ᠪᠠᠶᠠᠨ ᠢᠪᠡᠭᠡᠯᠲᠦ ᠪᠠᠯᠴᠢᠷᠤᠳ ᠰᠦᠮ᠎ᠡ -ᠳᠥᠷᠪᠡᠳ ᠡᠷᠳᠡᠨᠢᠪᠠᠶᠠᠷ Баян ивээлт балчрут сүм-Дөрвөд Эрдэнэбаяр ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠶᠠᠨ ᠢᠪᠡᠭᠡᠯᠲᠦ ᠪᠠᠯᠴᠢᠷᠤᠳ ᠰᠦᠮ᠎ᠡ -ᠳᠥᠷᠪᠡᠳ ᠡᠷᠳᠡᠨᠢᠪᠠᠶᠠᠷ Баян ивээлт балчрут сүм-Дөрвөд Эрдэнэбаяр

ᠪᠠᠶᠠᠨ ᠢᠪᠡᠭᠡᠯᠲᠦ ᠪᠠᠯᠴᠢᠷᠤᠳ ᠰᠦᠮ᠎ᠡ -ᠳᠥᠷᠪᠡᠳ ᠡᠷᠳᠡᠨᠢᠪᠠᠶᠠᠷ Баян ивээлт балчрут сүм-Дөрвөд Эрдэнэбаяр

2025-07-17

505

ᠪᠠᠶᠠᠨ ᠢᠪᠡᠭᠡᠯᠲᠦ ᠪᠠᠯᠴᠢᠷᠤᠳ ᠰᠦᠮ᠎ᠡ

    ᠳᠥᠷᠪᠡᠳ ᠡᠷᠳᠡᠨᠢᠪᠠᠶᠠᠷ   
 
ᠥᠯᠵᠡᠢ ᠮᠥᠷᠡᠨ ᠷᠠᠰᠢᠶᠠᠨ ᠬᠠᠳᠠᠭ ᠢ᠋ᠶ᠋ᠠᠨ ᠰᠦᠮ᠎ᠡ ᠳ᠋ᠦ᠍ ᠡᠷᠭᠦᠬᠦᠢ  
ᠥᠨᠳᠥᠷ ᠭᠠᠵᠠᠷ ᠡᠷᠬᠢᠮ ᠲᠡᠷᠢᠭᠦᠨ ᠢ᠋ᠶ᠋ᠡᠨ ᠭᠡᠭᠡᠨ ᠳ᠋ᠦ᠍ ᠡᠷᠭᠦᠬᠦᠢ  
ᠪᠠᠶᠠᠨ ᠡᠷᠬᠢᠮ ᠬᠤᠷᠠᠨ ᠴᠤᠭᠯᠠᠷᠠᠭᠰᠠᠨ ᠪᠠᠯᠴᠢᠷᠤᠳ ᠰᠦᠮ᠎ᠡ  
ᠪᠠᠳᠠᠭ ᠲᠠᠷᠨᠢ ᠮᠥᠩᠬᠡ ᠭᠡᠷᠡᠯᠲᠦᠭᠰᠡᠨ ᠪᠠᠯᠴᠢᠷᠤᠳ ᠰᠦᠮ᠎ᠡ 
 
ᠮᠠᠭᠤ ᠰᠡᠳᠬᠢᠯ ᠢ᠋ ᠳᠠᠷᠤᠨ ᠰᠠᠢᠨ ᠢ᠋ ᠡᠷᠳᠡᠨᠢ ᠪᠣᠯᠭᠠᠭᠴᠢ ᠰᠦᠮ᠎ᠡ  
ᠮᠠᠭᠤ ᠬᠡᠯᠡ ᠶ᠋ᠢ ᠳᠠᠷᠤᠨ ᠰᠠᠢᠨ ᠢ᠋ ᠡᠷᠳᠡᠨᠢ ᠪᠣᠯᠭᠠᠭᠴᠢ ᠰᠦᠮ᠎ᠡ  
ᠮᠠᠭᠤ ᠪᠡᠶ᠎ᠡ ᠶ᠋ᠢ ᠳᠠᠷᠤᠨ ᠰᠠᠢᠨ ᠢ᠋ ᠡᠷᠳᠡᠨᠢ ᠪᠣᠯᠭᠠᠭᠴᠢ ᠰᠦᠮ᠎ᠡ  
ᠮᠠᠭᠤ ᠪᠦᠬᠦᠨ ᠢ᠋ ᠳᠠᠷᠤᠨ ᠰᠠᠢᠨ ᠢ᠋ ᠡᠷᠳᠡᠨᠢ ᠪᠣᠯᠭᠠᠭᠴᠢ ᠰᠦᠮ᠎ᠡ 
  
ᠰᠠᠢᠨ ᠴᠠᠭ ᠤ᠋ᠨ ᠤᠭᠲᠤᠯ ᠤᠩᠰᠢᠯᠭ᠎ᠠ ᠨᠣᠮ ᠠ᠋ᠴᠠ ᠰᠣᠨᠣᠰᠳᠠᠭᠠᠳ   
ᠰᠠᠢᠨ ᠴᠠᠭ ᠤ᠋ᠨ ᠰᠤᠷᠠᠭ ᠯᠠᠮ᠎ᠠ ᠶ᠋ᠢᠨ ᠦᠢᠯᠡ ᠡᠴᠡ ᠮᠡᠳᠡᠭᠳᠡᠭᠡᠳ   
ᠰᠠᠢᠨ ᠴᠠᠭ ᠤ᠋ᠨ ᠠᠨᠢᠷ ᠪᠤᠷᠬᠠᠨ ᠲᠠᠬᠢᠯ ᠠ᠋ᠴᠠ ᠬᠠᠷᠠᠭᠳᠠᠭᠠᠳ   
ᠰᠠᠢᠨ ᠴᠠᠭ ᠤ᠋ᠨ ᠥᠯᠵᠡᠢ ᠪᠡᠯᠭᠡ ᠰᠠᠢᠲᠤᠷ ᠪᠠᠲᠤ ᠣᠷᠣᠰᠢᠭᠠᠳ 
 
ᠡᠷᠲᠡᠨ ᠦ᠌ ᠨᠣᠮ ᠤ᠋ᠨ ᠳᠠᠭᠤᠨ ᠬᠥᠬᠡ ᠲᠣᠭᠣᠰᠬᠠᠨ ᠠ᠋ᠴᠠ ᠠᠨᠢᠷᠲᠤᠭᠠᠳ  
ᠡᠳᠦᠭᠡ ᠶ᠋ᠢᠨ ᠨᠣᠮ ᠤ᠋ᠨ ᠳᠠᠭᠤᠨ ᠲᠠᠢ ᠳᠤᠭᠠᠩ ᠳᠦᠭᠦᠷᠡᠩ ᠨᠡᠢᠯᠡᠭᠡᠳ  
ᠦᠨᠡᠨ ᠰᠠᠢᠨ ᠨᠣᠮ ᠮᠥᠩᠬᠡ ᠪᠠᠢᠳᠠᠭ ᠢ᠋ ᠪᠠᠲᠤᠯᠠᠭᠠᠳ  
ᠥᠯᠵᠡᠢ ᠪᠠᠲᠤ ᠣᠷᠣᠰᠢᠬᠤ ᠢᠷᠦᠭᠡᠯ ᠲᠠᠩᠭᠠᠷᠢᠭ ᠲᠠᠯᠪᠢᠭᠠᠳ  

ᠪᠠᠷᠢᠭᠰᠠᠨ ᠵᠤᠯᠠ ᠶ᠋ᠢᠨ ᠭᠡᠷᠡᠯ ᠪᠡᠶ᠎ᠡ ᠶ᠋ᠢᠨ ᠬᠠᠷᠠᠩᠭᠤᠢ ᠶ᠋ᠢ ᠠᠷᠢᠯᠭᠠᠨ  
ᠪᠠᠷᠢᠭᠰᠠᠨ ᠵᠤᠯᠠ ᠶ᠋ᠢᠨ ᠭᠡᠷᠡᠯ ᠬᠡᠯᠡ ᠶ᠋ᠢᠨ ᠬᠠᠷᠠᠩᠭᠤᠢ ᠶ᠋ᠢ ᠠᠷᠢᠯᠭᠠᠨ  
ᠪᠠᠷᠢᠭᠰᠠᠨ ᠵᠤᠯᠠ ᠶ᠋ᠢᠨ ᠭᠡᠷᠡᠯ ᠰᠡᠳᠬᠢᠯ ᠦ᠋ᠨ ᠬᠠᠷᠠᠩᠭᠤᠢ ᠶ᠋ᠢ ᠠᠷᠢᠯᠭᠠᠨ  
ᠪᠠᠷᠢᠭᠰᠠᠨ ᠵᠤᠯᠠ ᠶ᠋ᠢᠨ ᠭᠡᠷᠡᠯ ᠪᠢᠳᠡᠨ ᠦ᠌ ᠬᠠᠷᠠᠩᠭᠤᠢ ᠶ᠋ᠢ ᠠᠷᠢᠯᠭᠠᠨ  

ᠴᠠᠭᠠᠨ ᠯᠠᠪᠠᠢ ᠶ᠋ᠢᠨ ᠡᠭᠡᠰᠢᠭ ᠴᠠᠭ ᠤ᠋ᠨ ᠪᠤᠷᠬᠠᠳ ᠢ᠋ ᠳᠠᠭᠤᠳᠠᠭᠠᠳ  
ᠴᠠᠭᠠᠨ ᠯᠠᠪᠠᠢ ᠶ᠋ᠢᠨ ᠡᠭᠡᠰᠢᠭ ᠴᠠᠭ ᠤ᠋ᠨ ᠬᠣᠣᠷ ᠢ᠋ ᠲᠠᠢᠯᠤᠭᠠᠳ  
ᠴᠠᠭᠠᠨ ᠯᠠᠪᠠᠢ ᠶ᠋ᠢᠨ ᠡᠭᠡᠰᠢᠭ ᠴᠠᠭ ᠤ᠋ᠨ ᠬᠦᠷᠳᠦ ᠶ᠋ᠢ ᠬᠥᠭᠯᠡᠭᠡᠳ  
ᠴᠠᠭᠠᠨ ᠯᠠᠪᠠᠢ ᠶ᠋ᠢᠨ ᠡᠭᠡᠰᠢᠭ ᠴᠠᠭ ᠤ᠋ᠨ  ᠰᠠᠢᠨ ᠢ᠋ ᠳᠠᠭᠤᠳᠠᠭᠠᠳ 
 
ᠴᠢᠩ ᠰᠦᠵᠢᠭ ᠪᠠᠢᠪᠠᠯ ᠪᠤᠷᠬᠠᠨ ᠥᠪᠡᠷᠲᠡᠭᠡᠨ ᠠᠮᠢᠯᠠᠬᠤᠢ  
ᠴᠢᠩ ᠰᠦᠵᠢᠭ ᠪᠠᠢᠪᠠᠯ ᠨᠣᠮ ᠥᠪᠡᠷᠲᠡᠭᠡᠨ ᠠᠮᠢᠯᠠᠬᠤᠢ  
ᠴᠢᠩ ᠰᠦᠵᠢᠭ ᠪᠠᠢᠪᠠᠯ ᠯᠠᠮ᠎ᠠ ᠥᠪᠡᠷᠲᠡᠭᠡᠨ ᠠᠮᠢᠯᠠᠬᠤᠢ  
ᠴᠢᠩ ᠰᠦᠵᠢᠭ ᠪᠠᠢᠪᠠᠯ ᠰᠡᠳᠬᠢᠯ ᠥᠪᠡᠷᠲᠡᠭᠡᠨ ᠠᠮᠢᠯᠠᠬᠤᠢ  

ᠰᠦᠮ᠎ᠡ ᠶ᠋ᠢᠨ ᠭᠡᠷᠡᠯ ᠨᠢᠭᠡᠨ ᠰᠡᠳᠬᠢᠯ ᠢ᠋ ᠬᠡᠷᠡᠯᠳᠦᠭᠦᠯᠬᠦᠢ  
ᠰᠦᠮ᠎ᠡ ᠶ᠋ᠢᠨ ᠭᠡᠷᠡᠯ ᠬᠣᠶᠠᠷ ᠦᠨᠡᠨ ᠢ᠋ ᠭᠡᠷᠡᠯᠲᠦᠭᠦᠯᠬᠦᠢ  
ᠰᠦᠮ᠎ᠡ ᠶ᠋ᠢᠨ ᠭᠡᠷᠡᠯ ᠭᠤᠷᠪᠠᠨ ᠡᠷᠳᠡᠨᠢ ᠶ᠋ᠢ ᠬᠡᠷᠡᠯᠳᠦᠭᠦᠯᠬᠦᠢ  
ᠰᠦᠮ᠎ᠡ ᠶ᠋ᠢᠨ ᠭᠡᠷᠡᠯ ᠳᠥᠷᠪᠡᠨ ᠳᠠᠯᠠᠢ ᠶ᠋ᠢ ᠬᠡᠷᠡᠯᠳᠦᠭᠦᠯᠬᠦᠢ  

ᠬᠥᠬᠥᠭᠡ ᠰᠢᠪᠠᠭᠤ ᠴᠠᠭ ᠢ᠋ ᠤᠭᠲᠤᠨ ᠤᠶᠠᠩᠭᠠᠯᠠᠭᠠᠳ  
ᠬᠥᠬᠡᠷᠡᠬᠦ ᠠᠯᠤᠰ ᠲᠤ᠌ ᠠᠮᠤᠷ ᠠᠮᠤᠭᠤᠯᠠᠩ ᠪᠠᠯᠴᠢᠷᠤᠳ ᠰᠦᠮ᠎ᠡ  
ᠬᠦᠵᠢ ᠶ᠋ᠢᠨ ᠤᠲᠤᠭ᠎ᠠ ᠴᠠᠭ ᠢ᠋ ᠠᠷᠢᠭᠤᠯᠠᠨ ᠤᠩᠭᠤᠰᠤᠭᠠᠳ  
ᠬᠥᠬᠡ ᠮᠣᠩᠭᠣᠯ ᠠᠮᠤᠷ ᠠᠮᠤᠭᠤᠯᠠᠩ ᠪᠠᠯᠴᠢᠷᠤᠳ ᠰᠦᠮ᠎ᠡ  

ᠬᠥᠮᠦᠨ ᠦ᠌ ᠰᠡᠳᠬᠢᠯ ᠳ᠋ᠦ᠍ ᠨᠣᠮ ᠬᠦᠷᠭᠡᠬᠦ ᠴᠠᠮ ᠪᠥᠵᠢᠭ ᠨᠢ ᠠᠯᠳᠠᠷᠲᠠᠢ  
ᠬᠥᠮᠦᠨ ᠦ᠌ ᠰᠡᠳᠬᠢᠯ ᠳ᠋ᠦ᠍ ᠨᠣᠮ ᠬᠦᠷᠭᠡᠬᠦ ᠲᠠᠬᠢᠯ ᠵᠤᠯᠠ ᠨᠢ ᠪᠢᠰᠢᠷᠡᠯᠲᠡᠢ  
ᠬᠥᠮᠦᠨ ᠦ᠌ ᠰᠡᠳᠬᠢᠯ ᠳ᠋ᠦ᠍ ᠨᠣᠮ ᠬᠦᠷᠭᠡᠬᠦ ᠡᠷᠭᠦᠯ ᠮᠥᠷᠭᠥᠯ ᠨᠢ ᠪᠠᠬᠠᠳᠤᠯᠲᠠᠢ  
ᠬᠥᠮᠦᠨ ᠦ᠌ ᠰᠡᠳᠬᠢᠯ ᠳ᠋ᠦ᠍ ᠨᠣᠮ ᠬᠦᠷᠭᠡᠬᠦ ᠪᠤᠷᠬᠠᠨ ᠰᠦᠮ᠎ᠡ ᠨᠢ ᠵᠢᠪᠬᠤᠭᠠᠲᠠᠢ  

ᠪᠠᠶᠠᠨ ᠲᠠᠩᠰᠤᠭ ᠵᠢᠷᠭᠠᠶ᠎ᠠ ᠭᠡᠪᠡᠯ ᠪᠣᠳᠢ ᠰᠡᠳᠬᠢᠯ ᠢ᠋ ᠣᠯᠤᠭᠠᠷᠠᠢ  
ᠪᠠᠭᠠᠲᠤᠷ ᠵᠠᠩᠵᠤᠨ ᠪᠣᠯᠤᠶ᠎ᠠ ᠭᠡᠪᠡᠯ ᠪᠣᠳᠢ ᠰᠡᠳᠬᠢᠯ ᠢ᠋ ᠣᠯᠤᠭᠠᠷᠠᠢ 
ᠪᠠᠯᠠᠮᠠᠳ ᠪᠦᠬᠦᠨ ᠢ᠋ ᠳᠠᠷᠤᠶ᠎ᠠ ᠭᠡᠪᠡᠯ ᠪᠣᠳᠢ ᠰᠡᠳᠬᠢᠯ ᠢ᠋ ᠣᠯᠤᠭᠠᠷᠠᠢ  
ᠪᠤᠷᠬᠠᠨ ᠤ᠋ ᠬᠤᠲᠤᠭ ᠢ᠋ ᠣᠯᠤᠶ᠎ᠠ ᠭᠡᠪᠡᠯ ᠪᠣᠳᠢ ᠰᠡᠳᠬᠢᠯ ᠢ᠋ ᠣᠯᠤᠭᠠᠷᠠᠢ  

ᠥᠪᠡᠷ ᠦ᠋ᠨ ᠪᠡᠶ᠎ᠡ ᠶ᠋ᠢᠨ ᠤᠷᠠᠨ ᠢ᠋ ᠳᠠᠷᠤᠪᠠᠯ ᠴᠢᠳᠬᠥᠷ ᠢ᠋ ᠳᠠᠷᠤᠭᠰᠠᠨ ᠬᠡᠷᠡᠭ   
ᠥᠪᠡᠷ ᠦ᠋ᠨ ᠪᠡᠶ᠎ᠡ ᠶ᠋ᠢᠨ ᠮᠤᠩᠬᠠᠭ ᠢ᠋ ᠳᠠᠷᠤᠪᠠᠯ ᠴᠢᠳᠬᠥᠷ ᠢ᠋ ᠳᠠᠷᠤᠭᠰᠠᠨ ᠶᠠᠪᠤᠳᠠᠯ  
ᠥᠪᠡᠷ ᠦ᠋ᠨ ᠪᠡᠶ᠎ᠡ ᠶ᠋ᠢᠨ ᠲᠠᠴᠢᠶᠠᠩᠭᠤᠢ ᠶ᠋ᠢ ᠳᠠᠷᠤᠪᠠᠯ ᠴᠢᠳᠬᠥᠷ ᠢ᠋ ᠳᠠᠷᠤᠭᠰᠠᠨ ᠤᠴᠢᠷ  
ᠥᠪᠡᠷ ᠦ᠋ᠨ ᠰᠡᠳᠬᠢᠯ ᠦ᠋ᠨ ᠳᠠᠢᠰᠤᠨ ᠢ᠋ ᠳᠠᠷᠤᠪᠠᠯ ᠴᠢᠳᠬᠥᠷ ᠢ᠋ ᠳᠠᠷᠤᠭᠰᠠᠨ ᠢᠯᠠᠯᠲᠠ  

ᠪᠠᠷᠴᠢᠳ ᠢ᠋ ᠳᠠᠷᠤᠭᠴᠢ ᠪᠠᠯᠴᠢᠷᠤᠳ ᠰᠦᠮ᠎ᠡ ᠡᠴᠡ ᠰᠢᠷ᠎ᠠ ᠭᠡᠷᠡᠯ ᠮᠠᠨᠳᠤᠬᠤᠢ  
ᠪᠠᠶᠠᠨ ᠢ᠋ ᠢᠪᠡᠭᠡᠭᠴᠢ ᠪᠠᠯᠴᠢᠷᠤᠳ ᠰᠦᠮ᠎ᠡ ᠡᠴᠡ ᠰᠢᠷ᠎ᠠ ᠭᠡᠷᠡᠯ ᠬᠡᠷᠡᠯᠳᠦᠬᠦᠢ  
ᠪᠤᠶᠠᠨ ᠢ᠋ ᠲᠦᠭᠡᠭᠡᠭᠴᠢ ᠪᠠᠯᠴᠢᠷᠤᠳ ᠰᠦᠮ᠎ᠡ ᠡᠴᠡ ᠰᠢᠷ᠎ᠠ ᠭᠡᠷᠡᠯ ᠰᠠᠴᠤᠷᠠᠬᠤᠢ  
ᠪᠤᠷᠬᠠᠨ ᠤ᠋ ᠣᠷᠣᠨ ᠪᠠᠯᠴᠢᠷᠤᠳ ᠰᠦᠮ᠎ᠡ ᠡᠴᠡ ᠰᠢᠷ᠎ᠠ ᠭᠡᠷᠡᠯ ᠢᠪᠡᠭᠡᠬᠦᠢ ᠃

   ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ