ᠠᠮᠢᠨ ᠡᠷᠳᠡᠨᠢ ᠶ᠋ᠢᠨ ᠪᠣᠭᠴᠣ -ᠡᠩᠬᠡᠲᠥ᠋ᠷᠦ Амин эрднийн богц- Энхтөр ᠬᠡᠦᠬᠡᠳ ᠦᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠢᠨ ᠡᠷᠳᠡᠨᠢ ᠶ᠋ᠢᠨ ᠪᠣᠭᠴᠣ -ᠡᠩᠬᠡᠲᠥ᠋ᠷᠦ Амин эрднийн богц- Энхтөр

ᠠᠮᠢᠨ ᠡᠷᠳᠡᠨᠢ ᠶ᠋ᠢᠨ ᠪᠣᠭᠴᠣ -ᠡᠩᠬᠡᠲᠥ᠋ᠷᠦ Амин эрднийн богц- Энхтөр

2025-07-12

11623

ᠠᠮᠢᠨ ᠡᠷᠳᠡᠨᠢ ᠶ᠋ᠢᠨ ᠪᠣᠭᠴᠣ

         ᠦᠭᠡ᠄ ᠲᠤᠭᠴᠢ ᠯᠤᠪᠰᠠᠩ 
         ᠠᠶ᠎ᠠ᠄ ᠳᠠᠯᠠᠨᠪᠠᠶᠠᠷ 
         ᠪᠢᠴᠢᠬᠠᠨ  ᠳᠠᠭᠤᠴᠢᠨ᠄ ᠡᠩᠬᠡᠲᠥ᠋ᠷᠦ 
             
ᠠᠷᠤᠨ ᠳ᠋ᠤ᠌ ᠪᠠᠨ ᠡᠭᠦᠷᠦᠭᠡᠳ ᠶᠠᠪᠤᠳᠠᠭ 
ᠠᠯᠢᠮᠠᠨ ᠬᠤᠸᠠᠷ ᠲᠠᠢ ᠪᠣᠭᠴᠣ ᠮᠢᠨᠢ᠂
ᠠᠪᠤ ᠶ᠋ᠢᠨ ᠮᠢᠨᠢ ᠬᠠᠢᠷ᠎ᠠ ᠰᠢᠩᠭᠡᠭᠰᠡᠨ 
ᠠᠮᠢᠨ ᠡᠷᠳᠡᠨᠢ ᠶ᠋ᠢᠨ ᠪᠣᠭᠴᠣ ᠮᠢᠨᠢ᠃
     ᠠᠮᠢᠨ ᠡᠷᠳᠡᠨᠢ ᠶ᠋ᠢᠨ ᠪᠣᠭᠴᠣ ᠮᠢᠨᠢ 
     ᠠᠷᠢᠭᠤᠨ ᠡᠷᠳᠡᠮ ᠦ᠋ᠨ ᠬᠥᠮᠥᠷᠭᠡ᠂
     ᠠᠪᠤ ᠡᠵᠢ ᠶ᠋ᠢᠨ ᠬᠠᠢᠷ᠎ᠠ ᠰᠢᠩᠭᠡᠭᠰᠡᠨ 
     ᠠᠮᠢᠨ ᠡᠷᠳᠡᠨᠢ ᠶ᠋ᠢᠨ ᠪᠣᠭᠴᠣ ᠮᠢᠨᠢ᠃

ᠡᠯᠢᠭᠡᠨ ᠳ᠋ᠦ᠍ ᠪᠡᠨ ᠲᠡᠪᠡᠷᠢᠭᠡᠳ ᠭᠦᠶᠦᠳᠡᠭ
ᠡᠷᠢᠶᠡᠨ ᠬᠤᠸᠠᠷ ᠲᠠᠢ ᠪᠣᠭᠴᠣ ᠮᠢᠨᠢ᠂
ᠡᠵᠢ ᠶ᠋ᠢᠨ ᠮᠢᠨᠢ ᠬᠠᠢᠷ᠎ᠠ ᠰᠢᠩᠭᠡᠭᠰᠡᠨ
ᠠᠮᠢᠨ ᠡᠷᠳᠡᠨᠢ ᠶ᠋ᠢᠨ ᠪᠣᠭᠴᠣ ᠮᠢᠨᠢ᠃
( ᠳᠠᠬᠢᠯᠲᠠ)

ᠰᠢᠷᠡᠭᠡᠨ ᠳ᠋ᠦ᠍ ᠪᠡᠨ ᠡᠯᠭᠦᠭᠡᠳ ᠱᠠᠭᠰᠢᠳᠠᠭ
ᠰᠢᠨᠡᠬᠡᠨ ᠬᠤᠸᠠᠷ ᠲᠠᠢ ᠪᠣᠭᠴᠣ ᠮᠢᠨᠢ᠂
ᠰᠣᠶᠣᠯ ᠤ᠋ᠨ ᠰᠢᠮ᠎ᠡ ᠪᠡᠨ ᠬᠦᠷᠲᠡᠭᠡᠭᠰᠡᠨ
ᠠᠮᠢᠨ ᠡᠷᠳᠡᠨᠢ ᠶ᠋ᠢᠨ ᠪᠣᠭᠴᠣ ᠮᠢᠨᠢ᠃
( ᠳᠠᠬᠢᠯᠲᠠ)
        ᠦᠰᠦᠭ ᠠᠮᠢᠯᠠᠭᠤᠯᠤᠭᠴᠢ᠄ ᠰᠣᠳᠣ
        ᠦᠰᠦᠭ ᠬᠠᠲᠠᠭᠴᠢ᠄ ᠰᠣᠳᠣ
        ᠬᠢᠨᠠᠭᠴᠢ᠄ ᠲᠤᠭᠴᠢ ᠯᠤᠪᠰᠠᠩ