ᠴᠠᠭᠠᠨ ᠪᠤᠯᠠᠭ ᠤ᠋ᠨ ᠤᠰᠤ -ᠠᠯᠲᠠᠨᠲᠠᠨᠠ Цагаан булгийн ус-Алтантана
ᠴᠠᠭᠠᠨ ᠪᠤᠯᠠᠭ ᠤ᠋ᠨ ᠤᠰᠤ
ᠠᠷᠠᠳ ᠤ᠋ᠨ ᠳᠠᠭᠤᠤ
ᠬᠥᠭᠵᠢᠮ᠄ ᠬᠠᠰᠡᠷᠳᠡᠨᠢ
ᠳᠠᠭᠤᠴᠢᠨ᠄ ᠠᠯᠲᠠᠨᠲᠠᠨᠠ
ᠴᠠᠢᠳᠠᠮ ᠤ᠋ᠨ ᠢ᠋ᠶ᠋ᠠᠨ ᠠᠶᠠᠰ ᠢ᠋ᠶ᠋ᠠᠷ ᠤᠷᠤᠰᠤᠭᠠᠳ ᠪᠠᠢᠳᠠᠭ
ᠴᠠᠭᠠᠨ ᠪᠤᠯᠠᠭ ᠤ᠋ᠨ ᠤᠰᠤ ᠠ᠋ ᠠ ᠬᠠ ᠬᠦ
ᠴᠠᠭᠠᠲᠠᠢ ᠨᠠᠭᠠᠲᠠᠢ ᠨᠢ ᠠᠯᠠᠭᠰᠢᠭᠠᠳ ᠪᠠᠢᠳᠠᠭ
ᠭᠦᠩᠱᠧ ᠶ᠋ᠢᠨ ᠮᠢᠨᠢ ᠰᠦᠷᠦᠭ ᠰᠢᠦ
ᠬᠠᠯᠢᠭᠤᠷᠠᠨ ᠤᠷᠤᠰᠬᠤ ᠴᠠᠭᠠᠨ ᠪᠤᠯᠠᠭ
ᠬᠠᠳᠠᠨ ᠤ᠋ ᠢᠷᠣᠭᠠᠷ ᠠ᠋ᠴᠠ ᠪᠤᠴᠠᠯᠤᠨ᠎ᠠ ᠳᠠ ᠠ ᠬᠠ ᠬᠦ
ᠬᠠᠪᠢᠷᠭᠠᠨ ᠳ᠋ᠤᠨᠢ ᠤᠷᠭᠤᠭᠰᠠᠨ ᠠᠯᠲᠠᠨ ᠲᠠᠷᠢᠶ᠎ᠠ ᠨᠢ
ᠡᠭᠦᠯᠡ ᠰᠢᠭ ᠳᠣᠯᠭᠢᠶᠠᠯᠠᠨ᠎ᠠ ᠬᠦ
ᠴᠠᠩᠭᠠᠮᠠᠯ ᠭᠣᠪᠢ ᠶ᠋ᠢ ᠤᠮᠳᠠᠯᠠᠭᠠᠳ ᠪᠠᠢᠳᠠᠭ
ᠴᠠᠭᠠᠨ ᠪᠤᠯᠠᠭ ᠤ᠋ᠨ ᠤᠰᠤ ᠶᠤᠮ ᠠ᠋ ᠠ ᠬᠠ ᠬᠦ
ᠴᠠᠢᠷᠠᠨ ᠪᠡᠯᠴᠢᠭᠰᠡᠨ ᠮᠠᠯ ᠤ᠋ᠨ ᠮᠢᠨᠢ ᠤᠮᠳᠠ
ᠴᠠᠭᠠᠨ ᠪᠤᠯᠠᠭ ᠤ᠋ᠨ ᠤᠰᠤ ᠶᠤᠮ ᠬᠦ
ᠠᠶᠠᠭ᠎ᠠ ᠲᠦᠭᠦᠷᠡᠬᠦ ᠤᠰᠤ ᠴᠤ᠌ ᠦᠭᠡᠢ
ᠠᠲᠠᠷ ᠭᠣᠪᠢ ᠶ᠋ᠢᠨ ᠰᠢᠯᠢ ᠶᠤᠮ ᠠ᠋ ᠠ ᠬᠠ ᠬᠦ
ᠠᠭᠤᠤ ᠨᠠᠮ ᠤ᠋ᠨ ᠠᠴᠢ ᠭᠠᠪᠢᠶ᠎ᠠ ᠪᠠᠷ
ᠣᠨᠳᠣᠷᠴᠤ ᠭᠠᠷᠤᠭᠰᠠᠨ ᠪᠤᠯᠠᠭ ᠶᠤᠮ ᠰᠢᠦ
ᠠ ᠬᠠ ᠬᠦ᠁ ᠁
ᠦᠰᠦᠭ ᠬᠠᠲᠠᠵᠤ᠂ ᠠᠮᠢᠯᠠᠭᠤᠯᠤᠭᠰᠠᠨ᠄ ᠠᠯᠲᠠᠨᠴᠢᠮᠡᠭ
ᠬᠢᠨᠠᠭᠴᠢ᠄ ᠭᠦᠩᠭᠠᠷ᠂ ᠤᠤᠭᠠᠨᠵᠢᠳ
