ᠰᠡᠮᠡᠷᠡᠯ – ᠱ᠂ ᠭᠦᠷᠦᠪᠠᠽᠠᠷ Сэмрэл - Ш᠂ Гүрбазар
ᠰᠡᠮᠡᠷᠡᠯ
ᠶᠠᠮᠠᠷ ᠬᠠᠴᠢᠨ ᠶᠤᠮ ᠪᠣᠢ
ᠪᠣᠷᠣᠭ᠎ᠠ ᠰᠢᠪᠡᠷᠡᠵᠦ ᠪᠠᠢᠬᠤ ᠳ᠋ᠤ᠌
ᠡᠪᠦᠯ ᠰᠢᠭ ᠰᠠᠨᠠᠭᠳᠠᠭᠠᠳ ᠪᠠᠢᠬᠤ ᠶᠤᠮ
ᠶᠠᠭᠠᠬᠢᠬᠤ ᠶ᠋ᠢᠨ ᠠᠷᠭ᠎ᠠ ᠦᠭᠡᠢ
ᠴᠢᠮᠠᠶ᠋ᠢ ᠯᠠ ᠰᠠᠨᠠᠵᠤ ᠳᠠ᠂ ᠪᠢ
ᠶᠠᠮᠠᠷ ᠬᠠᠴᠢᠨ ᠶᠤᠮ ᠪᠣᠢ
ᠴᠡᠴᠡᠭ ᠳᠡᠯᠭᠡᠷᠡᠵᠦ ᠪᠠᠢᠬᠤ ᠳ᠋ᠤ᠌
ᠨᠠᠮᠤᠷ ᠰᠢᠭ᠋ ᠪᠣᠳᠣᠭᠳᠠᠭᠠᠳ ᠪᠠᠢᠬᠤ ᠶᠤᠮ
ᠴᠡᠭᠡᠵᠢᠨ ᠴᠠᠭᠠᠨ᠎ᠠ ᠪᠠᠨ
ᠴᠢᠮᠠᠶ᠋ᠢ ᠪᠠᠨ ᠯᠠ ᠰᠠᠨᠠᠵᠤ ᠳᠠ᠂ ᠪᠢ
ᠪᠤᠷᠤᠭᠤ ᠰᠠᠯᠬᠢᠨ ᠤ᠋ ᠦᠵᠦᠭᠦᠷ ᠳᠠᠭᠠᠭᠠᠳ
ᠤᠷᠤᠭᠤᠳᠠᠭᠰᠠᠨ ᠴᠤ᠌ ᠶᠤᠮ ᠤᠤ ᠳᠠ ᠴᠢ
ᠨᠠᠮᠠᠶ᠋ᠢ ᠪᠠᠨ ᠠᠭᠤᠴᠢᠯᠠᠭᠠᠷᠠᠢ
ᠪᠤᠴᠠᠭᠠᠳ ᠢᠷᠡᠬᠦ ᠰᠢᠪᠠᠭᠤᠳ ᠤ᠋ᠨ ᠴᠤᠪᠤᠭ᠎ᠠ ᠶ᠋ᠢ
ᠲᠣᠰᠤᠭ᠎ᠠ ᠦᠭᠡᠢ ᠴᠤ᠌ ᠶᠤᠮ ᠤᠤ ᠳᠠ ᠴᠢ
ᠨᠠᠮᠠᠶ᠋ᠢ ᠣᠷᠬᠢᠭᠠᠷᠠᠢ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
