ᠴᠠᠭ ᠲᠥᠷᠥ ᠶᠢᠨ ᠦᠢᠮᠡᠭᠡᠨ – ᠳ᠋᠊᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠳᠦᠷᠪᠡ〕 Цаг төрийн үймээн – Д ᠂ Намдаг - Амьдралын зам ᠂ нэгдүгээр бүлэг - 4
ᠰᠠᠨᠠᠭ᠎ᠠ ᠦᠭᠡᠢ ᠶᠠᠭᠤᠮ᠎ᠠ ᠪᠠᠨ ᠰᠠᠨᠠᠪᠠ
— ᠲᠠ ᠨᠠᠷ ᠭᠠᠮᠢᠩ ᠤ᠋ᠳ ᠪᠠᠢᠵᠤ ᠶᠠᠭᠤᠨ ᠳ᠋ᠤ᠌ ᠦᠬᠦᠭᠰᠡᠨ ᠦᠭᠡᠢ ᠪᠣᠢ? ᠭᠡᠪᠡ᠃ ᠡᠨᠡ ᠳᠠᠷᠤᠢ ᠨᠥᠭᠥᠭᠡᠳᠦᠭᠦᠯᠡ ᠨᠢ᠄
— ᠲᠡᠭᠡᠪᠡᠯ ᠪᠢᠳᠡ ᠭᠠᠮᠢᠩ ᠪᠣᠯᠬᠤ ᠦᠭᠡᠢ! ᠭᠡᠵᠦ ᠠᠮᠠ ᠠᠮᠠᠨ ᠳ᠋ᠠᠭᠠᠨ ᠱᠤᠤᠭᠢᠯᠳᠤᠪᠠ᠃ ᠢᠩᠭᠢᠭᠡᠳ ᠡᠴᠦᠰ ᠲᠦ᠋ᠨᠢ ᠭᠠᠮᠢᠩ ᠪᠣᠯᠬᠤ ᠬᠡᠦᠬᠡᠳ ᠣᠯᠳᠠᠬᠤ ᠦᠭᠡᠢ ᠪᠣᠯᠤᠭᠰᠠᠨ ᠳ᠋ᠤ᠌ ᠪᠠᠯᠳᠠᠨᠴᠡᠷᠢᠭ ᠦ᠋ᠨ ᠰᠡᠳᠬᠢᠯ ᠪᠠᠶᠠᠷᠯᠠᠬᠤ ᠮᠡᠲᠦ ᠪᠣᠯᠤᠨ᠄
— ᠵᠥᠪ! ᠲᠠ ᠨᠠᠷ ᠤ᠋ᠨ ᠦᠶ᠎ᠡ ᠳ᠋ᠦ᠍ ᠮᠠᠨ ᠤ᠋ ᠣᠷᠣᠨ ᠳ᠋ᠤ᠌ ᠭᠠᠮᠢᠩ ᠤ᠋ᠳ ᠪᠠᠢᠬᠤ ᠦᠭᠡᠢ ᠪᠠᠢᠨ᠎ᠠ ᠭᠡᠵᠦ ᠢᠨᠢᠶᠡᠮᠰᠦᠭᠯᠡᠨ ᠬᠡᠯᠡᠪᠡ᠃ ᠬᠡᠦᠬᠡᠳ ᠴᠥᠮ ᠪᠠᠯᠳᠠᠨᠴᠡᠷᠢᠭ ᠢ᠋ ᠭᠠᠢᠬᠠᠨ ᠬᠠᠷᠠᠪᠠ᠃ ᠭᠣᠶᠣ ᠰᠠᠢᠬᠠᠨ ᠬᠤᠪᠴᠠᠰᠤ ᠲᠠᠢ ᠬᠥᠮᠦᠨ ᠢ᠋ ᠭᠡᠨᠡᠳᠲᠡ ᠬᠠᠷᠠᠭᠰᠠᠨ ᠳ᠋ᠠᠭᠠᠨ ᠲᠡᠳᠡᠨ ᠠᠶᠤᠨ ᠰᠦᠷᠳᠡᠬᠦ ᠠᠵᠢ᠃ ᠭᠡᠪᠡᠴᠦ ᠨᠢᠭᠡ ᠨᠢ᠄
— ᠭᠠᠮᠢᠩ ᠬᠠᠮᠢᠭ᠎ᠠ ᠣᠴᠢᠬᠤ ᠪᠣᠢ? ᠭᠡᠵᠦ ᠨᠢᠳᠦ ᠪᠡᠨ ᠪᠦᠯᠲᠡᠢᠯᠭᠡᠨ ᠠᠰᠠᠭᠤᠪᠠ᠃
— ᠤᠰᠠᠳᠬᠠᠭᠳᠠᠨ᠎ᠠ! ᠡᠳᠡ ᠨᠠᠷ ᠢ᠋ ᠴᠢᠨᠢ ᠪᠢᠳᠡ ᠲᠠ ᠨᠠᠷ ᠠ᠋ᠴᠠ ᠲᠦᠷᠦᠭᠦᠯᠡᠭᠡᠳ ᠦᠭᠡᠢ ᠬᠢᠴᠢᠬᠡᠬᠦ ᠪᠠᠢᠯᠭᠦᠢ ᠳᠡ ᠭᠡᠬᠦ ᠳ᠋ᠦ᠍ ᠪᠠᠯᠳᠠᠨᠴᠡᠷᠢᠭ ᠬᠡᠦᠬᠡᠳ ᠦ᠋ᠳ ᠦ᠋ᠨ ᠳᠤᠮᠳᠠᠭᠤᠷ ᠣᠷᠣᠨ ᠴᠠᠭᠠᠰᠢ ᠶᠠᠪᠤᠯ᠎ᠠ᠃ ᠨᠡᠯᠢᠶᠡᠳ ᠶᠠᠪᠤᠭᠰᠠᠨ ᠢ᠋ᠶ᠋ᠠᠨ ᠡᠷᠭᠢᠨ ᠬᠠᠷᠠᠬᠤ ᠳ᠋ᠤ᠌ ᠬᠡᠦᠬᠡᠳ ᠦ᠋ᠳ ᠬᠣᠢᠨ᠎ᠠ ᠠ᠋ᠴᠠ ᠨᠢ ᠭᠠᠢᠬᠠᠨ ᠰᠢᠷᠳᠡᠭᠰᠡᠭᠡᠷ ᠪᠣᠢ ᠦᠵᠡᠭᠳᠡᠨ᠎ᠡ᠃
ᠣᠳᠣ ᠪᠠᠯᠳᠠᠨᠴᠡᠷᠢᠭ ᠡᠨᠡ ᠬᠡᠦᠬᠡᠳ ᠦ᠋ᠳ ᠦ᠋ᠨ ᠲᠣᠭᠯᠠᠯᠲᠠ ᠶ᠋ᠢ ᠪᠡᠯᠭᠡᠰᠢᠶᠡᠬᠦ ᠡᠴᠡ ᠭᠠᠳᠠᠨ᠎ᠠ ᠠᠷᠤ ᠭᠡᠷ ᠦ᠋ᠨ ᠬᠢᠨᠢ ᠬᠥᠮᠦᠰ ᠭᠠᠮᠢᠩ ᠤ᠋ᠳ ᠢ᠋ ᠡᠷᠬᠡ ᠦᠭᠡᠢ ᠳᠠᠢᠳᠤᠨ ᠲᠤᠯᠤᠯᠳᠤᠬᠤ ᠪᠠᠷ ᠬᠥᠭᠡᠭᠡᠨ ᠵᠠᠢᠯᠠᠭᠤᠯᠤᠨ᠎ᠠ ᠭᠡᠵᠦ ᠶᠠᠷᠢᠳᠠᠭ ᠠ᠋ᠴᠠ ᠡᠳᠡ ᠨᠠᠷ ᠢᠩᠭᠢᠵᠦ ᠲᠣᠭᠯᠠᠬᠤ ᠪᠣᠯᠤᠭᠰᠠᠨ ᠪᠠᠢᠬᠤ ᠶᠣᠰᠣᠲᠠᠢ ᠭᠡᠵᠦ ᠪᠣᠳᠣᠪᠠ᠃ ᠢᠩᠭᠢᠬᠦ ᠳ᠋ᠦ᠍ ᠥᠪᠡᠷ ᠢ᠋ᠶ᠋ᠡᠨ ᠬᠡᠦᠬᠡᠳ ᠦ᠋ᠳ ᠦ᠋ᠨ ᠡᠮᠦᠨ᠎ᠡ ᠰᠠᠨᠠᠮᠰᠠᠷ ᠦᠭᠡᠢ ᠬᠡᠯᠡᠭᠰᠡᠨ ᠦᠭᠡ ᠪᠡᠨ ᠡᠷᠭᠢᠴᠡᠭᠦᠯᠦᠨ ᠦᠵᠡᠬᠦ ᠳ᠋ᠦ᠍ ᠴᠦ᠍ ᠶᠡᠷᠦ ᠮᠠᠭᠤ ᠪᠢᠰᠢ᠂ ᠶᠠᠭᠤᠨ ᠳ᠋ᠤ᠌ ᠭᠡᠪᠡᠯ ᠬᠡᠦᠬᠡᠳ ᠦ᠋ᠳ ᠭᠡᠷ ᠬᠠᠷᠢᠭᠠᠳ《ᠨᠢᠭᠡ ᠬᠥᠮᠦᠨ ᠭᠠᠮᠢᠩ ᠤ᠋ᠳ ᠢ᠋ ᠪᠢᠳᠡ ᠲᠠ ᠨᠠᠷ ᠠ᠋ᠴᠠ ᠲᠦᠷᠦᠭᠦᠯᠡᠨ ᠤᠰᠠᠳᠬᠠᠨ᠎ᠠ》 ᠭᠡᠵᠦ ᠬᠡᠯᠡᠪᠡ ᠭᠡᠵᠦ ᠶᠠᠷᠢᠬᠤ ᠨᠢ ᠮᠠᠭᠠᠳ ᠪᠠᠢᠬᠤ ᠪᠥᠭᠡᠳ ᠡᠨᠡ ᠦᠭᠡ ᠴᠢᠨᠠᠳᠤᠬᠢ ᠬᠥᠮᠦᠰ ᠦ᠋ᠨ ᠴᠢᠬᠢᠨ ᠳ᠋ᠦ᠍ ᠶᠠᠮᠠᠷ ᠢ᠋ᠶ᠋ᠠᠷ ᠰᠣᠨᠣᠰᠤᠭᠳᠠᠬᠤ ᠶ᠋ᠢ ᠪᠣᠳᠣᠬᠤ ᠳ᠋ᠤ᠌ ᠮᠥᠨ ᠴᠦ᠍ ᠠᠶᠠᠲᠠᠢᠬᠠᠨ ᠠᠵᠢ᠃
ᠬᠦᠷᠢᠶᠡᠨ ᠦ᠌ ᠵᠠᠬ᠎ᠠ ᠳ᠋ᠤ᠌ ᠭᠠᠷᠤᠨ ᠳᠤᠮᠳᠠ ᠭᠣᠣᠯ ᠭᠡᠭᠴᠢ ᠭᠠᠵᠠᠷ ᠬᠦᠷᠪᠡ᠃ ᠭᠣᠣᠯ ᠤ᠋ᠨ ᠳᠡᠭᠡᠭᠦᠷ ᠲᠠᠯᠪᠢᠭᠰᠠᠨ ᠬᠦᠷᠡᠩ ᠤᠯᠠᠭᠠᠨ ᠪᠣᠳᠣᠭ ᠲᠠᠢ ᠭᠦᠦᠷ ᠳᠡᠭᠡᠷ᠎ᠡ ᠭᠠᠷᠬᠤ ᠳ᠋ᠤ᠌ ᠠᠭᠤᠷ ᠠᠮᠢᠰᠬᠤᠯ ᠮᠠᠰᠢ ᠰᠠᠢᠬᠠᠨ᠂ ᠭᠦᠦᠷ ᠦ᠋ᠨ ᠳᠣᠣᠷᠠᠬᠢ ᠮᠥᠰᠥ ᠲᠤᠩᠭᠠᠯᠠᠭ᠂ ᠲᠩᠷᠢ ᠶ᠋ᠢᠨ ᠲᠤᠩᠭᠠᠯᠠᠭ ᠴᠡᠩᠬᠡᠷ ᠥᠩᠭᠡ ᠶ᠋ᠢ ᠥᠪᠡᠷ ᠲᠡᠭᠡᠨ ᠲᠡᠳᠡᠨ ᠭᠥᠯᠢᠢᠬᠦ ᠪᠡᠷ ᠢ᠋ᠶ᠋ᠡᠨ ᠭᠥᠯᠢᠢᠭᠰᠡᠨ ᠢ᠋ ᠬᠡᠯᠡᠬᠦ ᠤᠤ?《ᠥᠪᠡᠷ ᠦ᠋ᠨ ᠪᠡᠶ᠎ᠡ ᠣᠷᠴᠢᠯᠠᠩ ᠶᠢᠷᠲᠢᠨᠴᠦ ᠡᠴᠡ ᠲᠠᠰᠤᠷᠠᠨ ᠭᠡᠷ ᠦ᠋ᠨ ᠮᠤᠬᠤᠷ ᠲᠤ ᠰᠢᠭᠢᠳᠦᠨ ᠬᠡᠪᠲᠡᠵᠦ ᠪᠠᠢᠭᠰᠠᠨ ᠮᠠᠨᠢ ᠱᠠᠯ ᠳᠡᠮᠡᠢ ᠪᠠᠢᠵᠤ ᠳᠠ》 ᠭᠡᠰᠡᠨ ᠢ᠋ ᠪᠣᠳᠣᠭᠳᠠᠭᠤᠯᠤᠨ᠎ᠠ᠃
ᠪᠠᠷᠠᠭᠤᠨ ᠠ᠋ᠴᠠ ᠪᠠᠬᠠᠨ ᠶᠠᠪᠠᠭᠠᠨ ᠤᠯᠤᠰ ᠬᠦᠪᠦᠷᠡᠯᠳᠦᠨ ᠠᠢᠰᠤᠢ ᠶᠠᠪᠤᠯ᠎ᠠ᠃ ᠪᠠᠯᠳᠠᠨᠴᠡᠷᠢᠭ ᠲᠡᠳᠡᠨ ᠢ᠋ ᠭᠠᠮᠢᠩ ᠤ᠋ᠳ ᠭᠡᠵᠦ ᠪᠣᠳᠣᠨ ᠳᠣᠲᠣᠷ᠎ᠠ ᠨᠢ ᠵᠢᠷᠢᠰᠬᠢᠪᠡ᠃ ᠭᠦᠦᠷ ᠦ᠋ᠨ ᠬᠠᠰᠢᠯᠭ᠎ᠠ ᠳᠡᠭᠡᠷ᠎ᠡ ᠵᠥᠷᠢᠭᠦᠯᠦᠨ ᠡᠯᠢᠭᠡ ᠪᠡᠷ ᠢ᠋ᠶ᠋ᠡᠨ ᠳᠥᠰᠢᠨ ᠵᠣᠭᠰᠣᠵᠤ ᠣᠢᠷᠠᠲᠤᠨ ᠢᠷᠡᠬᠦ ᠶ᠋ᠢ ᠨᠢ ᠬᠦᠯᠢᠶᠡᠪᠡ᠃ ᠭᠡᠲᠡᠯ᠎ᠡ ᠲᠡᠷᠡ ᠭᠠᠮᠢᠩ ᠪᠢᠰᠢ᠂ ᠭᠠᠮᠢᠩ ᠤ᠋ᠳ ᠲᠤ᠌ ᠲᠠᠭᠤᠭᠳᠠᠨ ᠶᠠᠪᠤᠭ᠎ᠠ ᠴᠠᠬᠠᠷ ᠤ᠋ᠳ ᠪᠥᠭᠡᠳ ᠭᠠᠷ ᠲᠠᠭᠠᠨ ᠭᠠᠪᠠ ᠲᠠᠢ᠂ ᠬᠥᠯ ᠳ᠋ᠡᠭᠡᠨ ᠲᠤᠰᠢᠶ᠎ᠠ ᠲᠠᠢ᠂ ᠡᠮᠦᠰᠦᠭᠰᠡᠨ ᠬᠤᠪᠴᠠᠰᠤ ᠨᠣᠣᠷᠠᠩᠬᠠᠢ᠂ ᠲᠡᠮᠦᠷ ᠲᠤᠰᠢᠶᠠᠨ ᠳ᠋ᠠᠭᠠᠨ ᠪᠠᠷᠢᠭᠳᠠᠨ ᠣᠢᠷᠠᠬᠠᠨ ᠣᠢᠷᠠᠬᠠᠨ ᠭᠢᠰᠬᠢᠯᠡᠬᠦ ᠪᠥᠭᠡᠳ ᠡᠬᠢᠨ ᠦ᠌ ᠪᠡᠨ ᠬᠥᠮᠦᠨ ᠡᠴᠡ ᠠᠪᠤᠭᠠᠳ ᠡᠴᠦᠰ ᠦ᠋ᠨ ᠬᠢᠨᠢ ᠪᠣᠯᠪᠠᠴᠤ ᠵᠥᠪᠬᠡᠨ ᠨᠢᠭᠡᠨ ᠭᠠᠵᠠᠷ ᠭᠢᠰᠬᠢᠬᠦ ᠶ᠋ᠢ ᠬᠢᠴᠢᠶᠡᠬᠦ ᠮᠡᠲᠦ᠂ ᠬᠦᠢᠲᠡᠨ ᠵᠢᠪᠠᠷ ᠲᠤ ᠨᠡᠪᠲᠡ ᠴᠣᠬᠢᠭᠳᠠᠭᠰᠠᠨ ᠭᠠᠩᠳᠠᠮᠠᠯ ᠴᠢᠷᠠᠢ ᠪᠠᠷ ᠢ᠋ᠶ᠋ᠠᠨ ᠳᠣᠷᠣᠭᠰᠢ ᠰᠢᠷᠲᠡᠨ ᠠᠯᠬᠤᠯᠠᠨ᠎ᠠ᠃
《ᠡᠳᠡᠭᠡᠷ ᠬᠥᠮᠦᠰ ᠶᠠᠭᠤᠨ ᠤ᠋ ᠤᠯᠤᠰ ᠪᠢᠯᠡ?》 ᠭᠡᠬᠦ ᠡᠴᠡ ᠬᠡᠳᠦᠨ ᠬᠣᠨᠣᠭ ᠤ᠋ᠨ ᠡᠮᠦᠨ᠎ᠡ ᠱᠠᠪᠢ ᠨᠢ《ᠥᠪᠥᠷ ᠮᠣᠩᠭᠣᠯ ᠤ᠋ᠨ ᠡᠷᠬᠡ ᠴᠢᠯᠥᠭᠡ ᠶ᠋ᠢᠨ ᠢ᠋ᠶ᠋ᠡᠨ ᠲᠥᠯᠥᠭᠡ ᠲᠡᠮᠡᠴᠡᠭᠴᠢᠳ ᠭᠠᠮᠢᠩ ᠤ᠋ᠳ ᠲᠤ᠌ ᠢᠯᠠᠭᠳᠠᠨ ᠣᠷᠣᠰ ᠤᠷᠤᠭᠤ ᠵᠢᠭᠤᠲᠠᠭᠠᠳ ᠲᠡᠨᠳᠡ ᠡᠴᠡ ᠪᠡᠨ ᠠᠷᠤ ᠮᠣᠩᠭᠣᠯ ᠳ᠋ᠤ᠌ ᠢᠷᠡᠬᠦ ᠪᠡᠷ ᠬᠢᠶᠠᠭᠲᠤ ᠳ᠋ᠤ᠌ ᠢᠷᠡᠭᠰᠡᠨ ᠢ᠋ ᠭᠠᠮᠢᠩ ᠤ᠋ᠳ ᠪᠠᠷᠢᠭᠰᠠᠨ ᠭᠡᠨ᠎ᠡ》 ᠭᠡᠵᠦ ᠬᠠᠮᠢᠭ᠎ᠠ ᠨᠢᠭᠡ ᠲᠤᠭᠤᠯᠤᠭᠰᠠᠨ ᠢ᠋ᠶ᠋ᠠᠨ ᠶᠠᠷᠢᠭᠰᠠᠨ ᠨᠢ ᠰᠠᠨᠠᠭᠠᠨ ᠳ᠋ᠤ᠌ ᠣᠷᠣᠨ᠂ ᠨᠢᠳᠦ ᠶ᠋ᠢ ᠨᠢ ᠨᠢᠯᠪᠤᠰᠤ ᠪᠦᠷᠬᠦᠪᠡ᠃ ᠴᠠᠭᠠᠰᠢ ᠠᠵᠢᠭᠯᠠᠬᠤ ᠭᠡᠬᠦ ᠳ᠋ᠦ᠍ ᠨᠢᠭᠡ ᠳ᠋ᠦ᠍ ᠨᠢᠳᠦ ᠬᠠᠯᠲᠤᠷᠢᠨᠠ᠂ ᠬᠣᠶᠠᠷ ᠲᠤ ᠭᠠᠮᠢᠩ ᠤ᠋ᠳ ᠲᠤ᠌ ᠨᠢᠯᠪᠤᠰᠤ ᠪᠠᠨ ᠦᠵᠡᠭᠦᠯᠬᠦ ᠦᠭᠡᠢ ᠶ᠋ᠢ ᠬᠢᠴᠢᠶᠡᠬᠦ ᠬᠡᠷᠡᠭᠲᠡᠢ ᠪᠠᠢᠯ᠎ᠠ᠃ ᠳᠣᠷᠣᠭᠰᠢ ᠪᠥᠬᠥᠢᠬᠦ ᠳ᠋ᠦ᠍ ᠲᠠᠭᠤᠭᠳᠠᠭᠰᠠᠠᠳ ᠤ᠋ᠨ ᠲᠦᠷᠦᠭᠦᠴᠢ ᠶ᠋ᠢᠨ ᠬᠥᠮᠦᠨ ᠦ᠌ ᠬᠥᠯ ᠦ᠋ᠨ ᠲᠤᠰᠢᠶ᠎ᠠ ᠲᠡᠮᠦᠷ ᠭᠢᠨᠵᠢ ᠱᠠᠵᠢᠭᠢᠨᠠᠨ ᠴᠢᠬᠢᠨ ᠳ᠋ᠦ᠍ ᠴᠢᠭᠢᠷᠡᠲᠦᠵᠦ᠂ ᠪᠡᠶᠡᠰ ᠨᠢ ᠲᠤᠩᠭᠠᠯᠠᠭ ᠲᠩᠷᠢ ᠶ᠋ᠢᠨ ᠥᠩᠭᠡ ᠶ᠋ᠢ ᠢᠷᠣᠭᠠᠷ ᠲᠠᠭᠠᠨ ᠲᠤᠰᠬᠠᠭᠰᠠᠨ ᠭᠥᠯᠢᠭᠡᠷ ᠮᠥᠰᠥᠨ ᠳᠡᠭᠡᠷ᠎ᠡ ᠵᠡᠭᠦᠳᠦᠨ ᠦ᠌ ᠶᠠᠭᠤᠮᠠᠰ ᠰᠢᠭ᠋ ᠲᠤᠰᠤᠭᠰᠠᠨ ᠢ᠋ ᠬᠡᠯᠡᠬᠦ ᠤᠤ?《ᠠᠢ ᠠᠬ᠎ᠠ ᠳᠡᠭᠦᠦ ᠨᠠᠷ ᠠ᠋! ᠲᠠ ᠨᠠᠷ ᠭᠡᠮᠲᠦ ᠨᠥᠬᠥᠳ ᠪᠢᠰᠢ᠂ ᠨᠢᠭᠦᠯᠲᠡᠨ ᠴᠦ᠍ ᠪᠢᠰᠢ᠂ ᠣᠯᠠᠨ ᠲᠦᠮᠡᠨ ᠦ᠌ ᠪᠡᠨ ᠲᠥᠯᠥᠭᠡ ᠲᠡᠮᠡᠴᠡᠭᠴᠢ ᠪᠠᠭᠠᠲᠤᠷ ᠤ᠋ᠳ᠂ ᠲᠠ ᠨᠠᠷ ᠤ᠋ᠨ ᠡᠢᠨ ᠬᠦ᠌ ᠲᠤᠰᠢᠶ᠎ᠠ᠂ ᠬᠦᠯᠢᠶᠡ ᠲᠡᠢ ᠶᠠᠪᠤᠬᠤ ᠴᠢᠨᠢ ᠭᠤᠲᠤᠮᠰᠢᠭ ᠪᠠᠢᠪᠠᠴᠤ ᠴᠣᠭ ᠵᠣᠯᠪᠣᠭ᠎ᠠ᠂ ᠪᠠᠶᠠᠷ ᠪᠠᠬᠠᠳᠤᠯ ᠬᠣᠶᠠᠷ ᠰᠡᠭᠦᠳᠡᠷ ᠰᠢᠭ ᠨᠢ ᠳᠠᠭᠠᠵᠤ ᠶᠠᠪᠤᠨ᠎ᠠ》 ᠭᠡᠵᠦ ᠬᠠᠮᠤᠭ ᠴᠢᠳᠠᠯ ᠢ᠋ᠶ᠋ᠠᠷ ᠢ᠋ᠶ᠋ᠠᠨ ᠪᠠᠷᠬᠢᠷᠠᠨ ᠭᠦᠶᠦᠨ ᠬᠦᠷᠴᠦ ᠬᠥᠮᠦᠨ ᠪᠦᠷᠢ ᠶ᠋ᠢ ᠲᠡᠪᠡᠷᠢᠮᠡᠷ ᠰᠠᠨᠠᠭᠳᠠᠨ᠎ᠠ᠃
ᠲᠠᠭᠤᠭᠳᠠᠭᠰᠠᠳ ᠥᠩᠭᠡᠷᠡᠵᠦ ᠭᠥᠯᠢᠭᠡᠷ ᠮᠥᠰᠥ ᠳᠠᠬᠢᠨ ᠬᠥᠬᠡ ᠲᠩᠷᠢ ᠶ᠋ᠢ ᠲᠣᠯᠢᠳᠠᠬᠤ ᠠ᠋ᠴᠠ ᠥᠭᠡᠷ᠎ᠡ ᠶᠠᠭᠤᠮ᠎ᠠ ᠦᠭᠡᠢ ᠪᠣᠯᠪᠠ᠃ ᠭᠡᠯᠡ ᠴᠦ᠍ ᠠᠷᠤ ᠳ᠋ᠤᠨᠢ ᠬᠥᠯ ᠦ᠋ᠨ ᠭᠢᠨᠵᠢ ᠱᠠᠵᠢᠭᠢᠨᠠᠨ ᠵᠢᠩᠭᠢᠨᠡᠭᠰᠡᠭᠡᠷ ᠪᠥᠭᠡᠳ ᠲᠡᠭᠦᠨ ᠢ᠋ ᠨᠢ ᠰᠣᠨᠣᠰᠬᠤ ᠳ᠋ᠤ᠌ ᠠᠭᠤᠷ ᠬᠢᠯᠢᠩ᠂ ᠬᠠᠷᠢᠶᠠᠯ ᠵᠦᠬᠡᠯ᠂ ᠣᠢ ᠭᠠᠰᠢᠭᠤᠨ ᠪᠠ ᠵᠣᠪᠠᠯᠠᠩ ᠵᠦᠳᠡᠭᠦᠷᠡᠯ ᠢ᠋ ᠨᠢ ᠡᠭᠡᠯᠵᠢᠯᠡᠭᠦᠯᠦᠨ ᠢᠯᠡᠴᠢᠯᠡᠬᠦ ᠰᠢᠭ᠂ ᠳᠠᠬᠢᠨ ᠴᠢᠩᠨᠠᠬᠤ ᠳ᠋ᠤ᠌᠂ ᠭᠠᠮᠢᠩ ᠤ᠋ᠳ ᠤ᠋ᠨ ᠬᠠᠷᠭᠢᠰᠯᠠᠯ ᠪᠠ ᠬᠠᠲᠠᠭᠤ ᠰᠢᠷᠦᠭᠦᠨ ᠢ᠋ ᠢᠯᠡᠴᠢᠯᠡᠬᠦ ᠰᠢᠭ᠂ ᠪᠦᠷ ᠬᠣᠯᠠᠳᠠᠨ ᠭᠢᠨᠵᠢ ᠶ᠋ᠢᠨ ᠠᠪᠢᠶ᠎ᠠ ᠣᠷᠣ ᠲᠠᠰᠤ ᠳᠤᠭᠤᠯᠳᠠᠬᠤ ᠦᠭᠡᠢ ᠪᠣᠯᠤᠭᠰᠠᠨ ᠬᠣᠢᠨ᠎ᠠ ᠪᠣᠯᠪᠠᠴᠤ ᠥᠨᠥᠬᠢ ᠨᠢ ᠰᠡᠳᠬᠢᠯ ᠳ᠋ᠦ᠍ ᠦᠯᠡᠳᠡᠨ ᠵᠢᠩᠭᠢᠨᠡᠨ᠎ᠡ᠃ ᠰᠠᠨᠠᠮᠰᠠᠷ ᠦᠭᠡᠢ ᠰᠠᠬᠠᠯ ᠢ᠋ᠶ᠋ᠠᠨ ᠢᠯᠢᠬᠦ ᠳ᠋ᠦ᠍ ᠬᠤᠷᠤᠭᠤᠨ ᠤ᠋ ᠬᠢᠨᠢ ᠦᠵᠦᠭᠦᠷ ᠲᠦ᠍ ᠬᠦᠢᠲᠡᠨ ᠨᠣᠢᠲᠠᠨ ᠶᠠᠭᠤᠮ᠎ᠠ ᠪᠠᠷᠢᠭᠳᠠᠪᠠ᠃ ᠡᠨᠡ ᠨᠢ ᠲᠤᠩ ᠰᠠᠶᠢᠬᠠᠨ ᠠᠰᠬᠠᠷᠠᠭᠤᠯᠤᠭᠰᠠᠨ ᠨᠢᠯᠪᠤᠰᠤ ᠬᠠᠴᠠᠷ ᠢ᠋ᠶ᠋ᠠᠨ ᠳᠠᠭᠠᠨ ᠤᠷᠤᠰᠤᠭᠰᠠᠨ ᠤ᠋ ᠬᠢ ᠪᠠᠢᠵᠠᠢ᠃ ᠪᠠᠯᠳᠠᠨᠴᠡᠷᠢᠭ ᠲᠡᠢᠨ ᠬᠦ᠌ ᠤᠬᠢᠯᠠᠭᠰᠠᠨ ᠢ᠋ᠶ᠋ᠠᠨ ᠰᠠᠨᠠᠬᠤ ᠲᠠᠢ ᠪᠠᠨ ᠵᠡᠷᠭᠡ᠂ ᠪᠢ ᠰᠠᠬᠠᠯ ᠰᠠᠮᠪᠠᠢ ᠪᠠᠨ ᠬᠦᠷᠲᠡᠯ᠎ᠡ ᠤᠷᠭᠤᠭᠤᠯᠤᠭᠰᠠᠨ ᠨᠢᠭᠡ ᠶᠣᠰᠣᠨ ᠤ᠋ ᠲᠥᠷᠥ ᠶ᠋ᠢᠨ ᠬᠠᠷ᠎ᠠ ᠬᠥᠮᠦᠨ ᠪᠠᠢᠵᠤ᠂ ᠤᠬᠠᠭᠠᠨ ᠵᠢᠯᠣᠭᠣ ᠦᠭᠡᠢ ᠤᠬᠢᠯᠠᠬᠤ ᠨᠢ ᠶᠠᠭᠤ ᠪᠣᠢ? ᠭᠡᠵᠦ ᠵᠢᠷᠦᠬᠡ ᠪᠡᠨ ᠴᠢᠩᠭᠠᠯᠠᠨ ᠴᠠᠭᠠᠰᠢ ᠶᠠᠪᠤᠯ᠎ᠠ᠃ ᠨᠢᠭᠡ ᠮᠡᠳᠡᠬᠦ ᠳ᠋ᠦ᠍ ᠪᠣᠭᠳᠠ ᠶ᠋ᠢᠨ ᠨᠣᠭᠣᠭᠠᠨ ᠣᠷᠳᠣᠨ ᠬᠦᠷᠦᠭᠰᠡᠨ ᠪᠠᠢᠵᠠᠢ᠃ ᠬᠦᠷᠡᠩ ᠤᠯᠠᠭᠠᠨ ᠪᠣᠳᠣᠭ ᠲᠠᠢ ᠰᠦᠷᠡᠬᠡᠢ ᠲᠣᠬᠢᠯᠢᠭ ᠪᠠᠩᠵᠠᠨ ᠬᠠᠰᠢᠶᠠᠨ ᠤ᠋ ᠬᠢᠨᠢ ᠬᠣᠢᠲᠤ ᠥᠨᠴᠥᠭ ᠳᠡᠭᠡᠷ᠎ᠡ ᠨᠢ ᠢᠷᠡᠭᠰᠡᠨ ᠢ᠋ᠶ᠋ᠡᠨ ᠲᠡᠨᠳᠡ ᠶᠠᠪᠤᠭ᠎ᠠ ᠪᠠᠨ ᠮᠡᠳᠡᠪᠡ᠃ ᠤᠷᠢᠳ ᠡᠮᠦᠨ᠎ᠡ ᠡᠭᠦᠨ ᠢ᠋ᠶ᠋ᠡᠷ ᠶᠠᠪᠤᠬᠤ ᠪᠦᠷᠢ ᠳ᠋ᠦ᠍《ᠡᠨᠡ ᠪᠣᠯ ᠠᠯᠢᠪᠠ ᠠᠮᠢᠲᠠᠨ ᠢ᠋ ᠨᠢᠭᠦᠯᠡᠰᠦᠩᠭᠦᠢ ᠮᠡᠯᠮᠡᠢ ᠪᠡᠷ ᠲᠣᠯᠢᠳᠠᠨ ᠭᠡᠢᠭᠦᠯᠦᠭᠴᠢ ᠠᠴᠢᠲᠤ ᠪᠣᠭᠳᠠ ᠶ᠋ᠢᠨ ᠮᠢᠨᠢ ᠠᠷᠢᠭᠤᠨ ᠣᠷᠳᠣᠨ ᠰᠢᠦ ᠳᠡ》 ᠭᠡᠵᠦ ᠰᠦᠰᠦᠭᠯᠡᠳᠡᠭ ᠪᠠᠢᠭᠰᠠᠨ ᠠᠵᠢ᠃ ᠬᠠᠷᠢᠨ ᠣᠳᠣ ᠭᠡᠪᠡᠯ᠄ ᠴᠡᠷᠢᠨᠴᠢᠮᠢᠳ ᠳᠡ ᠯᠠᠮᠠ᠂ ᠬᠠᠨᠳᠠᠳᠣᠷᠵᠢ ᠴᠢᠨ ᠸᠠᠩ᠂ ᠰᠠᠢᠨ ᠨᠣᠶᠠᠨ ᠬᠠᠨ ᠮᠡᠲᠦ ᠶ᠋ᠢᠨ ᠲᠥᠷᠥ ᠶ᠋ᠢᠨ ᠵᠢᠳᠬᠦᠯᠲᠡᠨ ᠬᠥᠮᠦᠰ ᠦ᠋ᠨ ᠭᠡᠨᠡᠳᠲᠡ ᠶ᠋ᠢᠨ ᠦᠬᠦᠯ ᠢ᠋ᠶ᠋ᠡᠷ ᠦᠬᠦᠭᠰᠡᠨ ᠢ᠋ ᠰᠠᠨᠠᠨ᠎ᠠ᠃ ᠡᠳᠡᠭᠡᠷ ᠬᠥᠮᠦᠰ ᠦ᠋ᠨ ᠦᠬᠦᠭᠰᠡᠨ ᠦ᠌ ᠰᠢᠯᠲᠠᠭᠠᠨ ᠮᠠᠰᠢ ᠨᠢᠭᠤᠴᠠ᠂ ᠵᠠᠳᠠᠷᠠᠭᠤᠯᠤᠭᠰᠠᠨ ᠬᠥᠮᠦᠨ ᠰᠢᠭᠤᠳ ᠲᠣᠯᠣᠭᠠᠢ ᠦᠭᠡᠢ ᠪᠣᠯᠬᠤ ᠪᠠᠢᠭᠰᠠᠨ ᠪᠣᠯᠪᠠᠴᠤ ᠣᠯᠠᠨ ᠵᠢᠵᠢᠭ ᠳᠤᠰᠤᠯ ᠨᠡᠢᠯᠡᠨ᠂ ᠨᠡᠢᠯᠡᠭᠰᠡᠭᠡᠷ ᠨᠢᠭᠡ ᠪᠠᠯᠭᠤ ᠪᠣᠯᠬᠤ ᠠᠳᠠᠯᠢ ᠬᠥᠮᠦᠰ ᠨᠢᠭᠡ ᠨᠢᠭᠡᠨ ᠳ᠋ᠡᠭᠡᠨ ᠦᠭᠡ ᠴᠤᠬᠤᠢᠯᠭᠠᠨ ᠳᠠᠮᠵᠢᠭᠤᠯᠤᠭᠰᠠᠭᠠᠷ ᠲᠡᠳᠡᠭᠡᠷ ᠬᠥᠮᠦᠰ ᠢ᠋ ᠪᠣᠭᠳᠠ ᠥᠪᠡᠷ ᠢ᠋ᠶ᠋ᠡᠨ ᠪᠤᠰᠤᠳ ᠤ᠋ᠨ ᠬᠣᠪ ᠵᠢᠪ ᠲᠦ᠍ ᠠᠪᠲᠠᠭᠳᠠᠨ ᠬᠣᠣᠷ ᠢ᠋ᠶ᠋ᠠᠷ ᠬᠣᠣᠷᠯᠠᠨ ᠠᠯᠠᠭᠰᠠᠨ ᠨᠢ ᠲᠣᠳᠣᠷᠬᠠᠢ ᠪᠣᠯᠤᠭᠰᠠᠨ ᠪᠠᠢᠵᠠᠢ᠃ ᠡᠨᠡ ᠤᠴᠢᠷ ᠠ᠋ᠴᠠ ᠪᠠᠯᠳᠠᠨᠴᠡᠷᠢᠭ ᠬᠣᠪ ᠵᠢᠪ ᠢ᠋ ᠬᠦᠯᠢᠶᠡᠨ ᠠᠪᠬᠤ ᠪᠠ ᠬᠣᠪ ᠵᠢᠪᠴᠢ ᠨᠦ᠍ᠭᠦᠳ ᠢ᠋ᠶ᠋ᠡᠷ ᠪᠡᠶ᠎ᠡ ᠪᠡᠨ ᠲᠣᠭᠣᠷᠢᠭᠤᠯᠬᠤ ᠪᠣᠯ ᠲᠥᠷᠥ ᠶ᠋ᠢᠨ ᠬᠥᠮᠦᠨ ᠦ᠌ ᠰᠢᠨᠵᠢ ᠪᠢᠰᠢ᠂ ᠲᠡᠨᠡᠭ ᠮᠤᠩᠬᠠᠭ ᠤ᠋ᠨ ᠶᠠᠪᠤᠳᠠᠯ ᠭᠡᠵᠦ ᠦᠵᠡᠬᠦ ᠶ᠋ᠢᠨ ᠳᠡᠭᠡᠷ᠎ᠡ ᠡᠨᠡ ᠲᠡᠨᠡᠭ ᠮᠤᠩᠬᠠᠭ ᠢ᠋ ᠶᠠᠭᠠᠬᠢᠶ᠎ᠠ ᠭᠡᠵᠦ ᠪᠣᠳᠣᠪᠠ᠃ ᠲᠡᠭᠡᠭᠡᠳ ᠣᠷᠳᠣᠨ ᠤ᠋ ᠶᠡᠬᠡ ᠬᠠᠰᠢᠶᠠᠨ ᠤ᠋ ᠬᠣᠢᠲᠤ ᠪᠤᠯᠤᠩ ᠠ᠋ᠴᠠ ᠤᠷᠲᠤ ᠪᠤᠯᠤᠩ ᠢ᠋ ᠬᠦᠷᠬᠦ ᠵᠠᠭᠤᠷ᠎ᠠ ᠮᠥᠨ ᠯᠡ ᠡᠨᠡ ᠲᠡᠨᠡᠭ ᠬᠠᠷᠠᠩᠭᠤᠢ ᠶ᠋ᠢᠨ ᠣᠷᠳᠣᠨ ᠳ᠋ᠤ᠌ ᠣᠳᠣ ᠪᠠᠰᠠ ᠪᠤᠰᠤᠳ ᠢ᠋ ᠬᠣᠣᠷᠯᠠᠬᠤ ᠬᠣᠣᠷ ᠬᠡᠴᠢᠨᠡᠭᠡᠨ ᠬᠠᠳᠠᠭᠠᠯᠠᠭᠠᠰᠤᠲᠠᠢ ᠪᠠᠢᠭ᠎ᠠ ᠪᠣᠯ? ᠭᠡᠵᠦ ᠪᠣᠳᠣᠬᠤ ᠲᠠᠢ ᠵᠡᠷᠭᠡ ᠭᠣᠣᠯ ᠳ᠋ᠤᠨᠢ ᠬᠦᠢᠲᠡᠨ ᠣᠷᠣᠪᠠ᠃
ᠣᠷᠳᠣᠨ ᠤ᠋ ᠡᠮᠦᠨᠡᠬᠢ ᠠᠷᠤ ᠥᠪᠥᠷ ᠳᠡᠭᠡᠷ᠎ᠡ ᠪᠡᠨ ᠡᠷ᠎ᠡ ᠥᠬᠢᠨ ᠬᠣᠶᠠᠷ ᠬᠣᠶᠠᠷ ᠯᠤᠤ ᠶ᠋ᠢ ᠣᠷᠢᠶᠠᠯᠳᠤᠭᠤᠯᠤᠨ ᠤᠷᠠᠯᠠᠭᠰᠠᠨ ᠰᠡᠢᠯᠪᠦᠷᠢᠲᠡᠢ ᠥᠨᠳᠥᠷ ᠶᠠᠩᠫᠠᠢ ᠶ᠋ᠢᠨ ᠡᠮᠦᠨᠡᠬᠡᠨ ᠬᠡᠳᠦᠨ ᠵᠠᠭᠤᠨ ᠬᠥᠮᠦᠨ ᠭᠤᠷᠪᠠᠨ ᠡᠩᠨᠡᠭᠡ ᠦᠶᠡᠯᠡᠨ ᠰᠥᠬᠥᠷᠡᠨ ᠰᠠᠭᠤᠭᠰᠠᠨ ᠤ᠋ ᠳᠡᠷᠭᠡᠳᠡ ᠪᠠᠯᠳᠠᠨᠴᠡᠷᠢᠭ ᠣᠢᠷᠠᠲᠤᠨ ᠣᠴᠢᠪᠠ᠃ ᠲᠡᠳᠡᠨ ᠦ᠌ ᠳᠤᠮᠳᠠ ᠤᠲᠤᠭ᠎ᠠ ᠵᠢᠩᠰᠡ ᠪᠡᠨ ᠵᠡᠭᠦᠭᠰᠡᠨ ᠶᠡᠬᠡᠬᠡᠨ ᠲᠠᠢᠵᠢ ᠨᠠᠷ᠂ ᠠᠯᠲᠠ ᠮᠥᠩᠭᠥᠨ ᠭᠣᠶᠣᠯ ᠴᠢᠮᠡᠭᠯᠡᠯ ᠢ᠋ᠶ᠋ᠡᠨ ᠳᠠᠭᠠᠭᠠᠵᠤ ᠶᠠᠳᠠᠭᠰᠠᠨ ᠳᠡᠷᠡᠭᠡᠷ ᠦᠰᠦ ᠲᠡᠢ ᠬᠠᠲᠤᠳ᠂ ᠵᠢᠷ ᠦ᠋ᠨ ᠪᠠᠶᠠᠴᠤᠳ᠂ ᠠᠳᠠᠭ ᠤ᠋ᠨ ᠶᠠᠳᠠᠭᠤ ᠬᠥᠳᠥᠰᠦᠨ ᠳᠡᠪᠡᠯ ᠡᠴᠡ ᠥᠭᠡᠷ᠎ᠡ ᠶᠠᠭᠤ ᠴᠦ᠍ ᠦᠭᠡᠢ ᠡᠪᠦᠭᠡᠳ ᠡᠮᠡᠭᠡᠳ᠂ ᠶᠡᠷᠦ ᠠᠩᠭᠢ ᠳᠠᠪᠬᠤᠷᠭ᠎ᠠ ᠪᠦᠷᠢ ᠶ᠋ᠢᠨ ᠬᠥᠮᠦᠰ ᠪᠣᠢ ᠦᠵᠡᠭᠳᠡᠨ᠎ᠡ᠃ ᠢᠩᠭᠢᠬᠦ ᠳ᠋ᠦ᠍ ᠲᠡᠳᠡ ᠴᠥᠮ ᠪᠣᠭᠳᠠ ᠳ᠋ᠤ᠌ ᠮᠥᠷᠭᠥᠬᠦ ᠭᠡᠵᠦ ᠪᠠᠢᠭ᠎ᠠ ᠨᠢ ᠮᠡᠳᠡᠭᠡᠵᠢ ᠶ᠋ᠢᠨ ᠬᠡᠷᠡᠭ᠃ ᠡᠢᠨ ᠬᠦ᠌ ᠮᠥᠷᠭᠥᠬᠦ ᠳ᠋ᠦ᠍ ᠲᠦᠷᠦᠭᠦᠴᠢ ᠶ᠋ᠢᠨ ᠬᠥᠮᠦᠨ ᠥᠷᠯᠥᠭᠡ ᠶ᠋ᠢᠨ ᠨᠠᠷᠠᠨ ᠢ᠋ᠶ᠋ᠠᠷ᠂ ᠡᠴᠦᠰ ᠦ᠋ᠨ ᠬᠥᠮᠦᠨ ᠪᠠᠭ᠎ᠠ ᠦᠳᠡ ᠶ᠋ᠢᠨ ᠬᠢᠷᠢ ᠳ᠋ᠦ᠍ ᠢᠷᠡᠬᠦ ᠪᠣᠯᠪᠠᠴᠤ ᠣᠷᠣᠢ ᠶ᠋ᠢᠨ ᠨᠠᠷᠠᠨ ᠵᠢᠷᠭᠠᠬᠤ ᠶ᠋ᠢᠨ ᠡᠮᠦᠨ᠎ᠡ ᠪᠣᠭᠳᠠ ᠶ᠋ᠢᠨ ᠢ᠋ᠶ᠋ᠡᠨ ᠪᠠᠷ᠎ᠠ ᠶ᠋ᠢ ᠠᠷᠠᠢᠭᠡᠵᠦ ᠬᠠᠷᠠᠵᠤ ᠠᠳᠢᠰ ᠬᠦᠷᠲᠡᠬᠦ ᠶᠠᠪᠤᠳᠠᠯ ᠣᠯᠠᠨᠲᠠ ᠪᠠᠢᠳᠠᠭ ᠢ᠋ ᠪᠠᠯᠳᠠᠨᠴᠡᠷᠢᠭ ᠰᠠᠢᠨ ᠮᠡᠳᠡᠨ᠎ᠡ᠃ ᠬᠠᠷᠢᠨ ᠣᠳᠣ ᠪᠣᠭᠳᠠ᠂ ᠭᠠᠮᠢᠩ ᠳ᠋ᠤ᠌ ᠲᠥᠷᠥ ᠪᠡᠨ ᠠᠯᠲᠠᠨ᠂ ᠬᠠᠭᠠᠨ ᠰᠢᠷᠡᠭᠡᠨ ᠡᠴᠡ ᠪᠡᠨ ᠭᠣᠳ ᠲᠠᠲᠠᠭᠤᠯᠤᠭᠠᠳ᠂ ᠵᠥᠪᠬᠡᠨ ᠰᠦᠰᠦᠭᠲᠡᠨ ᠣᠯᠠᠨ ᠳ᠋ᠤ᠌ ᠮᠥᠷᠭᠥᠯ ᠬᠠᠢᠷᠠᠯᠠᠬᠤ ᠠ᠋ᠴᠠ ᠥᠭᠡᠷ᠎ᠡ ᠠᠵᠢᠯ ᠦᠭᠡᠢ ᠪᠣᠯᠤᠭᠰᠠᠨ ᠲᠤᠯᠠ ᠬᠥᠮᠦᠨ ᠢ᠋ ᠤᠳᠠᠭᠠᠨ ᠬᠦᠯᠢᠶᠡᠯᠭᠡᠬᠦ ᠪᠡᠨ ᠪᠣᠯᠢᠭᠰᠠᠨ ᠪᠠᠢᠵᠠᠢ᠃ ᠪᠢᠰᠬᠢᠭᠦᠷ ᠦ᠋ᠨ ᠳᠠᠭᠤᠨ ᠤᠶᠠᠩᠭᠠᠯᠠᠨ ᠬᠠᠩᠭᠢᠨᠠᠵᠤ᠂ ᠮᠥᠷᠭᠥᠯ ᠦ᠋ᠨ ᠬᠥᠮᠦᠰ《ᠬᠠᠢᠷᠠᠬᠠᠨ ᠪᠣᠭᠳᠠ! ᠪᠣᠭᠳᠠ ᠵᠠᠯᠠᠷᠠᠨ ᠠᠢᠰᠤᠢ》 ᠭᠡᠵᠦ ᠠᠮᠠ ᠠᠮᠠᠨ ᠳ᠋ᠠᠭᠠᠨ ᠰᠢᠪᠡᠨᠡᠨ ᠣᠷᠣᠢ ᠳᠡᠭᠡᠷ᠎ᠡ ᠪᠡᠨ ᠨᠠᠮᠠᠨᠴᠢᠯᠠᠪᠠ᠃
ᠣᠷᠳᠣᠨ ᠤ᠋ ᠶᠡᠬᠡ ᠬᠠᠰᠢᠶᠠᠨ ᠤ᠋ ᠨᠣᠭᠣᠭᠠᠨ ᠱᠠᠭᠠᠵᠠᠩ ᠣᠷᠣᠢᠲᠤ ᠠᠰᠠᠷ ᠤ᠋ᠨ ᠬᠠᠭᠠᠯᠭ᠎ᠠ ᠥᠪᠡᠷ ᠢ᠋ᠶ᠋ᠡᠨ ᠨᠡᠭᠡᠭᠡᠭᠳᠡᠵᠦ ᠪᠠᠢᠭ᠎ᠠ ᠶᠤᠮ ᠰᠢᠭ᠋ ᠠᠭᠠᠵᠢᠭᠤᠬᠠᠨ ᠢ᠋ᠶ᠋ᠠᠷ ᠨᠡᠭᠡᠭᠡᠭᠳᠡᠨ ᠬᠣᠶᠠᠷ ᠲᠠᠢᠰᠢ ᠪᠠᠨ ᠲᠡᠯᠡᠭᠳᠡᠪᠡ᠃ ᠪᠠᠷᠰ ᠤ᠋ᠨ ᠰᠡᠭᠦᠯ ᠭᠡᠵᠦ ᠨᠡᠷᠡᠯᠡᠭᠳᠡᠳᠡᠭ ᠤᠷᠲᠤ ᠬᠡᠪᠢᠰᠦᠨ ᠲᠤᠩᠲᠤᠢ ᠶ᠋ᠢ ᠮᠥᠷᠦᠨ ᠳᠡᠭᠡᠷ᠎ᠡ ᠪᠡᠨ ᠪᠥᠭᠲᠥᠷᠢᠭᠦᠯᠦᠨ ᠲᠠᠯᠪᠢᠭᠰᠠᠨ ᠪᠦᠳᠦᠭᠦᠨ ᠯᠠᠮᠠ ᠨᠠᠮᠤᠭᠤᠬᠠᠨ ᠠᠯᠬᠤᠯᠠᠨ ᠭᠠᠷᠴᠤ ᠢᠷᠡᠯ᠎ᠡ᠃ ᠳᠠᠷᠠᠭ᠎ᠠ ᠨᠢ ᠥᠨᠳᠥᠷ ᠨᠢᠷᠤᠭᠤ ᠲᠠᠢ ᠪᠠᠰᠠ ᠨᠢᠭᠡ ᠯᠠᠮᠠ ᠬᠣᠶᠠᠷ ᠦᠵᠦᠭᠦᠷ ᠲᠡᠭᠡᠨ ᠯᠤᠤ ᠶ᠋ᠢᠨ ᠲᠣᠯᠣᠭᠠᠢ ᠰᠡᠢᠯᠦᠮᠡᠯ ᠳᠠᠮᠨᠠᠭᠤᠷᠭᠠᠨ ᠳ᠋ᠤ᠌ ᠰᠠᠢᠬᠠᠨ ᠦᠨᠦᠷ ᠲᠡᠢ ᠶᠠᠭᠤᠮ᠎ᠠ ᠶ᠋ᠢ ᠣᠷᠭᠢᠯᠤᠨ ᠰᠠᠪᠰᠠᠭᠤᠯᠤᠭᠰᠠᠨ ᠪᠣᠢᠫᠣᠷ ᠤ᠋ᠳ ᠡᠯᠭᠦᠭᠰᠡᠨ ᠢ᠋ ᠮᠥᠷᠥᠪᠴᠢᠯᠡᠨ ᠶᠠᠪᠤᠨ᠎ᠠ᠃ ᠡᠳᠡᠨ ᠦ᠌ ᠠᠷᠤ ᠳ᠋ᠤ᠌ ᠪᠣᠭᠳᠠ ᠥᠪᠡᠷ ᠢ᠋ᠶ᠋ᠡᠨ ᠪᠢᠲᠡᠭᠦᠦ ᠵᠢᠶᠤᠤᠵᠠᠨ ᠳ᠋ᠤ᠌ ᠬᠣᠶᠠᠷ ᠯᠠᠮᠠ ᠪᠠᠷ ᠳᠠᠮᠨᠠᠭᠤᠯᠵᠠᠢ᠃ ᠬᠠᠵᠠᠭᠤ ᠳ᠋ᠤᠨᠢ ᠮᠥᠷᠭᠥᠬᠦ ᠬᠥᠮᠦᠰ ᠦ᠋ᠨ ᠡᠷᠭᠦᠯ ᠬᠤᠷᠢᠶᠠᠬᠤ ᠨᠢᠭᠡ ᠯᠠᠮᠠ᠂ ᠮᠥᠷᠭᠥᠯ ᠬᠠᠢᠷᠠᠯᠠᠬᠤ ᠰᠤᠨᠳᠠᠭ ᠪᠠᠷᠢᠭᠰᠠᠨ ᠥᠭᠡᠷ᠎ᠡ ᠨᠢᠭᠡ ᠯᠠᠮᠠ ᠲᠠᠢ ᠮᠥᠷᠥ ᠵᠡᠷᠭᠡᠴᠡᠨ ᠶᠠᠪᠤᠨ᠎ᠠ᠃ ᠡᠳᠡᠭᠡᠷ ᠦ᠋ᠨ ᠠᠷᠤ ᠳ᠋ᠤ᠌ ᠮᠥᠨ ᠯᠡ ᠪᠣᠢᠫᠣᠷ᠂ ᠪᠠᠷᠰ ᠤ᠋ᠨ ᠰᠡᠭᠦᠯ ᠬᠣᠶᠠᠷ ᠢ᠋ ᠮᠥᠷᠥᠪᠴᠢᠯᠡᠭᠰᠡᠨ ᠯᠠᠮᠠ ᠨᠠᠷ ᠶᠠᠪᠤᠬᠤ ᠠᠵᠢ᠃
ᠪᠦᠬᠦ ᠯᠠᠮᠠ ᠨᠠᠷ ᠤ᠋ᠨ ᠵᠢᠰᠦ ᠴᠢᠷᠠᠢ ᠲᠤᠩᠭᠠᠯᠠᠭ᠂ ᠪᠡᠶ᠎ᠡ ᠪᠢᠯᠳᠠᠷ ᠰᠠᠢᠲᠠᠢ ᠪᠥᠭᠡᠳ ᠲᠠᠷᠭᠤᠨ ᠴᠠᠳᠬᠤᠯᠠᠩ᠂ ᠰᠠᠬᠤᠯᠠᠭ ᠦᠰᠦᠲᠡᠢ᠂ ᠳᠤᠭᠤᠢ ᠪᠤᠯᠠᠭᠠᠨ ᠮᠠᠯᠠᠭᠠᠢ ᠲᠠᠢ᠂ ᠰᠢᠷ᠎ᠠ ᠲᠣᠷᠭᠠᠨ ᠳᠡᠪᠡᠯ ᠳᠡᠭᠡᠷ᠎ᠡ ᠪᠡᠨ ᠥᠷᠭᠡᠨ ᠶᠠᠭᠠᠨ ᠳᠤᠷᠳᠤᠩ ᠣᠷᠬᠢᠮᠵᠢ ᠶ᠋ᠢ ᠣᠷᠢᠶᠠᠨ ᠦᠵᠦᠭᠦᠷ ᠢ᠋ ᠨᠢ ᠳᠣᠷᠣᠭᠰᠢ ᠨᠠᠮᠢᠷᠠᠭᠤᠯᠤᠨ ᠤᠨᠵᠢᠭᠤᠯᠵᠤ᠂ ᠲᠥᠪ ᠬᠢᠴᠢᠶᠡᠩᠭᠦᠢ ᠶ᠋ᠢᠨ ᠳᠦᠷᠢ ᠶ᠋ᠢ ᠪᠠᠲᠤᠳᠠ ᠪᠠᠷᠢᠨ ᠭᠢᠰᠬᠢᠯᠡᠨ᠎ᠡ᠃ ᠪᠣᠭᠳᠠ ᠥᠪᠡᠷ ᠢ᠋ᠶ᠋ᠡᠨ ᠬᠦᠷᠡᠩ ᠲᠠᠷᠮᠠᠨ ᠳᠡᠪᠡᠯ ᠲᠡᠢ᠂ ᠣᠷᠣᠢ ᠨᠢ ᠨᠡᠯᠢᠶᠡᠳ ᠥᠨᠳᠥᠷ ᠪᠣᠯᠬᠤ ᠠ᠋ᠴᠠ ᠭᠠᠳᠠᠨ᠎ᠠ ᠬᠣᠶᠠᠷ ᠲᠠᠯ᠎ᠠ ᠨᠢ ᠴᠢᠬᠢᠪᠴᠢ ᠪᠦᠰᠡᠯᠡᠬᠦ ᠦᠭᠡᠢ ᠤᠷᠲᠤ ᠬᠦᠷᠮ᠎ᠡ ᠴᠤᠯᠭᠤᠢ ᠰᠢᠷ᠎ᠠ ᠲᠣᠷᠭᠠᠨ ᠣᠪᠣᠭ᠎ᠠ ᠲᠠᠢ ᠮᠠᠯᠠᠭᠠᠢ ᠲᠠᠢ ᠪᠥᠭᠡᠳ ᠨᠢᠳᠦ ᠠᠨᠢᠭᠰᠠᠨ ᠴᠦ᠍ ᠪᠢᠰᠢ᠂ ᠨᠡᠭᠡᠭᠡᠭᠰᠡᠨ ᠴᠦ᠍ ᠪᠢᠰᠢ᠂ ᠶᠣᠰᠣᠲᠠᠢ ᠯᠠ ᠠᠮᠤᠷᠯᠢᠩᠭᠤᠢ ᠳᠦᠷᠢ ᠪᠡᠷ ᠴᠢᠭ ᠣᠷᠣᠭᠰᠢ ᠰᠢᠷᠲᠡᠨ ᠵᠠᠯᠠᠷᠠᠵᠤ ᠶᠠᠪᠤᠭ᠎ᠠ ᠨᠢ ᠵᠢᠶᠤᠤᠵᠠᠨ ᠤ᠋ ᠬᠣᠶᠠᠷ ᠲᠠᠯ᠎ᠠ ᠶ᠋ᠢᠨ ᠴᠣᠩᠬᠣ ᠪᠠᠷ ᠬᠠᠭᠠᠰ ᠬᠠᠷᠠᠭᠳᠠᠬᠤ ᠨᠢ ᠶᠡᠷᠦ ᠡᠭᠡᠯ ᠪᠤᠰᠤ᠂ ᠭᠦᠩᠭᠠᠷᠠᠪᠠ ᠳ᠋ᠤ᠌ ᠵᠠᠯᠠᠭᠰᠠᠨ ᠰᠠᠭᠤᠮᠠᠯ ᠪᠤᠷᠬᠠᠨ ᠤ᠋ ᠳᠦᠷᠢ ᠶ᠋ᠢ ᠰᠠᠨᠠᠭᠳᠠᠭᠤᠯᠤᠨ᠎ᠠ᠃ ᠲᠡᠭᠡᠭᠡᠳ ᠤᠷᠤᠭᠰᠢᠯᠠᠬᠤ ᠳᠣᠳᠣᠮ ᠪᠣᠢᠫᠣᠷ ᠤ᠋ᠨ ᠤᠲᠤᠭ᠎ᠠ ᠪᠠᠭᠠᠭᠢᠨ ᠰᠠᠪᠰᠠᠵᠤ ᠪᠢᠰᠬᠢᠭᠦᠷ ᠦ᠋ᠨ ᠳᠠᠭᠤ ᠤᠯᠠᠮ ᠢ᠋ᠶ᠋ᠠᠷ ᠤᠶᠠᠩᠭᠠᠯᠠᠬᠤ ᠶ᠋ᠢ ᠬᠡᠯᠡᠬᠦ ᠤᠤ? ᠁ ᠭᠡᠪᠡᠴᠦ ᠪᠣᠭᠳᠠ ᠳ᠋ᠤ᠌ ᠮᠥᠷᠭᠥᠭᠰᠡᠳ ᠦ᠋ᠨ ᠨᠢᠳᠦᠨ ᠳ᠋ᠦ᠍ ᠶᠠᠭᠠᠷᠠᠨ ᠦᠵᠡᠭᠳᠡᠪᠡᠰᠦ ᠰᠠᠨᠠᠭ᠎ᠠ ᠰᠡᠳᠬᠢᠯ ᠢ᠋ ᠨᠢ ᠳᠡᠮᠡᠢ ᠦᠢᠮᠡᠭᠦᠯᠬᠦ ᠶ᠋ᠢᠨ ᠨᠡᠮᠡᠭᠦᠷᠢ ᠭᠡᠰᠡᠨ ᠰᠢᠭ ᠵᠥᠪᠬᠡᠨ ᠥᠨᠳᠥᠷ ᠶᠠᠩᠫᠠᠢ ᠤᠷᠤᠭᠤ ᠴᠢᠭᠯᠡᠨ ᠪᠡᠶ᠎ᠡ ᠪᠡᠨ ᠬᠠᠯᠬᠠᠯᠠᠨ ᠶᠠᠪᠤᠬᠤ ᠪᠥᠭᠡᠳ ᠲᠡᠭᠦᠨ ᠳ᠋ᠦ᠍ ᠲᠤᠯᠤᠨ ᠣᠴᠢᠭᠰᠠᠨ ᠢ᠋ᠶ᠋ᠠᠨ ᠪᠠᠷᠠᠭᠤᠨ ᠢ᠋ᠶ᠋ᠠᠷ ᠨᠢ ᠲᠣᠭᠣᠷᠢᠨ ᠮᠥᠷᠭᠥᠯᠴᠢᠳ ᠦ᠋ᠨ ᠨᠢᠳᠦᠨ ᠳ᠋ᠦ᠍ ᠢᠯᠡᠷᠡᠨ᠎ᠡ᠃ ᠡᠨᠡ ᠳᠠᠷᠤᠢ ᠪᠢᠰᠬᠢᠭᠦᠷ ᠦ᠋ᠨ ᠳᠠᠭᠤᠨ ᠭᠡᠨᠡᠳᠲᠡ ᠲᠠᠰᠤᠷᠠᠨ ᠠᠨᠢᠷ ᠴᠢᠮᠡᠭᠡ ᠣᠭᠲᠣᠬᠠᠨ ᠴᠦ᠍ ᠦᠭᠡᠢ ᠪᠣᠯᠬᠤ ᠪᠣᠯᠪᠠᠴᠤ ᠪᠣᠢᠫᠣᠷ ᠤ᠋ᠨ ᠰᠠᠢᠬᠠᠨ ᠦᠨᠦᠷᠲᠦ ᠤᠲᠤᠭ᠎ᠠ ᠠᠶᠠᠨ ᠳ᠋ᠠᠭᠠᠨ ᠳᠠᠷᠬᠠᠨ ᠬᠥᠮᠦᠨ ᠪᠦᠷᠢ ᠶ᠋ᠢᠨ ᠬᠠᠮᠠᠷ ᠲᠤ ᠬᠠᠩᠬᠤᠯᠬᠤ ᠪᠥᠭᠡᠳ ᠡᠨᠡ ᠨᠢ ᠪᠣᠭᠳᠠ ᠶ᠋ᠢ ᠲᠩᠷᠢ ᠡᠴᠡ ᠪᠠᠭᠤᠨ ᠢᠷᠡᠬᠦ ᠰᠢᠭ ᠪᠣᠯᠭᠠᠨ᠎ᠠ᠃ ᠶᠡᠷᠦ ᠡᠨᠡ ᠦᠶ᠎ᠡ ᠳ᠋ᠦ᠍ ᠰᠦᠰᠦᠭᠲᠡᠨ ᠬᠥᠮᠦᠰ ᠭᠠᠵᠠᠷ ᠳᠡᠯᠡᠬᠡᠢ ᠶ᠋ᠢᠨ ᠶᠠᠭᠤᠮ᠎ᠠ ᠶ᠋ᠢ ᠣᠷᠣ ᠲᠠᠰᠤ ᠮᠠᠷᠲᠠᠨ ᠭᠠᠭᠴᠠ ᠬᠦ᠌ ᠬᠣᠢᠲᠤ ᠨᠠᠰᠤᠨ ᠳ᠋ᠠᠭᠠᠨ ᠱᠠᠮᠪᠢᠯ ᠬᠡᠮᠡᠬᠦ ᠪᠤᠷᠬᠠᠨ ᠤ᠋ ᠣᠷᠣᠨ ᠢ᠋ ᠯᠡ ᠰᠠᠨᠠᠨ ᠣᠷᠣᠢ ᠳᠡᠭᠡᠷ᠎ᠡ ᠪᠡᠨ ᠨᠠᠮᠠᠨᠴᠢᠯᠠᠨ᠎ᠠ᠃ ᠪᠣᠭᠳᠠ᠂ ᠦᠶᠡᠯᠡᠨ ᠰᠠᠭᠤᠭᠰᠠᠨ ᠮᠥᠷᠭᠥᠯᠴᠢᠳ ᠦ᠋ᠨ ᠳᠤᠮᠳᠠᠭᠤᠷ ᠶᠠᠪᠤᠬᠤ ᠳ᠋ᠠᠭᠠᠨ ᠥᠨᠥᠬᠢ ᠠᠮᠤᠷᠯᠢᠩᠭᠤᠢ ᠶ᠋ᠢᠨ ᠢ᠋ᠶ᠋ᠡᠨ ᠳᠦᠷᠢ ᠶ᠋ᠢ ᠲᠤᠩ ᠲᠡᠰᠪᠦᠷᠢᠲᠡᠢ ᠬᠠᠳᠠᠭᠠᠯᠠᠨ᠎ᠠ᠃ ᠬᠠᠵᠠᠭᠤ ᠶ᠋ᠢᠨ ᠬᠣᠶᠠᠷ ᠯᠠᠮᠠ ᠶ᠋ᠢᠨ ᠨᠢᠭᠡ᠂ ᠡᠷᠭᠦᠯ ᠢ᠋ ᠬᠤᠷᠢᠶᠠᠵᠤ᠂ ᠨᠥᠭᠦᠭᠡ ᠨᠢ ᠠᠳᠢᠰ ᠲᠠᠯᠪᠢᠨ᠎ᠠ᠃ ᠶᠡᠷᠦ ᠪᠣᠭᠳᠠ ᠳ᠋ᠤ᠌ ᠮᠥᠷᠭᠥᠬᠦ ᠭᠡᠳᠡᠭ ᠬᠡᠵᠢᠶ᠎ᠡ ᠪᠣᠯᠪᠠᠴᠤ ᠡᠢᠮᠦ ᠪᠠᠢᠳᠠᠭ ᠢ᠋ ᠪᠠᠯᠳᠠᠨᠴᠡᠷᠢᠭ ᠰᠠᠢᠨ ᠮᠡᠳᠡᠬᠦ ᠪᠢᠯᠡ᠃ ᠭᠡᠪᠡᠴᠦ ᠣᠳᠣ ᠰᠠᠨᠠᠭ᠎ᠠ ᠤᠷᠪᠠᠨ ᠰᠦᠰᠦᠭᠯᠡᠨ ᠪᠢᠰᠢᠷᠡᠬᠦ ᠪᠠᠨ ᠪᠣᠯᠢᠵᠤ ᠪᠠᠢᠭ᠎ᠠ ᠶ᠋ᠢᠨ ᠬᠤᠪᠢ ᠳ᠋ᠤ᠌ ᠣᠭᠲᠣ ᠥᠭᠡᠷ᠎ᠡ ᠨᠢᠳᠦ ᠪᠡᠷ ᠠᠵᠢᠨ ᠰᠢᠷᠲᠡᠬᠦ ᠠᠵᠢ᠃ ᠪᠣᠭᠳᠠ ᠶ᠋ᠢ ᠡᠷᠭᠢᠨ ᠵᠠᠯᠠᠷᠠᠬᠤ ᠳ᠋ᠤ᠌ ᠨᠢᠭᠡ ᠡᠪᠦᠭᠡᠰᠢᠶᠡᠷ ᠬᠥᠮᠦᠨ ᠪᠤᠰᠤᠳ ᠠ᠋ᠴᠠ ᠲᠡᠷᠢᠭᠦᠯᠡᠨ ᠲᠣᠯᠣᠭᠠᠢ ᠥᠨᠳᠡᠢᠯᠭᠡᠵᠦ᠄
— ᠠᠢ ᠲᠦᠮᠡᠨ ᠰᠣᠨᠣᠷᠲᠤ᠂ ᠮᠢᠩᠭᠠᠨ ᠮᠡᠯᠮᠡᠢᠲᠦ ᠪᠣᠭᠳᠠ ᠯᠠᠮᠠᠲᠠᠨ ᠮᠢᠨᠢ ᠠ᠋! ᠳᠣᠣᠷᠠᠲᠤ ᠱᠠᠪᠢ ᠨᠠᠷ ᠪᠢᠳᠡᠨ ᠦ᠌ ᠪᠡᠨ ᠭᠠᠯ ᠤᠰᠤᠨ ᠤ᠋ ᠭᠠᠰᠢᠭᠤᠨ ᠵᠣᠪᠠᠯᠠᠩ ᠳ᠋ᠤ᠌ ᠳᠠᠷᠤᠭᠳᠠᠭᠰᠠᠨ ᠢ᠋ ᠳᠤᠯᠢᠳᠠᠨ ᠬᠠᠢᠷᠠᠯᠠᠵᠤ᠂ ᠠᠩᠭᠢᠵᠢᠷᠠᠭᠤᠯᠤᠨ ᠠᠪᠤᠷᠠ! ᠭᠡᠵᠦ ᠤᠬᠢᠯᠠᠨ ᠪᠠᠷᠬᠢᠷᠠᠬᠤ ᠳᠠᠭᠤ ᠪᠠᠷ ᠬᠡᠯᠡᠭᠡᠳ ᠲᠥᠷᠥᠭᠦᠯᠭᠡ ᠪᠡᠨ ᠰᠠᠪᠠᠨ ᠤᠨᠠᠪᠠ᠃
ᠪᠠᠯᠳᠠᠨᠴᠡᠷᠢᠭ᠄《ᠦᠢ ᠣᠯᠠᠨ ᠢ᠋ ᠪᠠᠢᠲᠤᠭᠠᠢ᠂ ᠥᠪᠡᠷ ᠢ᠋ ᠪᠡᠨ ᠠᠪᠤᠷᠠᠬᠤ ᠴᠢᠳᠠᠯ ᠦᠭᠡᠢ ᠠᠮᠢᠲᠠᠨ ᠠ᠋ᠴᠠ ᠢᠩᠭᠢᠵᠦ ᠠᠪᠤᠷᠠᠯ ᠡᠷᠢᠬᠦ ᠴᠦ᠍ ᠭᠡᠵᠦ ᠳᠡ ᠴᠠᠪᠠᠰᠤ》 ᠭᠡᠵᠦ ᠪᠣᠳᠣᠨ ᠰᠠᠨᠠᠭ᠎ᠠ ᠠᠯᠳᠠᠪᠠ᠃ ᠪᠣᠭᠳᠠ ᠶ᠋ᠢᠨ ᠥᠨᠳᠥᠷ ᠶᠠᠩᠫᠠᠢ ᠶ᠋ᠢᠨ ᠠᠷᠤ ᠳ᠋ᠤ᠌ ᠡᠮᠦᠨ᠎ᠡ ᠡᠴᠡ ᠨᠢ ᠪᠢᠰᠬᠢᠭᠦᠷ ᠦ᠋ᠨ ᠳᠠᠭᠤᠨ ᠲᠦᠷᠦᠭᠦᠴᠢ ᠶ᠋ᠢᠨ ᠬᠢ ᠡᠴᠡ ᠢᠯᠡᠭᠦᠦ ᠤᠶᠠᠩᠭᠠᠯᠠᠨ ᠤᠭᠲᠤᠨ᠎ᠠ᠃ ᠡᠨᠡ ᠨᠢ ᠠᠷᠤ ᠳ᠋ᠤᠨᠢ ᠦᠯᠡᠳᠡᠵᠦ ᠪᠠᠢᠭ᠎ᠠ ᠰᠦᠰᠦᠭᠲᠡᠨ ᠨᠦ᠍ᠭᠦᠳ ᠲᠦ᠍ ᠮᠥᠨ ᠲᠩᠷᠢ ᠡᠴᠡ ᠪᠠᠭᠤᠨ ᠢᠷᠡᠭᠰᠡᠨ ᠢ᠋ᠶ᠋ᠡᠨ ᠳᠠᠬᠢᠨ ᠲᠩᠷᠢ ᠳ᠋ᠡᠭᠡᠨ ᠵᠠᠯᠠᠷᠠᠵᠤ ᠪᠠᠢᠭ᠎ᠠ ᠰᠢᠭ᠋ ᠢ᠋ᠶ᠋ᠡᠷ ᠰᠠᠨᠠᠭᠳᠠᠭᠤᠯᠤᠨ᠎ᠠ᠃ ᠲᠡᠨᠳᠡ ᠡᠴᠡ ᠭᠡᠳᠡᠷᠭᠦ ᠡᠷᠭᠢᠨ ᠭᠡᠷ ᠤᠷᠤᠭᠤ ᠪᠠᠨ ᠶᠠᠪᠤᠬᠤ ᠳ᠋ᠤ᠌ ᠰᠡᠳᠬᠢᠯ ᠳ᠋ᠦ᠍ᠨᠢ ᠲᠤᠩ ᠭᠤᠨᠢᠭ᠂ ᠨᠢᠭᠡ ᠲᠠᠯ᠎ᠠ ᠠ᠋ᠴᠠ ᠪᠣᠭᠳᠠ ᠶ᠋ᠢᠨ ᠠᠯᠢᠪᠠ ᠪᠤᠷᠤᠩᠬᠤᠢ ᠮᠠᠭᠤ ᠶᠠᠪᠤᠳᠠᠯ ᠤ᠋ᠳ᠂ ᠨᠥᠭᠦᠭᠡ ᠲᠠᠯ᠎ᠠ ᠠ᠋ᠴᠠ ᠠᠷᠠᠳ ᠲᠦᠮᠡᠨ ᠦ᠌ ᠪᠡᠨ ᠰᠦᠰᠦᠭ ᠪᠢᠰᠢᠷᠡᠯ ᠳ᠋ᠦ᠍ ᠬᠡᠳᠦ ᠠᠪᠲᠠᠭᠳᠠᠭᠰᠠᠨ ᠪᠠᠢᠳᠠᠯ ᠡᠢᠮᠦ ᠬᠣᠶᠠᠷ ᠵᠦᠢᠯ ᠲᠣᠯᠣᠭᠠᠢ ᠳ᠋ᠤᠨᠢ ᠲᠠᠰᠤᠷᠠᠯᠲᠠ ᠦᠭᠡᠢ ᠡᠷᠭᠢᠯᠳᠦᠬᠦ ᠠᠵᠢ᠃ ᠬᠠᠰᠢᠶᠠᠨ ᠤ᠋ ᠪᠠᠨ ᠭᠠᠳᠠᠨ᠎ᠠ ᠢᠷᠡᠭᠡᠳ ᠳᠣᠲᠣᠭᠰᠢ ᠣᠷᠣᠬᠤ ᠭᠡᠰᠡᠨ ᠢ᠋ᠶ᠋ᠡᠨ ᠳᠡᠮᠡᠢ ᠬᠡᠪᠲᠡᠬᠦ ᠡᠴᠡ ᠪᠡᠨ ᠬᠠᠯᠠᠰᠢᠷᠠᠭᠰᠠᠨ ᠪᠥᠭᠡᠳ ᠪᠠᠷᠠᠭᠤᠨ ᠲᠡᠢᠰᠢ ᠶᠠᠪᠤᠯ᠎ᠠ᠃ ᠶᠣᠰᠣᠲᠠᠢ ᠳᠡᠮᠡᠢ ᠪᠠᠯᠠᠢ ᠡᠷᠭᠢᠭᠦᠦ ᠠᠮᠢᠲᠠᠨ ᠰᠢᠭ᠋ ᠶᠠᠪᠤᠭᠰᠠᠭᠠᠷ ᠪᠠᠢᠲᠠᠯ᠎ᠠ ᠨᠠᠷᠠ ᠵᠢᠷᠭᠠᠪᠠ᠃ ᠭᠡᠯᠡ ᠴᠦ᠍ ᠭᠡᠰᠡᠨ ᠬᠠᠷᠢᠬᠤ ᠬᠦᠰᠡᠯ ᠠᠯᠠᠭ᠎ᠠ᠃ ᠬᠠᠷᠢᠨ ᠲᠠᠨᠢᠯ ᠲᠠᠯ᠎ᠠ ᠶ᠋ᠢᠨ ᠢ᠋ᠶ᠋ᠡᠨ ᠠᠢᠯ ᠭᠡᠷ ᠦ᠋ᠨ ᠨᠢᠭᠡᠨ ᠳ᠋ᠦ᠍ ᠣᠷᠣᠪᠠᠰᠤ ᠡᠷᠬᠡ ᠦᠭᠡᠢ ᠰᠡᠳᠬᠢᠯ ᠰᠡᠷᠭᠦᠨ ᠬᠥᠭᠵᠢᠬᠦ ᠪᠣᠯ ᠤᠤ ᠭᠡᠵᠦ ᠪᠣᠳᠣᠭᠳᠠᠪᠠ᠃
