᠨ ᠨᠣᠮ ᠳ᠋ᠤ᠌ ᠰᠢᠲᠦᠬᠦ ᠠᠮᠢᠲᠠᠨ ᠤ᠋ ᠵᠥᠪ ᠵᠠᠮ
ᠪᠤᠷᠬᠠᠨ ᠨᠣᠮ ᠢ᠋ ᠳᠡᠯᠭᠡᠷᠡᠭᠦᠯᠬᠦ ᠬᠥᠮᠦᠨ ᠦ᠌ ᠵᠥᠪ ᠵᠠᠮ
ᠪᠤᠷᠤᠭᠤ ᠦᠵᠡᠯ ᠢ᠋ ᠳᠠᠷᠤᠬᠤ ᠳ᠋ᠤ᠌ ᠪᠤᠷᠬᠠᠨ ᠨᠣᠮ ᠶᠡᠷᠦᠨᠳᠡᠭ
ᠪᠤᠷᠤᠭᠤ ᠮᠠᠭᠤ ᠶ᠋ᠢ ᠳᠠᠷᠤᠬᠤ ᠳ᠋ᠤ᠌ ᠪᠤᠷᠬᠠᠨ ᠨᠣᠮ ᠶᠡᠷᠦᠨᠳᠡᠭ
ᠪᠤᠶᠠᠨ ᠨᠢᠭᠦᠯ ᠢ᠋ ᠢᠯᠭᠠᠬᠤ ᠳ᠋ᠤ᠌ ᠪᠤᠷᠬᠠᠨ ᠨᠣᠮ ᠳᠡᠭᠡᠳᠦ
ᠪᠦᠪᠡᠢ ᠳᠡᠯᠡᠬᠡᠢ ᠶ᠋ᠢ ᠡᠨᠡᠷᠢᠬᠦ ᠳ᠋ᠦ᠍ ᠪᠤᠷᠬᠠᠨ ᠨᠣᠮ ᠳᠡᠭᠡᠳᠦ
ᠯᠠᠮᠠ ᠨᠣᠮ ᠪᠠᠷᠢᠯᠳᠤᠬᠤ ᠨᠢ ᠢᠯᠠᠭᠤᠭᠰᠠᠨ ᠲᠡᠭᠦᠯᠳᠡᠷ
ᠯᠠᠮᠠ ᠪᠤᠷᠬᠠᠨ ᠪᠠᠷᠢᠯᠳᠤᠬᠤ ᠨᠢ ᠢᠯᠠᠭᠤᠭᠰᠠᠨ ᠲᠡᠭᠦᠯᠳᠡᠷ
ᠨᠣᠮ ᠬᠥᠮᠦᠨ ᠪᠠᠷᠢᠯᠳᠤᠬᠤ ᠨᠢ ᠢᠯᠠᠭᠤᠭᠰᠠᠨ ᠲᠡᠭᠦᠯᠳᠡᠷ
ᠨᠣᠮ ᠳᠡᠯᠡᠬᠡᠢ ᠪᠠᠷᠢᠯᠳᠤᠬᠤ ᠨᠢ ᠢᠯᠠᠭᠤᠭᠰᠠᠨ ᠲᠡᠭᠦᠯᠳᠡᠷ
ᠭᠤᠷᠪᠠᠨ ᠡᠷᠳᠡᠨᠢ ᠳ᠋ᠦ᠍ ᠵᠠᠯᠪᠠᠷᠢᠬᠤ ᠨᠢ ᠠᠪᠤᠷᠠᠯ ᠤ᠋ᠨ ᠳᠡᠭᠡᠳᠦ
ᠭᠤᠷᠪᠠᠨ ᠡᠷᠳᠡᠨᠢ ᠳ᠋ᠦ᠍ ᠰᠢᠲᠦᠬᠦ ᠨᠢ ᠡᠷᠳᠡᠮ ᠦ᠋ᠨ ᠦᠨᠳᠦᠰᠦ
ᠭᠤᠷᠪᠠᠨ ᠡᠷᠳᠡᠨᠢ ᠳ᠋ᠦ᠍ ᠰᠦᠰᠦᠭᠯᠡᠬᠦ ᠨᠢ ᠨᠣᠮ ᠤ᠋ᠨ ᠰᠠᠭᠤᠷᠢ
ᠭᠤᠷᠪᠠᠨ ᠡᠷᠳᠡᠨᠢ ᠳ᠋ᠦ᠍ ᠳᠠᠭᠠᠳᠬᠠᠬᠤ ᠨᠢ ᠰᠢᠳᠢ ᠶ᠋ᠢᠨ ᠡᠬᠢ
ᠠᠬᠤᠢ ᠠᠮᠢᠳᠤᠷᠠᠯ ᠳ᠋ᠤ᠌ ᠪᠤᠶᠠᠨ ᠨᠢᠭᠦᠯ ᠢ᠋ ᠤᠬᠠᠭᠠᠷᠠᠬᠤᠢ
ᠠᠬᠤᠢ ᠠᠮᠢᠳᠤᠷᠠᠯ ᠳ᠋ᠤ᠌ ᠨᠣᠮ ᠡᠷᠳᠡᠮ ᠢ᠋ ᠤᠬᠠᠭᠠᠷᠠᠬᠤᠢ
ᠠᠬᠤᠢ ᠠᠮᠢᠳᠤᠷᠠᠯ ᠳ᠋ᠤ᠌ ᠪᠣᠳᠢ ᠰᠡᠳᠬᠢᠯ ᠢ᠋ ᠤᠬᠠᠭᠠᠷᠠᠬᠤᠢ
ᠠᠬᠤᠢ ᠠᠮᠢᠳᠤᠷᠠᠯ ᠳ᠋ᠤ᠌ ᠬᠣᠭᠣᠰᠣᠨ ᠴᠢᠨᠠᠷ ᠢ᠋ ᠤᠬᠠᠭᠠᠷᠠᠬᠤᠢ
ᠮᠢᠩᠭᠠᠨ ᠣᠨ ᠴᠢᠯᠠᠭᠤᠨ ᠠᠷᠰᠯᠠᠨ ᠪᠤᠷᠬᠠᠨ ᠨᠣᠮ ᠢ᠋ ᠰᠠᠬᠢᠬᠤᠢ
ᠮᠢᠩᠭᠠᠨ ᠣᠨ ᠭᠥᠷᠳᠡᠮ ᠦ᠋ᠨ ᠣᠪᠣᠭ᠎ᠠ ᠪᠤᠷᠬᠠᠨ ᠨᠣᠮ ᠢ᠋ ᠬᠠᠮᠠᠭᠠᠯᠠᠬᠤᠢ
ᠮᠢᠩᠭᠠᠨ ᠣᠨ ᠣᠪᠣᠬᠠᠨ ᠰᠦᠮ᠎ᠡ ᠲᠦᠮᠡᠨ ᠪᠤᠶᠠᠨ ᠢ᠋ ᠬᠤᠷᠢᠶᠠᠬᠤᠢ
ᠮᠢᠩᠭᠠᠨ ᠣᠨ ᠣᠪᠣᠬᠠᠨ ᠭᠡᠭᠡᠨ ᠪᠣᠮᠠᠨ ᠪᠤᠶᠠᠨ ᠢ᠋ ᠬᠤᠷᠢᠶᠠᠬᠤᠢ
ᠠᠯᠲᠠᠨ ᠨᠠᠷᠠ ᠠᠭᠤᠳᠠᠮ ᠣᠷᠴᠢᠯᠠᠩ ᠳ᠋ᠤ᠌ ᠠᠯᠲᠠᠨ ᠭᠡᠷᠡᠯ ᠢ᠋ᠶ᠋ᠡᠨ ᠲᠦᠭᠡᠭᠡᠬᠦᠢ
ᠠᠯᠲᠠᠨ ᠨᠣᠮ ᠠᠭᠤᠳᠠᠮ ᠣᠷᠴᠢᠯᠠᠩ ᠳ᠋ᠤ᠌ ᠠᠯᠲᠠᠨ ᠭᠡᠷᠡᠯ ᠢ᠋ᠶ᠋ᠡᠨ ᠬᠠᠢᠷᠠᠯᠠᠬᠤᠢ
ᠣᠪᠣᠬᠠᠨ ᠰᠦᠮ᠎ᠡ ᠶ᠋ᠢᠨ ᠠᠯᠲᠠᠨ ᠭᠡᠷᠡᠯ ᠠᠭᠤᠳᠠᠮ ᠣᠷᠴᠢᠯᠠᠩ ᠢ᠋ ᠭᠡᠢᠭᠦᠯᠬᠦᠢ
ᠣᠪᠣᠬᠠᠨ ᠭᠡᠭᠡᠨ ᠦ᠌ ᠠᠯᠲᠠᠨ ᠭᠡᠷᠡᠯ ᠠᠭᠤᠳᠠᠮ ᠣᠷᠴᠢᠯᠠᠩ ᠢ᠋ ᠬᠡᠷᠡᠯᠳᠦᠭᠦᠯᠬᠦᠢ ᠃
ᠦᠰᠦᠭ ᠠᠮᠢᠯᠠᠭᠤᠯᠤᠭᠴᠢ ᠄ ᠤᠷᠢᠶᠠᠩᠬᠠᠢ ᠨᠠᠷᠠᠨᠮᠠᠨᠳᠠ
