ᠨᠤᠲᠤᠭ ᠲᠠᠭᠠᠨ ᠣᠴᠢᠭᠠᠳ ᠢᠷᠡᠯ᠎ᠡ – ᠪᠠᠪᠤᠤ ᠶ᠋ᠢᠨ ᡀᠬᠠᠪᠠᠰᠥ᠋ᠷᠦᠩ Нутагтаа очоод ирлээ – Бавуугийн Лхагвасүрэн
ᠨᠤᠲᠤᠭ ᠲᠠᠭᠠᠨ ᠣᠴᠢᠭᠠᠳ ᠢᠷᠡᠯ᠎ᠡ
ᠨᠠᠭᠤᠷ ᠤ᠋ᠨ ᠤᠰᠤᠨ ᠳ᠋ᠤ᠌ ᠬᠤᠷᠠᠵᠤ
ᠠᠳᠤᠭᠤ ᠲᠡᠭᠡᠷᠡᠬᠦ ᠬᠠᠯᠠᠭᠤᠨ ᠢ᠋ᠶ᠋ᠠᠷ
ᠨᠤᠲᠤᠭ ᠲᠠᠭᠠᠨ ᠣᠴᠢᠭᠠᠳ ᠢᠷᠡᠯ᠎ᠡ ᠁
ᠳᠥᠮᠥᠨ ᠳᠥᠮᠥᠨ ᠰᠠᠯᠬᠢᠨ ᠳ᠋ᠤᠨᠢ
ᠪᠡᠶ᠎ᠡ ᠪᠡᠨ ᠰᠦᠪᠡᠯᠡᠭᠡᠳ ᠢᠷᠡᠯ᠎ᠡ᠁
ᠳᠦᠩᠭᠡᠷ ᠳᠦᠩᠭᠡᠷ ᠴᠢᠯᠠᠭᠤᠨ ᠳ᠋ᠤᠨᠢ
ᠪᠡᠲᠡᠭᠢ ᠪᠡᠨ ᠬᠠᠭᠠᠯᠤᠭᠠᠳ ᠢᠷᠡᠯ᠎ᠡ᠁
ᠡᠷ᠎ᠡ ᠳ᠋ᠡᠭᠡᠨ ᠲᠤᠨᠢᠬᠰᠠᠨ ᠲᠣᠭᠣᠷᠤᠤ
ᠬᠦᠵᠦᠭᠦᠦ ᠰᠤᠩᠭᠠᠨ ᠳᠣᠩᠰᠢᠬᠤ ᠴᠠᠭ ᠢ᠋ᠶ᠋ᠠᠷ
ᠢᠵᠢᠢ ᠨᠤᠲᠤᠭ ᠲᠠᠭᠠᠨ ᠣᠴᠢᠭᠠᠳ ᠢᠷᠡᠯ᠎ᠡ᠁
ᠲᠡᠷᠭᠡᠨ ᠲᠡᠷᠭᠡᠨ ᠵᠡᠷᠭᠡᠯᠭᠡᠨ ᠳ᠋ᠦ᠍ᠨᠢ
ᠳᠦᠷᠰᠦ ᠪᠡᠨ ᠰᠡᠮᠡᠯᠦᠭᠡᠳ ᠢᠷᠡᠯ᠎ᠡ᠁
ᠳᠡᠨᠵᠢᠨ ᠲᠣᠨᠵᠢᠨ ᠴᠡᠴᠡᠭᠡᠨ ᠳ᠋ᠦ᠍ᠨᠢ
ᠬᠥᠯ ᠢ᠋ᠶ᠋ᠡᠨ ᠠᠳᠢᠰᠯᠠᠭᠠᠳ ᠢᠷᠡᠯ᠎ᠡ᠃
ᠳᠠᠭᠠᠨ᠎ᠠ ᠶ᠋ᠢᠨ ᠲᠣᠯᠣᠭᠠᠢ ᠵᠠᠮᠪᠠᠭᠠᠯᠠᠵᠦ
ᠲᠠᠯ᠎ᠠ ᠪᠢᠯᠠᠭᠤᠷᠠᠬᠤ ᠦᠶ᠎ᠡ ᠪᠡᠷ
ᠲᠣᠭᠣᠨᠣᠲᠤ ᠳ᠋ᠠᠭᠠᠨ ᠣᠴᠢᠭᠠᠳ ᠢᠷᠡᠯ᠎ᠡ᠃
ᠪᠠᠳᠠᠭ ᠪᠠᠳᠠᠭ ᠡᠭᠦᠯᠡ ᠪᠡᠷ ᠨᠢ
ᠨᠢᠯᠪᠤᠰᠤ ᠪᠠᠨ ᠠᠷᠴᠢᠭᠠᠳ ᠢᠷᠡᠯ᠎ᠡ᠁
ᠪᠣᠷᠭᠢᠯ ᠬᠠᠷᠭᠢᠯ ᠤᠰᠤ ᠪᠠᠷ ᠨᠢ
ᠨᠢᠭᠦᠯ ᠢ᠋ᠶ᠋ᠡᠨ ᠰᠦᠯᠡᠭᠡᠳ ᠢᠷᠡᠯ᠎ᠡ᠁
2004.6.17 —24
ᠳᠥᠯᠭᠡᠨ ᠪᠠᠶᠠᠨ ᠤ᠋ ᠠᠭᠤᠯᠠ
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
