ᠪᠠᠶᠠᠨᠪᠤᠯᠠᠭ ᠤ᠋ᠨ ᠮᠠᠭᠲᠠᠭᠠᠯ -ᠪᠠᠶᠠᠨ᠌ᠠᠡᠭᠤᠯᠠ Баянбулагийн магтаал-- Баян-уул ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠶᠠᠨᠪᠤᠯᠠᠭ ᠤ᠋ᠨ ᠮᠠᠭᠲᠠᠭᠠᠯ -ᠪᠠᠶᠠᠨ᠌ᠠᠡᠭᠤᠯᠠ Баянбулагийн магтаал-- Баян-уул

ᠪᠠᠶᠠᠨᠪᠤᠯᠠᠭ ᠤ᠋ᠨ ᠮᠠᠭᠲᠠᠭᠠᠯ -ᠪᠠᠶᠠᠨ᠌ᠠᠡᠭᠤᠯᠠ Баянбулагийн магтаал-- Баян-уул

2025-07-13

1495

ᠪᠠᠶᠠᠨᠪᠤᠯᠠᠭ ᠤ᠋ᠨ ᠮᠠᠭᠲᠠᠭᠠᠯ

   — ᠪᠠᠶᠠᠨ᠌ᠠᠡᠭᠤᠯᠠ 
ᠪᠠᠷᠢᠭᠰᠠᠨ ᠬᠤᠭᠤᠷ ᠮᠢᠨᠢ ᠬᠦᠩᠭᠢᠨᠡᠭᠡᠳ ᠪᠠᠢᠨ᠎ᠠ 
ᠪᠠᠳᠠᠭ ᠰᠢᠯᠦᠭ ᠬᠡᠯᠡᠬᠦ ᠤᠤ ᠳᠠ 
ᠪᠠᠶᠠᠷᠯᠠᠭᠰᠠᠨ ᠰᠡᠳᠬᠢᠯ ᠢ᠋ᠶ᠋ᠡᠨ ᠳᠠᠷᠤᠵᠤ ᠶᠠᠳᠠᠨ 
ᠪᠠᠶᠠᠨᠪᠤᠯᠠᠭ ᠢ᠋ᠶ᠋ᠠᠨ ᠮᠠᠭᠲᠠᠶ᠎ᠠ ᠳᠠ 

ᠭᠣᠭᠣᠰᠤᠲᠠᠢ ᠬᠠᠨ  ᠤ᠋ ᠲᠦᠰᠢᠯᠭᠡ ᠲᠡᠢ 
ᠭᠤᠷᠪᠠᠨ ᠪᠣᠳᠢ ᠶ᠋ᠢᠨ ᠨᠥᠮᠥᠷᠢ ᠲᠡᠢ 
ᠭᠣᠣᠯ ᠭᠣᠷᠣᠬ᠎ᠠ ᠪᠠᠷ ᠡᠯᠪᠡᠭ ᠲᠡᠢ 
ᠭᠣᠯᠣᠮᠲᠠ ᠪᠠᠨ ᠪᠠᠳᠠᠷᠠᠭᠠᠭᠰᠠᠨ ᠲᠦᠮᠡᠨ ᠲᠡᠢ 

ᠪᠠᠬᠠᠷᠤᠮ᠎ᠠ ᠰᠠᠢᠬᠠᠨ ᠨᠤᠲᠤᠭ
ᠪᠠᠶᠠᠨᠪᠤᠯᠠᠭ ᠢ᠋ᠶ᠋ᠠᠨ ᠮᠠᠭᠲᠠᠶ᠎ᠠ
ᠪᠠᠶᠠᠨ ᠮᠣᠩᠭᠣᠯ ᠬᠡᠯᠡ ᠪᠡᠷ ᠢ᠋ᠶ᠋ᠡᠨ
ᠪᠠᠬᠠᠳᠤᠵᠤ ᠪᠦᠬᠦᠨ ᠢ᠋ ᠬᠣᠯᠪᠣᠶ᠎ᠠ

ᠵᠢᠪᠲᠦ ᠪᠤᠷᠭᠠᠰᠤ ᠬᠣᠶᠠᠷ ᠢ᠋ ᠨᠢ
ᠵᠡᠷᠭᠡᠴᠡᠭᠦᠯᠵᠦ ᠡᠨᠳᠡ ᠪᠡᠨ ᠲᠡᠮᠳᠡᠭᠯᠡᠶ᠎ᠡ
ᠵᠢᠷᠦᠬᠡᠨ ᠡᠴᠡ ᠤᠶᠠᠭᠠᠲᠠᠢ ᠭᠠᠵᠠᠷ ᠢ᠋ᠶ᠋ᠠᠨ
ᠵᠢᠷᠭᠢᠭᠡ ᠬᠣᠯᠪᠣᠭ᠎ᠠ ᠪᠠᠷ ᠳᠠᠭᠤᠷᠢᠰᠤᠭᠤᠯᠤᠶ᠎ᠠ

ᠠᠤᠭ᠎ᠠ ᠰᠦᠷᠲᠦ ᠠᠮᠢᠨ ᠰᠢᠲᠦᠭᠡᠨ
ᠠᠭᠤᠢ ᠶ᠋ᠢᠨ ᠣᠪᠣᠭᠠᠨ ᠳ᠋ᠤ᠌ ᠳᠠᠭᠠᠳᠬᠠᠨᠠᠮ
ᠠᠷᠤ ᠬᠤᠯᠤᠰᠤᠲᠠᠢ᠂ ᠥᠪᠥᠷ ᠤᠰᠤᠲᠠᠢ
ᠠᠳᠤᠭᠤᠨ ᠪᠡᠯᠴᠢᠭᠡᠷ᠂ ᠠᠲᠠᠷ ᠬᠡᠭᠡᠷ᠎ᠡ ᠪᠡᠨ ᠪᠢᠴᠢᠭᠯᠡᠶ᠎ᠡ

ᠴᠠᠬᠢᠯᠭᠠᠨ ᠬᠤᠷᠳᠤ ᠬᠦᠯᠦᠭ ᠦ᠋ᠳ ᠲᠡᠢ
ᠴᠠᠭᠠᠨ ᠣᠪᠣᠭᠠᠨ ᠤ᠋ ᠮᠠᠯᠴᠢᠳ
ᠴᠠᠢᠯᠭᠠᠨ ᠰᠡᠳᠬᠢᠯᠲᠦ ᠬᠥᠮᠦᠰ ᠢ᠋ᠶ᠋ᠡᠨ
ᠴᠠᠬᠢᠮ ᠬᠠᠭᠤᠳᠠᠰᠤᠨ᠎ᠠ ᠲᠡᠮᠳᠡᠭᠯᠡᠶ᠎ᠡ

ᠬᠤᠪᠢᠳᠠᠵᠤ ᠬᠤᠪᠢᠶᠠᠭᠰᠠᠨ ᠤ᠋ ᠳᠠᠷᠠᠭ᠎ᠠ
ᠬᠣᠨᠢ ᠡᠷᠳᠡᠨᠢ ᠪᠡᠨ ᠥᠰᠬᠡᠭᠰᠡᠨ
ᠬᠣᠢᠨ᠎ᠠ ᠡᠮᠦᠨ᠎ᠡ ᠪᠡᠨ ᠵᠠᠯᠭᠠᠯᠳᠤᠭᠰᠠᠨ
ᠬᠣᠶᠠᠷ ᠨᠠᠵᠠᠢ ᠶ᠋ᠢ ᠪᠠᠬᠠᠷᠬᠠᠶ᠎ᠠ!

ᠬᠠᠮᠤᠭ ᠤ᠋ᠨ ᠳᠠᠭᠤᠷᠢᠶᠠᠯ ᠪᠣᠯᠤᠭᠰᠠᠨ
ᠬᠠᠮᠲᠤᠷᠠᠯ ᠤ᠋ᠨ ᠬᠦᠴᠦᠨ ᠪᠢᠯᠬᠠᠭᠰᠠᠨ
ᠬᠠᠷ᠎ᠠ ᠱᠣᠷᠣᠩ ᠢ᠋ᠶ᠋ᠠᠨ ᠲᠣᠭᠣᠷᠢᠭᠰᠠᠨ
ᠬᠠᠷᠠᠨᠠᠭᠤᠷ᠂  ᠬᠠᠳᠠᠡᠡᠩᠭᠡᠷ ᠲᠡᠢ

ᠤᠳᠤᠮᠲᠤ ᠮᠣᠩᠭᠣᠯ ᠤ᠋ᠨ ᠵᠠᠩᠰᠢᠯ ᠢ᠋ᠶ᠋ᠠᠨ
ᠤᠯᠠᠮᠵᠢᠯᠠᠵᠤ ᠬᠥᠭᠵᠢᠭᠦᠯᠵᠦ ᠢᠷᠡᠭᠰᠡᠨ
ᠤᠷᠤᠭᠰᠢᠯᠠᠵᠤ ᠳᠠᠪᠰᠢᠬᠤ ᠪᠡᠯᠭᠡᠳᠡᠯ ᠲᠡᠢ
ᠤᠰᠤᠡᠡᠬᠢ ᠪᠡᠨ ᠮᠠᠭᠲᠠᠮᠤ

ᠠᠭᠤᠷᠬᠠᠢ ᠶ᠋ᠢᠨ ᠪᠠᠶᠠᠯᠢᠭ ᠢ᠋ ᠬᠠᠳᠠᠭᠠᠯᠠᠭᠰᠠᠨ
ᠠᠯᠲᠠᠡᠡᠦᠶ᠋ᠡᠳᠦᠷ ᠭᠠᠴᠠᠭ᠎ᠠ ᠲᠠᠢ
ᠠᠷᠠᠳ ᠤ᠋ᠨ ᠤᠷᠠᠯᠢᠭ ᠢ᠋ᠶ᠋ᠠᠨ ᠬᠥᠭᠵᠢᠭᠦᠯᠦᠭᠰᠡᠨ
ᠠᠮᠠᠰᠠᠷ ᠤ᠋ᠨ ᠠᠢᠯ ᠤ᠋ᠨ ᠬᠢᠨ ᠢ᠋ ᠮᠠᠭᠲᠠᠮᠤ

ᠮᠣᠩᠭᠣᠯ ᠰᠣᠶᠣᠯ ᠢ᠋ᠶ᠋ᠠᠨ ᠳᠡᠭᠡᠳᠦᠯᠡᠭᠰᠡᠨ
ᠮᠣᠬᠤᠯᠠᠭᠲᠦ ᠶ᠋ᠢᠨ ᠠᠢᠯ ᠢ᠋ ᠵᠢᠷᠤᠭᠯᠠᠶ᠎ᠠ
ᠮᠣᠷᠢᠨ ᠬᠤᠭᠤᠷ ᠢ᠋ᠶ᠋ᠠᠷ ᠢ᠋ᠶ᠋ᠠᠨ ᠠᠯᠳᠠᠷᠰᠢᠭᠰᠠᠨ
ᠮᠤᠬᠤᠷ ᠭᠠᠴᠠᠭ᠎ᠠ ᠶ᠋ᠢ ᠪᠠᠬᠠᠷᠬᠠᠶ᠎ᠠ

ᠨᠠᠩᠭᠢᠶᠠᠳ ᠤ᠋ᠨ ᠲᠠᠷᠢᠶᠠᠯᠠᠬᠤ ᠰᠣᠶᠣᠯ ᠢ᠋
ᠨᠡᠪᠲᠡ ᠡᠵᠡᠮᠰᠢᠭᠰᠡᠨ ᠯᠠᠭᠰᠠᠢᠬᠤᠸᠠ
ᠨᠠᠷᠠ ᠲᠠᠢ ᠬᠤᠷ᠎ᠠ ᠲᠠᠢ ᠨᠤᠲᠤᠭ
ᠨᠠᠷᠠᠰᠤᠲᠠᠢ ᠰᠢᠷ᠎ᠠ ᠵᠠᠮ ᠢ᠋ ᠮᠠᠭᠲᠠᠶ᠎ᠠ

ᠣᠢ ᠰᠠᠬᠤᠯᠢᠭ ᠬᠠᠪᠴᠢᠯ ᠵᠢᠯᠠᠭ᠎ᠠ
ᠣᠷᠭᠢᠯᠵᠤ ᠪᠠᠢᠭ᠎ᠠ ᠷᠠᠰᠢᠶᠠᠨ ᠪᠤᠯᠠᠭ
ᠣᠩᠭᠣᠨ ᠪᠠᠢᠭᠠᠯᠢ ᠶ᠋ᠢᠨ ᠤᠨᠠᠭᠠᠨ ᠲᠥᠷᠬᠦ
ᠤᠳᠤᠮ ᠳᠠᠮᠵᠢᠭᠰᠠᠨ ᠳᠠᠷᠬᠠᠨ ᠥᠯᠥᠭᠡᠢ

ᠤᠤᠭᠠᠯ ᠰᠣᠶᠣᠯ ᠳ᠋ᠠᠭᠠᠨ ᠬᠠᠢᠷᠠᠲᠠᠢ
ᠤᠷᠲᠤ ᠶ᠋ᠢᠨ ᠳᠠᠭᠤᠨ ᠤ᠋ ᠰᠢᠷᠤᠩᠬᠠᠢ ᠲᠠᠢ
ᠤᠬᠠᠭᠠᠨᠲᠤ ᠲᠦᠮᠡᠨ ᠨᠢ ᠨᠠᠢᠷᠲᠠᠢ
ᠤᠯᠠᠮ ᠮᠠᠨᠳᠤᠬᠤ ᠶ᠋ᠢᠨ ᠵᠣᠯᠪᠣᠭ᠎ᠠ ᠲᠠᠢ

ᠪᠣᠳᠣᠯ ᠰᠡᠳᠬᠢᠯ ᠳ᠋ᠦ᠍ ᠬᠣᠨᠣᠭᠰᠢᠭᠰᠠᠨ
ᠪᠤᠷᠬᠠᠨ ᠪᠤᠮᠪᠠ ᠶ᠋ᠢᠨ ᠣᠷᠣᠨ
ᠪᠤᠭᠤᠷᠤᠯ ᠠᠪᠤ ᠶ᠋ᠢᠨ ᠨᠤᠲᠤᠭ
ᠪᠣᠷᠤᠬᠤᠲᠠ ᠪᠠᠨ ᠪᠢᠴᠢᠭᠯᠡᠶ᠎ᠡ

ᠥᠰᠴᠦ ᠲᠥᠷᠥᠭᠰᠡᠨ ᠭᠠᠵᠠᠷ
ᠥᠨᠳᠥᠷ ᠴᠠᠭᠠᠨ ᠮᠠᠩᠬ᠎ᠠ 
ᠦᠯᠢᠭᠡᠷᠲᠦ ᠪᠦᠭᠡᠮᠬᠡ ᠬᠠᠳᠠ
ᠥᠨᠢ ᠮᠥᠩᠬᠡ ᠶ᠋ᠢᠨ ᠬᠠᠪᠲᠠᠭᠠᠢ

ᠠᠪᠤ ᠶ᠋ᠢᠨ ᠳᠦᠷᠢ ᠪᠡᠷ ᠰᠦᠨᠳᠡᠷᠯᠡᠭᠰᠡᠨ
ᠠᠰᠬ᠎ᠠ ᠴᠠᠪᠴᠢᠶᠠᠯ ᠶᠣᠯᠣᠲᠤ
ᠡᠵᠢ ᠶ᠋ᠢᠨ ᠰᠦ ᠰᠢᠭ ᠠᠷᠢᠭᠤᠬᠠᠨ
ᠡᠭᠡᠰᠢᠭᠯᠡᠨ ᠤᠷᠤᠰᠬᠤ ᠳ᠋ᠠᠯᠠᠷ

ᠭᠠᠳᠠᠭᠠᠳᠤ ᠳᠣᠲᠣᠭᠠᠳᠤ ᠳ᠋ᠤ᠌ ᠠᠯᠳᠠᠷ ᠲᠠᠢ
ᠭᠠᠷᠤᠳᠢ ᠶ᠋ᠢᠨ ᠳᠠᠪᠠᠭ᠎ᠠ ᠂ ᠭᠧᠮᠫᠢ ᠶ᠋ᠢᠨ ᠬᠡᠢᠳ
ᠭᠠᠵᠠᠷ ᠤᠰᠤ ᠨᠢ ᠨᠠᠪᠲᠠᠭ ᠲᠠᠢ
ᠭᠠᠨᠵᠤᠤᠷ ᠣᠪᠣᠭᠠᠨ  ᠤ᠋ ᠰᠢᠲᠦᠯᠭᠡ ᠲᠡᠢ

ᠠᠰᠢᠳᠠ ᠵᠢᠷᠭᠠᠬᠤ ᠶ᠋ᠢᠨ ᠰᠠᠭᠤᠴᠠ
ᠠᠮᠢᠨ ᠬᠠᠢᠷᠠᠲᠠᠢ ᠭᠠᠵᠠᠷ ᠮᠢᠨᠢ
ᠠᠮᠤᠷ ᠪᠠᠶᠠᠰᠬᠤᠯᠠᠩᠲᠤ ᠪᠠᠭᠤᠴᠠ
ᠠᠷᠤ ᠬᠣᠷᠴᠢᠨ ᠪᠠᠶᠠᠨᠪᠤᠯᠠᠭ ᠮᠢᠨᠢ

ᠰᠤᠮᠤᠨ ᠵᠠᠰᠠᠭ ᠨᠢ ᠨᠡᠭᠦᠭᠰᠡᠨ ᠴᠤ᠌
ᠰᠤᠷᠭᠠᠭᠤᠯᠢ ᠰᠣᠶᠣᠯ ᠲᠠᠢ ᠪᠠᠨ ᠦᠯᠡᠳᠡᠭᠰᠡᠨ
ᠰᠣᠶᠣᠭᠠᠯᠠᠵᠤ ᠪᠠᠢᠭ᠎ᠠ ᠰᠦᠶᠦᠭᠡ
ᠰᠣᠳᠣᠨ ᠪᠠᠭᠠᠴᠤᠳ ᠨᠢ ᠬᠥᠭᠵᠢᠯᠳᠦᠭᠰᠡᠨ

ᠰᠣᠩᠭᠣᠳᠠᠭ ᠵᠣᠬᠢᠶᠠᠯ ᠳ᠋ᠤ᠌ ᠪᠢᠴᠢᠭᠳᠡᠭᠡ ᠦᠭᠡᠢ ᠴᠤ᠌
ᠰᠤᠳᠤᠷ ᠲᠡᠦᠬᠡ ᠪᠡᠨ ᠲᠠᠮᠠᠭᠠᠯᠠᠭᠰᠠᠨ
ᠰᠤᠤ ᠪᠢᠯᠢᠭᠲᠡᠳ ᠭᠡᠵᠦ ᠦᠨᠡᠯᠡᠭᠳᠡᠭᠡ ᠦᠭᠡᠢ ᠴᠤ᠌
ᠰᠣᠶᠣᠯ ᠠᠷᠠᠨᠰᠢᠨ ᠢ᠋ᠶ᠋ᠠᠨ ᠬᠠᠮᠠᠭᠠᠯᠠᠭᠰᠠᠨ

ᠬᠥᠭᠵᠢᠵᠦ ᠪᠠᠢᠭ᠎ᠠ ᠨᠤᠲᠤᠭ ᠤ᠋ᠨ
ᠬᠥᠮᠦᠨ ᠠᠷᠠᠳ ᠨᠢ ᠳᠠᠷᠤᠤᠬᠠᠨ
ᠬᠥᠳᠡᠭᠡ ᠬᠡᠭᠡᠷ᠎ᠡ ᠪᠡᠯᠴᠢᠭᠡᠷ ᠨᠢ
ᠬᠥᠬᠡᠷᠡᠵᠦ ᠬᠠᠷᠠᠭᠳᠠᠭᠠᠳ ᠲᠠᠷᠠᠤᠬᠠᠨ

ᠬᠤᠭᠤᠷ ᠬᠥᠭᠵᠢᠮ ᠦ᠋ᠨ ᠡᠭᠡᠰᠢᠭ ᠨᠢ
ᠬᠣᠣᠰ ᠴᠢᠪᠬᠠᠳᠠᠰᠤ ᠪᠠᠷ ᠢᠷᠠᠭᠤᠬᠠᠨ
ᠬᠣᠯᠪᠣᠭ᠎ᠠ᠂ ᠰᠢᠯᠦᠭ ᠂ ᠢᠷᠦᠭᠡᠯᠴᠢ ᠨᠢ
ᠬᠣᠲᠠᠯᠠ ᠪᠦᠭᠦᠳᠡ ᠡᠴᠡ ᠠᠷᠤᠤᠬᠠᠨ

ᠨᠠᠮᠢᠷᠠᠭ᠎ᠠ ᠬᠤᠷ᠎ᠠ ᠨᠢ ᠲᠡᠩᠴᠡᠭᠦᠬᠡᠨ
ᠨᠠᠢᠷᠲᠠᠢ ᠰᠠᠢᠬᠠᠨ ᠣᠷᠣᠨ ᠮᠢᠨᠢ
ᠨᠠᠰᠤᠲᠠᠨ ᠪᠤᠭᠤᠷᠤᠯ ᠤ᠋ᠳ ᠤ᠋ᠨ ᠢᠷᠦᠭᠡᠯ ᠲᠡᠢ
ᠨᠠᠷᠠᠨ ᠤ᠋ ᠪᠣᠷᠣᠬᠠᠨ ᠮᠠᠯᠴᠢᠳ ᠮᠢᠨᠢ

ᠨᠠᠮᠤᠷ ᠤ᠋ᠨ ᠨᠠᠪᠴᠢᠰ ᠰᠢᠭ᠋ ᠪᠤᠳᠠᠷᠠᠭ᠎ᠠ ᠦᠭᠡᠢ
ᠨᠠᠢᠷᠠᠭ ᠰᠢᠯᠦᠭ ᠢ᠋ᠶ᠋ᠡᠨ ᠬᠠᠶᠠᠭ᠎ᠠ ᠦᠭᠡᠢ
ᠨᠠᠩᠵᠢᠳ ᠤ᠋ᠨ ᠠᠮᠲᠠ ᠳ᠋ᠤ᠌ ᠪᠠᠯᠠᠷᠠᠭ᠎ᠠ ᠦᠭᠡᠢ
ᠨᠠᠮᠲᠠᠷ ᠲᠡᠦᠬᠡ ᠪᠡᠨ ᠮᠠᠷᠲᠠᠭ᠎ᠠ ᠦᠭᠡᠢ

ᠨᠡᠷᠡᠲᠦ ᠬᠣᠷᠸ᠎ᠠ ᠶ᠋ᠢᠨ ᠵᠠᠢ ᠳ᠋ᠤ᠌
ᠨᠡᠭᠦᠳᠡᠯ ᠰᠣᠶᠣᠯ ᠨᠢ ᠳᠡᠯᠭᠡᠷᠡᠭ
ᠨᠠᠷᠮᠠᠢ ᠮᠣᠩᠭᠣᠯ ᠤ᠋ᠨ ᠬᠣᠢᠴᠢᠰ
ᠨᠡᠷ᠎ᠡ ᠪᠡᠨ ᠡᠷᠭᠦᠵᠦ ᠶᠠᠪᠤᠭ ᠠ᠋!

ᠬᠥᠷᠥᠰᠥᠲᠦ ᠳᠡᠯᠡᠬᠡᠢ ᠶ᠋ᠢᠨ ᠥᠷᠥᠴᠡᠨ ᠳ᠋ᠦ᠍
ᠬᠥᠭᠵᠢᠨ ᠪᠠᠳᠠᠷᠠᠵᠤ ᠳᠡᠯᠭᠡᠷᠡᠭᠡᠰᠡᠢ
ᠬᠥᠬᠡ ᠲᠣᠯᠪᠣᠲᠤ ᠲᠦᠮᠡᠨ ᠮᠢᠨᠢ
ᠬᠦᠴᠦᠷᠬᠡᠭᠵᠢᠨ ᠲᠠᠪᠰᠢᠵᠤ ᠮᠠᠨᠳᠤᠭᠠᠰᠠᠢ

  ᠬᠣᠯᠪᠣᠭᠰᠠᠨ ᠨᠢ᠄ ᠰᠠᠩᠪᠤᠷᠢᠨᠴᠢᠨ
  ᠦᠰᠦᠭ ᠬᠠᠳᠠᠭᠴᠢ᠄ ᠪᠣᠷᠵᠢᠭᠢᠨ ᠰᠠᠷᠠᠨ᠎ᠠ
  ᠬᠢᠨᠠᠭᠴᠢ᠄ ᠠᠯᠲᠠᠨᠴᠡᠴᠡᠭ