ᠬᠠᠯᠲᠠᠷᠭᠠᠨ᠎ᠠХалтаргана Khaltargana ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠯᠲᠠᠷᠭᠠᠨ᠎ᠠХалтаргана Khaltargana

ᠬᠠᠯᠲᠠᠷᠭᠠᠨ᠎ᠠХалтаргана Khaltargana

2025-07-16

200

ᠬᠠᠯᠲᠠᠷᠭᠠᠨ᠎ᠠ

   ᠲᠤᠰ ᠡᠮ ᠪᠣᠯ ᠤᠳᠠᠪᠠᠯ᠎ᠠ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠲᠠᠯ᠎ᠠ ᠶ᠋ᠢᠨ ᠬᠠᠯᠲᠠᠷᠭᠠᠨ᠎ᠠ ᠶ᠋ᠢᠨ ᠬᠠᠲᠠᠭᠠᠭᠰᠠᠨ ᠪᠦᠬᠦᠯᠢ ᠡᠪᠡᠰᠦ ᠮᠥᠨ᠃ ᠪᠠᠰᠠ ᠯᠦᠭᠽᠢᠳᠦᠪᠦ ᠭᠡᠳᠡᠭ᠃
   [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃20~50cm ᠥᠨᠳᠥᠷ᠂ ᠡᠰᠢ ᠨᠢ ᠰᠢᠯᠤᠭᠤᠨ᠂ ᠳᠤᠮᠳᠠ ᠠ᠋ᠴᠠ ᠳᠡᠭᠡᠭᠰᠢ ᠬᠡᠰᠡᠭ ᠲᠡᠭᠡᠨ ᠰᠠᠯᠠᠭᠠᠯᠠᠨ᠎ᠠ᠃ ᠳᠣᠣᠷ᠎ᠠ ᠬᠡᠰᠡᠭ ᠲᠤᠨᠢ ᠰᠡᠢᠷᠡᠭ ᠦᠰᠦ ᠲᠡᠢ᠂ ᠳᠡᠭᠡᠷ᠎ᠡ ᠬᠡᠰᠡᠭ  ᠲᠤᠨᠢ ᠪᠠᠷᠤᠭ ᠦᠰᠦ ᠦᠭᠡᠢ᠃ ᠤᠵᠠᠭᠤᠷ ᠤ᠋ᠨ ᠨᠠᠪᠴᠢ ᠪᠣᠯᠤᠨ ᠡᠰᠢᠨ ᠦ᠌ ᠳᠣᠣᠷ᠎ᠠ ᠬᠡᠰᠡᠭ ᠦ᠋ᠨ ᠨᠠᠪᠴᠢ ᠨᠢ ᠵᠣᠣᠪᠠᠩᠯᠢᠭ ᠬᠠᠪᠲᠠᠭᠠᠢ ᠲᠡᠪᠡᠨᠡ ᠬᠡᠯᠪᠡᠷᠢ ᠲᠡᠢ ᠪᠤᠶᠤ ᠥᠷᠭᠡᠨ ᠵᠤᠤᠪᠠᠩ ᠬᠡᠯᠪᠡᠷᠢ ᠲᠡᠢ᠂10~15cm ᠤᠷᠲᠤ᠂2~8cm ᠥᠷᠭᠡᠨ ᠱᠣᠪᠬᠣ ᠦᠵᠦᠭᠦᠷ ᠲᠡᠢ᠂ ᠱᠠᠭᠠᠨᠲᠠᠭ ᠤᠭ ᠲᠠᠢ᠂ ᠪᠦᠲᠦᠨ ᠪᠤᠶᠤ ᠳᠣᠯᠭᠢᠶᠠᠯᠢᠭ ᠬᠡᠷᠴᠢᠶᠡᠰᠦ ᠲᠡᠢ᠂ ᠡᠰᠡᠬᠦᠯ᠎ᠡ ᠭᠦᠢᠬᠡᠨ ᠣᠨᠢᠲᠤ ᠬᠥᠪᠡᠭᠡ ᠲᠡᠢ᠂ ᠠᠷᠤᠨᠰᠢ ᠮᠠᠲᠠᠷᠢᠭᠰᠠᠨ ᠪᠠᠢᠳᠠᠭ᠃ ᠨᠠᠪᠴᠢᠨ ᠤ᠋ ᠬᠣᠶᠠᠷ ᠲᠠᠯ᠎ᠠ ᠳ᠋ᠤᠨᠢ ᠰᠢᠷ᠎ᠠ ᠥᠩᠭᠡ ᠲᠡᠢ ᠪᠤᠯᠴᠢᠷᠬᠠᠢ ᠳᠤᠰᠤᠯ ᠲᠠᠢ᠂ ᠪᠠᠷᠤᠭ ᠦᠰᠦ ᠦᠭᠡᠢ ᠰᠢᠬᠠᠮ᠃ ᠨᠠᠪᠴᠢ ᠨᠢ ᠳᠡᠭᠡᠭᠰᠢᠯᠡᠬᠦ ᠳᠣᠳᠣᠮ ᠵᠢᠵᠢᠭ ᠪᠣᠯᠳᠠᠭ᠃ ᠬᠠᠪᠲᠠᠭᠠᠢ ᠲᠡᠪᠡᠨᠡ ᠬᠡᠯᠪᠡᠷᠢ ᠲᠡᠢ᠂ ᠪᠦᠲᠦᠨ ᠬᠥᠪᠡᠭᠡ ᠲᠡᠢ᠃ ᠣᠯᠠᠨ ᠲᠣᠯᠣᠭᠠᠢ ᠬᠡᠯᠪᠡᠷᠢᠲᠦ ᠪᠠᠭ ᠴᠡᠴᠡᠭ ᠲᠡᠢ᠂ ᠡᠰᠢᠨ ᠦ᠌ ᠣᠷᠣᠢ ᠳ᠋ᠤ᠌ ᠲᠡᠭᠰᠢ ᠣᠷᠣᠢᠲᠤ ᠪᠣᠯᠵᠤ ᠵᠢᠵᠢᠭᠷᠡᠨ᠎ᠡ᠃ ᠶᠡᠷᠦᠩᠬᠡᠢ ᠪᠠᠭᠯᠠᠭᠴᠢ ᠨᠢ ᠬᠤᠩᠬ᠎ᠠ ᠬᠡᠯᠪᠡᠷᠢ ᠲᠡᠢ᠂1.5cm ᠣᠷᠴᠢᠮ ᠤᠷᠲᠤ᠂ ᠶᠡᠷᠦᠩᠬᠡᠢ ᠪᠠᠭᠯᠠᠭᠴᠢ ᠢᠯᠲᠠᠰᠤ ᠨᠢ4~5 ᠮᠥᠷ᠂ ᠲᠠᠷᠠᠮᠠᠭ ᠠᠭᠠᠯᠵᠢ ᠶ᠋ᠢᠨ ᠲᠣᠣᠷ ᠰᠢᠭ᠋ ᠦᠰᠦ ᠲᠡᠢ᠂ ᠭᠠᠳᠠᠷ ᠮᠥᠷ ᠨᠢ ᠥᠨᠳᠡᠭᠡᠯᠵᠢᠨ᠂ ᠱᠣᠪᠬᠣ ᠦᠵᠦᠭᠦᠷ ᠲᠡᠢ᠂ ᠳᠤᠮᠳᠠ ᠮᠥᠷ ᠬᠢᠭᠡᠳ ᠭᠣᠣᠯ ᠨᠢ ᠪᠦᠰᠡᠯᠢᠭ ᠬᠡᠯᠪᠡᠷᠢ ᠲᠡᠢ᠂ ᠣᠷᠣᠢ ᠶ᠋ᠢᠨ ᠬᠡᠰᠡᠭ  ᠲᠤᠨᠢ ᠬᠠᠯᠢᠰᠤᠯᠢᠭ ᠲᠣᠭᠣᠷᠢᠭ ᠰᠢᠭ᠋ ᠶᠠᠭᠠᠪᠲᠤᠷ ᠥᠩᠭᠡ ᠲᠡᠢ ᠳᠠᠭᠠᠯᠲᠠ ᠢᠯᠲᠠᠰᠤ ᠲᠠᠢ᠃ ᠴᠡᠴᠡᠭ ᠦ᠋ᠨ ᠳᠡᠯᠪᠢ ᠨᠢ ᠭᠦᠢᠬᠡᠨ ᠪᠣᠷᠣᠪᠲᠤᠷ ᠤᠯᠠᠭᠠᠨ᠂15mm ᠣᠷᠴᠢᠮ ᠤᠷᠲᠤ᠂5 ᠣᠨᠢ ᠲᠠᠢ᠂ ᠰᠡᠵᠢᠭᠦᠷ ᠢᠯᠲᠠᠰᠤ ᠨᠢ ᠣᠬᠣᠷ᠃ ᠲᠣᠭᠣᠰᠣᠪᠴᠢ ᠶ᠋ᠢᠨ ᠤᠭ ᠨᠢ ᠵᠢᠳᠠ ᠬᠡᠯᠪᠡᠷᠢ ᠲᠡᠢ᠃ ᠲᠤᠷᠠᠩᠬᠠᠢ ᠵᠢᠮᠢᠰ ᠨᠢ ᠤᠷᠲᠤᠯᠵᠢᠨ ᠲᠣᠭᠣᠷᠢᠭ᠂3mm ᠣᠷᠴᠢᠮ ᠤᠷᠲᠤ᠃ ᠲᠢᠲᠢᠮ ᠦᠰᠦ ᠨᠢ2 ᠮᠥᠷ᠂ ᠭᠠᠳᠠᠷ ᠮᠥᠷ ᠨᠢ ᠣᠬᠣᠷ᠂ ᠴᠠᠭᠠᠨ ᠥᠩᠭᠡ ᠲᠡᠢ᠂ ᠳᠣᠲᠣᠷ᠎ᠠ ᠮᠥᠷ ᠨᠢ ᠥᠳᠥᠯᠢᠭ᠂10mm ᠣᠷᠴᠢᠮ ᠤᠷᠲᠤ᠂ ᠭᠦᠢᠬᠡᠨ ᠬᠦᠷᠡᠩ ᠥᠩᠭᠡ ᠲᠡᠢ᠂7~10 ᠳ᠋ᠤᠭᠠᠷ ᠰᠠᠷ᠎ᠠ ᠳ᠋ᠤ᠌ ᠴᠡᠴᠡᠭᠯᠡᠵᠦ ᠵᠢᠮᠢᠰᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠲᠣᠰᠬᠣᠨ ᠤ᠋ ᠵᠠᠬ᠎ᠠ᠂ ᠵᠠᠮ ᠤ᠋ᠨ ᠬᠠᠵᠠᠭᠤ ᠪᠠᠷ ᠤᠷᠭᠤᠬᠤ ᠮᠥᠷᠲᠡᠭᠡᠨ ᠲᠠᠷᠢᠶᠠᠨ ᠳᠣᠲᠣᠷ᠎ᠠ ᠤᠷᠭᠤᠳᠠᠭ᠃ ᠵᠡᠭᠦᠨ ᠬᠣᠢᠲᠤ ᠣᠷᠣᠨ᠂ ᠤᠮᠠᠷᠠᠲᠤ ᠣᠷᠣᠨ᠂ ᠪᠠᠷᠠᠭᠤᠨ ᠬᠣᠢᠲᠤ ᠣᠷᠣᠨ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠵᠤᠨ᠂ ᠨᠠᠮᠤᠷ ᠲᠡᠭᠦᠵᠦ ᠰᠢᠪᠡᠷ ᠰᠢᠷᠣᠢ ᠬᠢᠭᠡᠳ ᠬᠣᠯᠢᠮᠠᠭ ᠵᠦᠢᠯ ᠢ᠋ ᠨᠢ ᠠᠷᠢᠯᠭᠠᠭᠠᠳ᠂ ᠬᠡᠷᠴᠢᠵᠦ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠠᠰᠢᠭᠤᠨ ᠠᠮᠲᠠ ᠲᠠᠢ᠂ ᠬᠦᠢᠲᠡᠨ ᠴᠢᠨᠠᠷ ᠲᠠᠢ᠃
   [ ᠴᠢᠳᠠᠯ ᠬᠢᠭᠡᠳ ᠭᠣᠣᠯᠳᠠᠭᠤ ᠵᠠᠰᠠᠬᠤ] ᠨᠢᠶᠠᠨ ᠢ᠋ ᠨᠢᠲᠤᠯᠬᠤ᠂ ᠬᠠᠯᠠᠭᠤᠨ ᠢ᠋ ᠠᠷᠢᠯᠭᠠᠬᠤ᠂ ᠬᠣᠣᠷ ᠢ᠋ ᠲᠠᠢᠯᠬᠤ᠂ ᠬᠠᠳᠬᠤᠯᠭ᠎ᠠ ᠶ᠋ᠢ ᠳᠠᠷᠤᠬᠤ᠂ ᠬᠠᠪᠤᠳᠠᠷ ᠢ᠋ ᠬᠠᠷᠢᠭᠤᠯᠬᠤ ᠴᠢᠳᠠᠯ ᠲᠠᠢ᠃ ᠭᠣᠣᠯᠳᠠᠭᠤ ᠨᠢᠶᠠᠨ ᠬᠢᠵᠢᠭ᠂ ᠤᠯᠠᠭᠠᠨ ᠡᠰᠡᠷᠭᠡᠨ᠎ᠡ᠂ ᠤᠯᠠᠭᠠᠨ ᠨᠢᠶᠠᠨ᠂ ᠪᠣᠳᠣ ᠭᠦᠪᠳᠦᠷᠦᠦ᠂ ᠰᠠᠬᠤᠤ᠂ ᠪᠣᠭᠣᠮ᠎ᠠ᠂ ᠭᠡᠳᠡᠰᠦᠨ ᠬᠠᠳᠬᠤᠯᠭ᠎ᠠ᠂ ᠣᠬᠣᠷ ᠬᠠᠳᠬᠤᠯᠭ᠎ᠠ ᠵᠡᠷᠭᠡ ᠨᠢᠶᠠᠨ ᠲᠠᠢ ᠡᠪᠡᠳᠴᠢᠨ ᠪᠠ ᠬᠣᠣᠷ ᠤ᠋ᠨ ᠬᠠᠯᠠᠭᠤᠨ᠂ ᠵᠢᠷᠦᠬᠡᠨ ᠬᠠᠯᠠᠭᠤᠨ᠂ ᠴᠢᠰᠤᠨ ᠬᠠᠯᠠᠭᠤᠨ᠂ ᠳᠡᠯᠭᠡᠷᠡᠭᠰᠡᠨ ᠬᠠᠯᠠᠭᠤᠨ᠂ ᠬᠢᠮᠤᠷᠠᠭᠰᠠᠨ ᠬᠠᠯᠠᠭᠤᠨ᠂ ᠰᠢᠷᠬᠠᠨ ᠤ᠋ ᠬᠠᠯᠠᠭᠤᠨ᠂ ᠲᠠᠭᠰᠢᠭᠤᠷᠲᠠᠵᠤ ᠬᠠᠯᠠᠭᠤᠷᠠᠬᠤ ᠪᠠ ᠰᠢᠨ᠎ᠡ ᠬᠠᠭᠤᠴᠢᠨ ᠬᠠᠯᠠᠭᠤᠨ ᠢ᠋ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄ 驴耳风毛菊(草地风毛菊)
   ᠠᠩᠭ᠌ᠯᠢ ᠨᠡᠷ᠎ᠡ᠄Saussurea amara (L.) DC.

   ᠦᠰᠦᠭ ᠠᠮᠢᠯᠠᠭᠤᠯᠤᠭᠴᠢ᠄ ᠤᠷᠠᠨᠴᠢᠮᠡᠭ
   ᠬᠢᠨᠠᠭᠴᠢ᠄ ᠲᠤᠶᠠᠭ᠎ᠠ