ᠵᠧᠩᠶᠧᠷᠮ᠎ᠠ - ᠬᠠᠰᠡᠷᠳᠡᠨᠢЖенерма-Хасартани ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠧᠩᠶᠧᠷᠮ᠎ᠠ - ᠬᠠᠰᠡᠷᠳᠡᠨᠢЖенерма-Хасартани

ᠵᠧᠩᠶᠧᠷᠮ᠎ᠠ - ᠬᠠᠰᠡᠷᠳᠡᠨᠢЖенерма-Хасартани

2025-07-15

395

ᠵᠧᠩᠶᠧᠷᠮ᠎ᠠ

        ᠬᠣᠷᠴᠢᠨ ᠠᠷᠠᠳ ᠤ᠋ᠨ ᠳᠠᠭᠤᠤ 
    ᠬᠠᠰᠡᠷᠳᠡᠨᠢ ᠳᠠᠭᠤᠯᠠᠨ᠎ᠠ 

ᠠᠷᠴᠠ ᠽᠠᠨᠳᠠᠨ ᠮᠣᠳᠣ ᠨᠢ ᠳᠡ ᠤᠷᠭᠤᠨ᠎ᠠ ᠭᠡᠳᠡᠭ ᠴᠢᠨᠢ 
ᠠᠭᠯᠠᠭ ᠠᠭᠤᠯᠠᠨ ᠤ᠋ ᠪᠠᠨ ᠹᠧᠩᠱᠥ᠋ᠢ ᠪᠠ ᠬᠦᠢ 
ᠠᠯᠲᠠᠨ ᠳᠡᠯᠡᠬᠡᠢ ᠶ᠋ᠢᠨ ᠭᠠᠵᠠᠷ ᠳᠡᠭᠡᠷ᠎ᠡ 
ᠠᠯᠳᠠᠷ ᠨᠡᠷ᠎ᠡ ᠲᠡᠢ ᠶᠠᠪᠤᠨ᠎ᠠ ᠭᠡᠳᠡᠭ ᠴᠢᠨᠢ 
ᠠᠬ᠎ᠠ ᠳᠡᠭᠦᠦ ᠣᠯᠠᠨ ᠤ᠋ ᠰᠠᠢᠨ ᠶᠠ ᠬᠦᠢ 
ᠥᠮᠥ ᠽᠠᠨᠳᠠᠨ ᠮᠣᠳᠣ ᠨᠢ ᠤᠷᠭᠤᠨ᠎ᠠ ᠭᠡᠳᠡᠭ ᠴᠢᠨᠢ 
ᠥᠨᠳᠥᠷ ᠠᠭᠤᠯᠠᠨ ᠤ᠋ ᠪᠠᠨ ᠹᠧᠩᠱᠥ᠋ᠢ ᠪᠠ ᠬᠦᠢ 
ᠡᠩ ᠳᠡᠯᠡᠬᠡᠢ ᠶ᠋ᠢᠨ ᠭᠠᠵᠠᠷ ᠳᠡᠭᠡᠷ᠎ᠡ
ᠥᠩᠭᠡ ᠭᠡᠷᠡᠯᠲᠡᠢ ᠶᠠᠪᠤᠨ᠎ᠠ ᠭᠡᠳᠡᠭ ᠴᠢᠨᠢ
ᠡᠭᠡᠴᠢ ᠳᠡᠭᠦᠦ ᠨᠠᠷ ᠤ᠋ᠨ ᠰᠠᠢᠨ ᠶᠠ ᠬᠦᠢ
ᠠᠷᠤ ᠶ᠋ᠢᠨ ᠥᠨᠳᠥᠷ ᠠᠭᠤᠯᠠᠨ ᠳᠡᠭᠡᠷ᠎ᠡ ᠪᠡᠨ ᠭᠠᠷᠤᠭᠰᠠᠨ ᠦᠭᠡᠢ ᠬᠥᠮᠦᠨ ᠴᠢᠨᠢ
ᠠᠬᠠᠯᠠᠭ ᠤ᠋ᠨ ᠥᠨᠳᠥᠷ ᠢ᠋ ᠨᠢ ᠮᠡᠳᠡᠨ᠎ᠡ ‍ᠤᠣ ᠳᠠ ᠬᠦᠢ
ᠠᠩᠬᠠᠨ ᠠ᠋ᠴᠠ ᠪᠠᠨ ᠠᠪᠤᠭᠠᠳ ᠯᠠ ᠳᠠ ᠤᠴᠠᠷᠠᠭᠰᠠᠨ ᠦᠭᠡᠢ ᠠᠬ᠎ᠠ ᠳᠡᠭᠦᠦ ᠨᠠᠷ
ᠠᠭᠠᠰᠢ ᠪᠣᠯᠤᠨ ᠵᠠᠩ ᠢ᠋ ᠶ᠋ᠢ ᠮᠡᠳᠡᠨ᠎ᠡ ᠤᠤ ᠳᠠ ᠬᠦᠢ
ᠡᠮᠦᠨ᠎ᠡ ᠥᠨᠳᠥᠷ ᠠᠭᠤᠯᠠᠨ ᠳᠡᠭᠡᠷ᠎ᠡ ᠪᠡᠨ ᠭᠠᠷᠤᠭᠰᠠᠨ ᠦᠭᠡᠢ ᠬᠥᠮᠦᠨ ᠴᠢᠨᠢ ᠳᠡ
ᠥᠨᠳᠥᠷ ᠪᠣᠭᠣᠨᠢ ᠶ᠋ᠢ ᠨᠢ ᠮᠡᠳᠡᠨ᠎ᠡ ᠤᠤ ᠳᠠ ᠬᠦᠢ
ᠡᠷᠲᠡᠨ ᠡᠴᠡ ᠪᠡᠨ ᠠᠪᠤᠭᠠᠳ ᠯᠠ ᠳᠠ ᠤᠴᠠᠷᠠᠭᠰᠠᠨ ᠦᠭᠡᠢ ᠠᠬ᠎ᠠ ᠳᠡᠭᠦᠦ ᠨᠠᠷ
ᠡᠶ᠎ᠡ ᠪᠣᠯᠤᠨ ᠵᠠᠩ ᠢ᠋ ᠨᠢ ᠮᠡᠳᠡᠨ᠎ᠡ ᠤᠤ ᠳᠠ ᠬᠦᠢ
ᠨᠠᠭᠠᠲᠠᠢ ᠬᠢᠩᠭᠠᠨ ᠠᠭᠤᠯᠠᠨ ᠤ᠋ ᠬᠢᠨᠢ ᠣᠷᠭᠢᠯ ᠳᠡᠭᠡᠷ᠎ᠡ ᠨᠢ
ᠨᠠᠷᠠᠰᠤ ᠪᠣᠯᠤᠨ ᠮᠠᠢᠯᠠᠰᠤᠨ ᠤ᠋ ᠴᠤᠭᠯᠠᠭᠠᠨ ᠲᠠᠢ ᠬᠦᠢ
ᠨᠠᠮᠤᠭᠤᠬᠠᠨ ᠲᠥᠷᠥᠭᠡᠳ ᠲᠡᠭᠡᠭᠰᠡᠨ ᠵᠧᠩᠶᠧᠷᠮ᠎ᠠ ᠢᠷᠡᠭᠰᠡᠨ ᠡᠴᠡ ᠨᠠᠭᠠᠰᠢ
ᠨᠠᠰᠤᠲᠠᠢ ᠵᠠᠯᠠᠭᠤᠴᠤᠳ ᠤ᠋ᠨ ᠴᠤᠭᠯᠠᠭᠠᠨ ᠲᠠᠢ ᠬᠦᠢ
ᠬᠢᠩᠭᠠᠨ ᠥᠨᠳᠥᠷ ᠠᠭᠤᠯᠠᠨ ᠤ᠋ ᠬᠢᠨᠢ ᠣᠷᠭᠢᠯ ᠳᠡᠭᠡᠷ᠎ᠡ ᠨᠢ ᠳᠡ
ᠬᠤᠸᠠᠷ ᠪᠣᠯᠤᠨ ᠴᠡᠴᠡᠭ ᠦ᠋ᠨ ᠴᠤᠭᠯᠠᠭᠠᠨ ᠲᠠᠢ ᠬᠦᠢ
ᠬᠠᠢᠷᠬᠠᠨ ᠲᠥᠷᠥᠭᠡᠳ ᠲᠡᠭᠡᠭᠰᠡᠨ ᠵᠧᠩᠶᠧᠷᠮ᠎ᠠ ᠢᠷᠡᠭᠰᠡᠨ ᠡᠴᠡ
ᠬᠥᠭᠰᠢᠨ ᠵᠠᠯᠠᠭᠤᠴᠤᠳ ᠤ᠋ᠨ ᠴᠤᠭᠯᠠᠭᠠᠨ ᠲᠠᠢ ᠬᠦᠢ

   ᠦᠰᠦᠭ ᠠᠮᠢᠯᠠᠭᠤᠯᠤᠭᠰᠠᠨ ᠨᠢ᠄ ᠭᠠᠸᠠ
   ᠦᠰᠦᠭ ᠬᠠᠲᠠᠭᠰᠠᠨ ᠨᠢ ᠄ ᠭᠠᠸᠠ
   ᠬᠢᠨᠠᠭᠴᠢ ᠪᠠᠭᠰᠢ ᠄ ᠮᠥᠴᠢᠷ