ᠬᠥᠮᠦᠨ ᠰᠠᠨᠠᠭ᠎ᠠ – ᠱ᠂ ᠭᠦᠷᠦᠪᠠᠽᠠᠷ Хүн санаа - Ш᠂ Гүрбазар
ᠬᠥᠮᠥᠨ ᠰᠠᠨᠠᠭ᠎ᠠ
ᠤᠷᠢᠭᠠ ᠦᠭᠡᠢ ᠨᠠᠢᠷ ᠤ᠋ᠨ ᠬᠠᠲᠠᠪᠴᠢᠨ ᠳ᠋ᠤ᠌
ᠢᠲᠡᠭᠡᠯ ᠢ᠋ᠶ᠋ᠡᠨ ᠰᠠᠨᠳᠠᠢᠯᠠᠨ ᠰᠠᠭᠤᠵᠤ
ᠤᠯᠠᠭᠠᠬᠠᠨ ᠬᠠᠴᠠᠷ ᠲᠠᠢ ᠨᠣᠷᠮ᠎ᠠ ᠶ᠋ᠢ
ᠢᠴᠢᠵᠦ ᠨᠢᠭᠡᠨ ᠬᠠᠷᠠᠭᠤᠯᠲᠠᠯᠠ
ᠬᠥᠯᠴᠥᠭᠦᠬᠡᠨ ᠡᠪᠦᠭᠡᠳ ᠦ᠋ᠨ ᠨᠥᠮᠥᠷᠢ ᠳ᠋ᠦ᠍
ᠠᠮᠠᠨ ᠤ᠋ ᠵᠥᠪ ᠢ᠋ ᠨᠢ ᠰᠣᠨᠣᠰᠤᠨ
ᠬᠥᠮᠦᠨ ᠬᠥᠮᠦᠨ ᠡᠴᠡ ᠬᠤᠯᠮᠠᠭᠠᠨᠠᠨ
ᠠᠮᠠᠷᠠᠭ ᠤ᠋ᠨ ᠳᠠᠭᠤᠤ ᠴᠢᠩᠨᠠᠯ᠎ᠠ
ᠰᠠᠨᠠᠭᠠᠨ ᠤ᠋ ᠠᠮᠠᠷᠠᠭ ᠮᠢᠨᠢ ᠭᠡᠬᠦ ᠳ᠋ᠦ᠍
ᠴᠢᠷᠠᠢ ᠠᠶᠠᠨᠳᠠᠭᠠᠨ ᠤᠯᠠᠢᠵᠤ
ᠬᠤᠯᠤ ᠲᠠᠢ ᠠᠢᠷᠠᠭ ᠤ᠋ᠨ ᠢ᠋ᠶ᠋ᠠᠨ ᠪᠢᠳᠡᠷ ᠤᠷᠤᠭᠤ
ᠬᠣᠰᠢᠭᠤ ᠪᠠᠨ ᠬᠤᠷᠳᠤᠨ ᠲᠥᠷᠥᠯ᠎ᠡ
ᠨᠠᠮᠤᠷ ᠤ᠋ᠨ ᠠᠢᠷᠠᠭ ᠳᠤ ᠲᠥᠷᠥᠭᠰᠡᠨ
ᠤᠷᠤᠭᠤᠯ ᠤ᠋ᠨ ᠦᠵᠦᠭᠦᠷ ᠴᠢᠮᠴᠢᠭᠢᠨᠡᠨᠡ
ᠨᠠᠮᠠᠶ᠋ᠢ ᠪᠠᠨ ᠭᠡᠳ ᠠᠶᠠᠯᠬᠤ ᠪᠠᠷ ᠨᠢ
ᠤᠭᠤᠴᠠ ᠪᠠᠷ ᠬᠦᠷᠲᠡᠯ᠎ᠡ ᠵᠢᠷᠪᠢᠭᠢᠨᠡᠨᠡ
ᠨᠣᠷᠮ᠎ᠠ ᠶ᠋ᠢᠨ ᠨᠢᠳᠦᠨ ᠡᠴᠡ ᠢᠴᠢᠭᠰᠡᠨ ᠬᠠᠷᠠᠴᠠ ᠮᠢᠨᠢ
ᠳᠣᠭᠣᠭᠰᠢ ᠪᠠᠨ ᠨᠢᠭᠤᠭᠳᠠᠰᠬᠢᠭᠡᠳ
ᠴᠢᠩᠨᠠᠭᠰᠠᠨ ᠠᠮᠠᠷᠠᠭ ᠤ᠋ᠨ ᠳᠠᠭᠤᠤ
ᠳᠡᠭᠡᠭᠰᠢ ᠪᠡᠨ ᠢᠴᠢᠭᠡᠳ ᠪᠠᠢᠭ᠎ᠠ ᠬᠢᠷᠢᠨ᠎ᠡ
ᠳᠣᠭᠳᠣᠯᠤᠨ ᠰᠠᠭᠤᠵᠤ ᠬᠣᠷᠭᠣᠳᠠᠮᠠᠷ
ᠡᠵᠡᠭᠦᠢ ᠬᠡᠭᠡᠷ᠎ᠡ ᠭᠠᠭᠴᠠᠭᠠᠷ ᠢ᠋ᠶ᠋ᠠᠨ
ᠳᠠᠭᠤᠯᠠᠵᠤ ᠬᠦᠷᠲᠡᠯ᠎ᠡ ᠦᠵᠡᠮᠡᠷ
ᠨᠠᠰᠤ ᠪᠠᠨ ᠵᠢᠭᠠᠬᠠᠨ ᠨᠡᠮᠡᠭᠡᠳ ᠴᠡᠷᠢᠭ ᠲᠦ᠍ ᠲᠦᠷᠭᠡᠨ ᠶᠠᠪᠤᠮᠠᠷ
ᠨᠠᠷᠠ ᠬᠡᠳᠦᠢ ᠵᠢᠷᠭᠠᠭᠰᠠᠨ ᠴᠦ᠍ ᠭᠡᠷ ᠲᠡᠭᠡᠨ ᠶᠠᠭᠠᠷᠠᠯ ᠦᠭᠡᠢ ᠬᠠᠷᠢᠮᠠᠷ᠁
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
