ᠳᠣᠲᠣᠭᠰᠢ ᠪᠠᠨ ᠤᠷᠤᠰᠬᠤ ᠲᠣᠷᠭᠠᠨ ᠴᠠᠭᠠᠨ ᠠᠶᠠᠯᠭᠤДотогшоо урсах турган цагаан аялгуу ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠣᠲᠣᠭᠰᠢ ᠪᠠᠨ ᠤᠷᠤᠰᠬᠤ ᠲᠣᠷᠭᠠᠨ ᠴᠠᠭᠠᠨ ᠠᠶᠠᠯᠭᠤДотогшоо урсах турган цагаан аялгуу

ᠳᠣᠲᠣᠭᠰᠢ ᠪᠠᠨ ᠤᠷᠤᠰᠬᠤ ᠲᠣᠷᠭᠠᠨ ᠴᠠᠭᠠᠨ ᠠᠶᠠᠯᠭᠤДотогшоо урсах турган цагаан аялгуу

2025-07-10

882

ᠳᠣᠲᠣᠭᠰᠢ ᠪᠠᠨ ᠤᠷᠤᠰᠬᠤ ᠲᠣᠷᠭᠠᠨ ᠴᠠᠭᠠᠨ ᠠᠶᠠᠯᠭᠤ

 ᠬᠥᠲᠥᠯᠦᠭᠡ ᠰᠢᠯᠦᠭ(1) 
   ᠠᠯᠲᠠᠨᠴᠡᠴᠡᠭ 
ᠠᠪᠤ ᠠ᠋ 
ᠥᠲᠡᠯᠦᠭᠡᠳ ᠢᠷᠡᠬᠦ ᠪᠡᠷ ᠲᠠ ᠮᠢᠨᠢ ᠭᠠᠭᠴᠠᠭᠠᠷᠳᠠᠳᠠᠭ ᠪᠣᠯᠤᠭᠰᠠᠨ ᠤᠤ 
ᠥᠷᠭᠥᠭᠡ ᠴᠠᠩᠭᠢᠨᠠᠭᠰᠠᠨ ᠬᠡᠦᠬᠡᠳ ᠦ᠋ᠨ ᠢᠨᠢᠶᠡᠳᠦ ᠵᠠᠮᠬᠠᠷᠠᠭᠰᠠᠭᠠᠷ 
ᠥᠪᠡᠷ ᠥᠪᠡᠷᠲᠡᠭᠡᠨ ᠡᠷᠦᠬᠡ ᠰᠡᠬᠦᠵᠦ ᠬᠣᠯᠠᠳᠠᠭᠠᠳ ᠯᠠ᠁ 
ᠥᠩᠭᠡᠷᠡᠦ ᠶᠠᠭᠠᠷᠠᠤ ᠶᠤᠮ ᠠ᠋ ᠭᠡᠵᠦ ᠬᠡᠳᠦᠨ ᠬᠡᠦᠬᠡᠳ ᠢ᠋ᠶ᠋ᠡᠨ ᠥᠪᠡᠷ ᠡᠴᠡ ᠪᠡᠨ ᠴᠤ᠌ 
ᠥᠮᠥᠭᠡᠷᠡᠵᠦ ᠲᠠᠢᠳᠬᠤᠷᠠᠳᠠᠭ ᠪᠠᠢᠪᠠ ᠤᠤ 

ᠳᠡᠩᠳᠡᠭᠦᠦ ᠳᠧ ᠲᠡᠨᠡᠭᠬᠡᠨ ᠦᠷ᠎ᠡ ᠴᠢᠨᠢ ᠪᠢ 
ᠲᠡᠮᠡᠦᠯᠵᠦ ᠬᠠᠷᠢᠭᠠᠳ ᠦᠨᠦᠰᠦᠭᠦᠯᠬᠦ ᠪᠠᠢᠲᠤᠭᠠᠢ 
ᠲᠡᠩᠬᠡᠭᠡ ᠶ᠋ᠢ ᠴᠢᠨᠢ ᠠᠰᠠᠭᠤᠵᠤ ᠤᠲᠠᠰᠤᠳᠠᠬᠤ ᠪᠠᠨ ᠴᠤ᠌ ᠮᠠᠷᠲᠠᠭᠠᠳ ᠯᠠ 

ᠠᠪᠤ ᠠ᠋
ᠥᠲᠡᠯᠬᠦ ᠲᠣᠰᠤᠮ ᠢ᠋ᠶ᠋ᠠᠨ ᠲᠠ ᠮᠢᠨᠢ ᠭᠠᠭᠴᠠᠭᠠᠷᠳᠠᠳᠠᠭ ᠶᠤᠮ ᠪᠣᠯᠪᠠ ᠤᠤ
ᠦᠶ᠎ᠡ ᠶ᠋ᠢᠨ ᠰᠠᠢᠬᠠᠨ ᠬᠥᠮᠦᠰ ᠴᠢᠨᠢ
ᠠᠭᠤᠯᠠ ᠶ᠋ᠢᠨ ᠴᠠᠭᠠᠨ᠎ᠠ ᠠᠭᠤᠯᠠ ᠪᠣᠯᠤᠨ ᠬᠥᠬᠡᠷᠡᠭᠡᠳ ᠯᠡ
ᠥᠨᠢᠷ ᠰᠠᠢᠬᠠᠨ ᠦᠷᠡᠰ ᠴᠢᠨᠢ
ᠦᠢᠷᠡᠨ ᠲᠣᠭᠣᠷᠢᠨ ᠠ᠋ᠴᠠ ᠴᠢᠨᠢ ᠬᠣᠯᠠᠳᠠᠭᠠᠳ ᠯᠠ
ᠡᠪᠬᠡᠷᠡᠵᠦ ᠪᠠᠭᠤᠭᠰᠠᠨ ᠰᠡᠳᠬᠢᠯ ᠦ᠋ᠨ ᠭᠤᠨᠢᠭ ᠢ᠋ᠶ᠋ᠠᠨ
ᠡᠵᠢ ᠶ᠋ᠢ ᠮᠢᠨᠢ ᠵᠣᠪᠠᠭᠠᠬᠤ ᠦᠭᠡᠢ ᠭᠡᠵᠦ ᠨᠢᠭᠤᠭᠠᠳ ᠯᠠ᠁
ᠨᠠᠭᠠᠨ᠎ᠠ ᠪᠠᠨ ᠨᠢᠭᠡᠯᠡ ᠰᠦᠷ ᠲᠡᠢ ᠴᠦ᠍
ᠨᠠᠰᠤᠵᠢᠬᠤ ᠳᠣᠳᠣᠮ ᠢ᠋ᠶ᠋ᠠᠨ ᠡᠮᠵᠡᠭᠬᠡᠨ ᠪᠣᠯᠵᠤ
ᠤᠶᠠᠷᠠᠵᠤ ᠥᠪᠡᠷ ᠢ᠋ᠶ᠋ᠡᠨ ᠭᠤᠨᠢᠬᠤ ᠪᠠᠷ
ᠤᠯᠠᠮ ᠴᠠᠰᠢ ᠪᠠᠨ ᠳᠠᠭᠤ ᠦᠭᠡᠢ ᠪᠣᠯᠤᠭᠠᠳ ᠯᠠ
ᠡᠮᠪᠦᠷᠢᠵᠦ ᠳᠣᠲᠣᠭᠰᠢ ᠪᠠᠨ ᠨᠤᠷᠠᠳᠠᠭ ᠪᠠᠢᠪᠠᠤ

ᠳᠡᠩᠳᠡᠭᠦᠦ ᠳᠧ ᠲᠡᠨᠡᠭᠬᠡᠨ ᠦᠷ᠎ᠡ ᠴᠢᠨᠢ ᠪᠢ
ᠳᠤᠷᠠᠰᠤᠮᠵᠢ ᠬᠦᠪᠦᠷᠡᠭᠦᠯᠦᠨ  ᠲᠤᠬᠠᠲᠠᠢᠬᠠᠨ ᠰᠠᠭᠤᠵᠤ
ᠠᠪᠤ ᠶ᠋ᠢ ᠪᠡᠨ ᠠᠷᠭᠠᠳᠠᠩᠬᠠᠨ ᠳᠠᠭᠤᠯᠠᠭᠰᠠᠨ ᠢ᠋ᠶ᠋ᠠᠨ
ᠶᠠᠭ ᠬᠡᠵᠢᠶ᠎ᠡ ᠭᠡᠵᠦ ᠰᠠᠨᠠᠬᠤ ᠦᠭᠡᠢ ᠯᠡ ᠪᠠᠢᠨ᠎ᠠ ᠠ᠋

ᠠᠳᠤᠭᠤᠨ ᠳ᠋ᠤ᠌ ᠶᠠᠪᠤᠭᠰᠠᠨ ᠠᠪᠤ ᠶ᠋ᠢᠨ ᠢ᠋ᠶ᠋ᠡᠨ ᠬᠣᠢᠨ᠎ᠠ ᠠ᠋ᠴᠠ
ᠳᠡᠪᠬᠡᠴᠡᠨ ᠭᠦᠶᠦᠳᠡᠭ ᠢ᠋ᠶ᠋ᠡᠨ ᠮᠠᠷᠲᠠᠴᠢᠬᠠᠭᠰᠠᠨ ᠪᠠᠢᠨ᠎ᠠ
ᠠᠮᠢᠳᠤᠷᠠᠯ ᠠᠬᠤᠢ ᠭᠡᠳ ᠡᠭᠦᠷᠲᠦᠵᠦ ᠮᠤᠩᠭᠠᠨᠢᠬᠤ ᠳ᠋ᠤ᠌ ᠨᠢ
ᠠᠭᠠᠯᠢᠭᠦᠢᠳᠡᠵᠦ ᠡᠷᠬᠡᠯᠡᠳᠡᠭ ᠢ᠋ᠶ᠋ᠡᠨ ᠤᠮᠠᠷᠲᠠᠴᠢᠬᠠᠭᠰᠠᠨ ᠪᠠᠢᠨ᠎ᠠ

ᠵᠢᠷᠭᠠᠯ ᠲᠠᠢ ᠲᠡᠨᠢᠭᠦᠨ ᠠᠮᠢᠳᠤᠷᠠᠯ ᠮᠢᠨᠢ
ᠲᠠᠨ ᠠ᠋ᠴᠠ ᠡᠬᠢᠯᠡᠳᠡᠭ ᠪᠠᠢᠭᠰᠠᠨ ᠢ᠋
ᠰᠠᠶᠢ ᠯᠠ ᠣᠳᠣ ᠤᠬᠠᠭᠠᠷᠠᠵᠤ ᠪᠠᠢᠨ᠎ᠠ
ᠬᠠᠶᠠ ᠨᠢᠯᠪᠤᠰᠤ ᠲᠠᠨᠢ ᠭᠠᠳᠠᠭᠰᠢᠯᠠᠳᠠᠭ ᠢ᠋
ᠬᠠᠷᠢ ᠳ᠋ᠤ᠌ ᠮᠣᠷᠳᠠᠬᠤ ᠳ᠋ᠤ᠌ ᠪᠠᠨ ᠯᠠ ᠬᠠᠷᠠᠭᠰᠠᠨ ᠢ᠋ᠶ᠋ᠠᠨ
ᠶᠠᠭ ᠯᠠ ᠣᠳᠣ ᠰᠠᠨᠠᠵᠤ ᠪᠠᠢᠨ᠎ᠠ

ᠦᠷ᠎ᠡ ᠪᠡᠨ ᠡᠷᠬᠡᠯᠡᠭᠦᠯᠦᠭᠡᠳ ᠲᠡᠪᠡᠷᠢᠳᠡᠭ
ᠨᠦᠮᠵᠦᠭ ᠳᠤᠯᠠᠭᠠᠨ ᠡᠪᠦᠷ ᠢ᠋ ᠴᠢᠨᠢ
ᠳᠤᠲᠠᠭᠤ ᠪᠦᠬᠦᠨ ᠢ᠋ ᠮᠢᠨᠢ ᠨᠥᠬᠥᠬᠦ
ᠭᠡᠰᠡᠨ
ᠲᠣᠷᠭᠠᠨ ᠡᠮᠵᠡᠭᠬᠡᠨ ᠰᠡᠳᠬᠢᠯ ᠢ᠋ ᠴᠢᠨᠢ
ᠲᠣᠮᠣᠭ᠎ᠠ ᠦᠭᠡᠢ ᠠᠯᠳᠠᠭ᠎ᠠ ᠶ᠋ᠢ ᠮᠢᠨᠢ ᠵᠠᠯᠠᠷᠠᠭᠤᠯᠵᠤ
ᠳᠠᠭᠤ ᠦᠭᠡᠢ ᠵᠢᠮᠡᠯᠡᠳᠡᠭ ᠰᠤᠷᠭᠠᠯ ᠢ᠋ ᠴᠢᠨᠢ
ᠰᠠᠪᠠᠭ᠎ᠠ ᠦᠭᠡᠢ ᠨᠠᠰᠤ ᠶ᠋ᠢ ᠮᠢᠨᠢ ᠥᠷᠥᠪᠳᠦᠵᠦ
ᠰᠠᠨᠠᠭ᠎ᠠ ᠴᠢᠨᠢ ᠵᠥᠭᠡᠯᠡᠷᠡᠳᠡᠭ ᠪᠠᠢᠭᠰᠠᠨ ᠢ᠋ ᠴᠢᠨᠢ
ᠳᠠᠬᠢᠨ ᠮᠡᠳᠡᠷᠡᠵᠦ ᠪᠠᠢᠨ᠎ᠠ᠂ ᠠᠪᠤ ᠠ᠋
ᠲᠦᠰᠢᠭ ᠲᠡᠢ ᠶᠦ᠍ᠮ ᠪᠢᠯᠡ

ᠤᠭᠤᠷᠠᠭ ᠰᠡᠪᠡᠯᠭᠡ ᠶ᠋ᠢ ᠮᠢᠨᠢ ᠦᠨᠦᠷᠲᠦᠭᠡᠳ
ᠤᠷᠭ᠎ᠠ ᠪᠠᠨ ᠲᠤᠯᠤᠭᠠᠳ ᠮᠣᠷᠳᠠᠳᠠᠭ ᠢ᠋ ᠴᠢᠨᠢ
ᠰᠠᠯᠬᠢᠨ ᠤ᠋ ᠦᠵᠦᠭᠦᠷ ᠴᠡᠩᠬᠡᠷᠲᠦᠬᠦ ᠪᠡᠷ
ᠰᠡᠩᠰᠡᠨ ᠪᠣᠷᠣᠭᠠᠨ ᠳᠠᠭᠠᠭᠤᠯᠵᠤ ᠢᠷᠡᠳᠡᠭ ᠢ᠋ ᠴᠢᠨᠢ
ᠤᠢᠳᠬᠠᠷ ᠭᠤᠨᠢᠭ᠂ ᠡᠪᠡᠳᠴᠢᠨ ᠵᠣᠪᠠᠯᠠᠩ ᠢ᠋
ᠤᠷᠤᠭᠤᠯ ᠳᠠᠪᠠᠭᠤᠯᠳᠠᠭ ᠦᠭᠡᠢ
ᠠᠤᠭ᠎ᠠ ᠤᠬᠠᠭᠠᠨ ᠢ᠋ ᠴᠢᠨᠢ
ᠲᠠᠩᠰᠤᠭ ᠪᠠᠢᠭᠠᠯᠢ ᠲᠠᠢ ᠪᠠᠨ ᠠᠭᠤᠵᠢᠷᠠᠲᠠᠯ᠎ᠠ ᠶᠠᠷᠢᠯᠴᠠᠵᠤ
ᠲᠠᠯ᠎ᠠ ᠶ᠋ᠢᠨ ᠡᠪᠡᠰᠦ ᠶ᠋ᠢ ᠰᠡᠪᠡᠯᠵᠡᠲᠡᠯ᠎ᠡ ᠢᠰᠬᠡᠷᠳᠡᠭ ᠢ᠋ ᠴᠢᠨᠢ
ᠨᠡᠷᠡᠲᠦ ᠳ᠋ᠦ᠍ ᠨᠠᠷᠭᠢᠭᠤᠯᠵᠤ ᠶᠠᠪᠤᠭᠰᠠᠨ
ᠨᠠᠢᠷᠠᠭ ᠰᠢᠭ᠋ ᠵᠠᠯᠠᠭᠤ ᠨᠠᠰᠤ ᠶ᠋ᠢ ᠴᠢᠨᠢ
ᠨᠠᠢᠷ ᠤ᠋ᠨ ᠳᠡᠨᠵᠢ ᠶ᠋ᠢ ᠠᠢᠷᠠᠭ ᠢ᠋ᠶ᠋ᠠᠷ ᠮᠢᠯᠢᠶᠠᠭᠰᠠᠨ
ᠨᠠᠮᠪᠠᠯᠢᠭ ᠤᠶᠠᠭᠠᠴᠢᠨ ᠤ᠋ ᠵᠢᠪᠬᠤᠭ᠎ᠠ ᠶ᠋ᠢ ᠴᠢᠨᠢ
ᠨᠡᠬᠡᠨ ᠰᠠᠨᠠᠵᠤ ᠪᠠᠢᠨ᠎ᠠ᠂ ᠠᠪᠤ ᠠ᠋
ᠬᠡᠢᠮᠣᠷᠢ ᠲᠠᠢ ᠶᠤᠮ ᠪᠢᠯᠡ

ᠬᠠᠶᠠ ᠨᠢᠭᠡ ᠥᠭᠦᠯᠡᠬᠦ ᠳ᠋ᠦ᠍ ᠪᠡᠨ ᠦᠨᠡᠨ ᠢ᠋ ᠵᠠᠩᠭᠢᠳᠴᠤ
ᠬᠠᠷᠠᠴᠠ ᠪᠠᠷ ᠢ᠋ᠶ᠋ᠠᠨ ᠠᠮᠢᠳᠤᠷᠠᠯ ᠢ᠋
ᠤᠬᠠᠭᠠᠷᠠᠭᠤᠯᠤᠭᠰᠠᠨ ᠠᠪᠤ ᠮᠢᠨᠢ ᠠ᠋
ᠠᠳᠤᠭᠤ ᠪᠠᠷ ᠢ᠋ᠶ᠋ᠠᠨ  ᠬᠠᠨᠢᠰᠠᠵᠤ ᠲᠠ ᠮᠢᠨᠢ ᠥᠲᠡᠯᠦᠯ᠎ᠡ
ᠠᠲᠠᠷ ᠲᠠᠯ᠎ᠠ ᠶ᠋ᠢᠨ ᠢ᠋ᠶ᠋ᠡᠨ ᠭᠦᠨ ᠳ᠋ᠦ᠍ ᠳᠠᠭᠤᠯᠠᠭᠰᠠᠭᠠᠷ
ᠥᠪᠡᠷ ᠢ᠋ᠶ᠋ᠡᠨ ᠥᠪᠡᠷ ᠲᠡᠢ ᠪᠡᠨ ᠥᠲᠡᠯᠦᠯ᠎ᠡ

ᠠᠭᠤᠯᠠ ᠬᠠᠩᠭᠠᠢ ᠳᠠᠮᠵᠢᠭᠠᠳ
ᠠᠶᠠᠯᠭᠤ ᠡᠭᠡᠰᠢᠭᠯᠡᠭᠡᠳ ᠪᠠᠢᠨ᠎ᠠ
ᠤᠷᠤᠰᠴᠤ ᠥᠩᠭᠡᠷᠡᠬᠦ ᠨᠢᠯᠪᠤᠰᠤᠨ ᠠ᠋ᠴᠠ ᠮᠢᠨᠢ
ᠳᠤᠷᠠᠰᠤᠮᠵᠢ ᠰᠡᠷᠭᠦᠭᠡᠳ ᠪᠠᠢᠨ᠎ᠠ ᠳᠠ
ᠰᠢᠯᠦᠭ  ᠢ᠋ᠶ᠋ᠡᠷ ᠢ᠋ᠶ᠋ᠡᠨ ᠲᠠᠨ ᠢ᠋ ᠰᠢᠳᠦᠨ ᠠᠷᠭᠠᠳᠠᠶ᠎ᠠ
ᠨᠠᠢᠷᠠᠭ ᠢ᠋ᠶ᠋ᠠᠷ ᠢ᠋ᠶ᠋ᠠᠨ ᠲᠠᠨ ᠳ᠋ᠤ᠌ ᠨᠠᠰᠤ ᠭᠤᠶᠤᠶ᠎ᠠ
ᠠᠪᠤ ᠮᠢᠨᠢ ᠲᠠ ᠤᠷᠲᠤ ᠨᠠᠰᠤᠯᠠᠭᠠᠷᠠᠢ
ᠠᠯᠠᠭ ᠦᠷ᠎ᠡ ᠪᠡᠨ ᠳᠠᠭᠠᠭᠤᠯᠤᠭᠠᠳ ᠲᠠᠨ ᠳ᠋ᠤ᠌ ᠪᠠᠨ ᠣᠴᠢᠨ᠎ᠠ
ᠦᠯᠢᠭᠡᠷ ᠦ᠋ᠨ ᠶᠦᠮ ᠰᠢᠭ ᠵᠠᠯᠠᠭᠤ ᠨᠠᠰᠤ ᠶ᠋ᠢ ᠴᠢᠨᠢ ᠰᠣᠨᠣᠰᠴᠤ
ᠦᠷ ᠰᠥᠨᠢ ᠶ᠋ᠢ ᠴᠠᠢᠯᠭᠠᠵᠤ ᠨᠢᠭᠡ ᠦᠵᠡᠬᠦ ᠶᠤᠮᠰᠠᠨ
ᠬᠡᠢᠮᠤᠷᠯᠢᠭ᠌ ᠶᠤᠮ ᠳᠠ ᠮᠢᠨᠦ ᠠᠪᠤ

 ᠵᠣᠬᠢᠶᠠᠭᠴᠢ᠄ ᠠᠯᠲᠠᠨᠴᠡᠴᠡᠭ
 ᠤᠶᠠᠩᠭᠠᠯᠠᠭᠴᠢ᠄ ᠬᠣᠩᠭᠤᠷᠵᠤᠯᠠ
 ᠦᠰᠦᠭ ᠠᠮᠢᠯᠠᠭᠤᠯᠤᠭᠴᠢ᠄ ᠴᠢᠮᠡᠳ ᠵᠠᠯᠭᠠᠬᠦᠦ
 ᠦᠰᠦᠭ ᠬᠠᠳᠠᠭᠴᠢ᠄  ᠪᠣᠷᠵᠢᠭᠢᠨ ᠠᠵᠠᠵᠠᠶᠠᠭ᠎ᠠ
 ᠵᠢᠷᠤᠭ ᠳᠦᠷᠰᠦ ᠲᠣᠬᠢᠷᠠᠭᠤᠯᠤᠭᠴᠢ᠄ ᠬᠣᠨᠢᠴᠢᠨ ᠪᠦᠰᠡᠭᠦᠢ
 ᠬᠢᠨᠠᠭᠴᠢ᠄ ᠰᠡᠴᠡᠨᠲᠤᠶᠠᠭ᠎ᠠ

ᠡᠭᠡᠯᠭᠡᠨ ᠡᠨᠡ ᠬᠠᠢᠷ᠎ᠠ
     ᠬᠥᠲᠥᠯᠦᠭᠡ(2)
— ᠠᠯᠲᠠᠨᠴᠡᠴᠡᠭ
ᠪᠢ ᠬᠠᠷᠠᠩᠭᠤᠢ ᠠ᠋ᠴᠠ ᠰᠢᠷᠬᠡᠢᠳᠡᠭ
ᠬᠠᠭᠠᠴᠠᠢᠯᠠᠬᠤ ᠬᠥᠮᠦᠨ ᠦᠭᠡᠢ ᠡᠴᠡ ᠵᠢᠷᠦᠬᠡᠰᠢᠶᠡᠳᠡᠭ
ᠭᠠᠭᠴᠠᠭᠠᠷᠳᠠᠬᠤ ᠠ᠋ᠴᠠ ᠨᠡᠩ ᠠᠶᠤᠳᠠᠭ
ᠭᠠᠭᠴᠠᠬᠠᠨ ᠡᠵᠢ ᠮᠢᠨᠢ ᠪᠠᠢᠬᠤ ᠳ᠋ᠤ᠌ ᠥᠭᠡᠷ᠎ᠡ ᠶᠦᠮ ᠪᠢᠯᠡ
ᠪᠢ
ᠡᠩᠭᠡᠷ ᠲᠦ᠍ ᠨᠢ ᠨᠢᠯᠬᠠᠷᠠᠭᠰᠠᠨ ᠡᠵᠢ ᠶ᠋ᠢᠨ ᠢ᠋ᠶ᠋ᠡᠨ
ᠡᠯᠢᠭᠡᠨ ᠡᠴᠡ ᠨᠢ ᠵᠡᠭᠦᠭᠳᠡᠭᠰᠡᠨ ᠥᠬᠢᠨ ᠵᠠᠶᠠᠭ᠎ᠠ
ᠰᠠᠢᠬᠠᠨ ᠪᠤᠭᠤᠷᠤᠯ ᠡᠵᠢ ᠶ᠋ᠢᠨ ᠢ᠋ᠶ᠋ᠡᠨ
ᠰᠠᠨᠴᠢᠭ ᠲᠤ᠌ ᠨᠢ ᠭᠢᠯᠠᠯᠵᠠᠭᠰᠠᠨ ᠣᠨ ᠰᠠᠷ᠎ᠠ ᠠ᠋
ᠪᠢ ᠡᠵᠢ ᠲᠡᠢ ᠬᠥᠮᠦᠨ
ᠭᠤᠨᠳᠠᠵᠤ ᠪᠣᠯᠤᠮ᠎ᠠ ᠦᠭᠡᠢ ᠶᠠᠭᠠᠬᠠᠨ ᠴᠡᠴᠡᠭ
ᠭᠤᠨᠢᠭ ᠢ᠋ ᠨᠢ ᠦᠷᠭᠦᠭᠡᠬᠦ ᠡᠷᠬᠡ ᠢᠨᠢᠶᠡᠳᠦ
ᠶᠠᠪᠤᠬᠤ ᠵᠠᠮ ᠢ᠋ ᠮᠢᠨᠢ ᠰᠦ ᠪᠡᠷ ᠳᠡᠪᠢᠰᠴᠦ
ᠬᠢᠬᠦ ᠦᠢᠯᠡ ᠶ᠋ᠢ ᠮᠢᠨᠢ ᠬᠠᠢᠷ᠎ᠠ ᠪᠠᠷ ᠵᠦᠭᠯᠡᠭᠦᠯᠵᠦ
ᠠᠮᠢ ᠬᠠᠢᠷ᠎ᠠ ᠬᠣᠶᠠᠷ ᠢ᠋ᠶ᠋ᠠᠨ ᠨᠠᠳᠠ ᠳ᠋ᠤ᠌ ᠥᠭᠴᠦ
ᠠᠢᠳᠠᠰ ᠠᠯᠳᠠᠭ᠎ᠠ ᠬᠣᠶᠠᠷ ᠢ᠋ ᠮᠢᠨᠢ
ᠵᠥᠭᠡᠯᠡᠯᠡᠵᠦ ᠠᠷᠭᠠᠳᠠᠳᠠᠭ ᠪᠣᠯᠬᠣᠷ
ᠥᠩᠭᠡ ᠮᠥᠩᠭᠥᠨ ᠦ᠌ ᠶᠢᠷᠲᠢᠨᠴᠦ ᠳ᠋ᠦ᠍ ᠵᠥᠪ ᠠᠯᠬᠤᠬᠤ ᠶ᠋ᠢ ᠪᠣᠳᠣᠵᠤ
ᠦᠨᠡᠨ ᠵᠥᠪ ᠬᠣᠶᠠᠷ ᠢ᠋ ᠢᠯᠭᠠᠨ ᠲᠠᠨᠢᠬᠤ ᠶ᠋ᠢ ᠬᠢᠴᠢᠶᠡᠳᠡᠭ

ᠡᠵᠢ ᠶ᠋ᠢᠨ ᠪᠦᠪᠡᠢ ᠶ᠋ᠢᠨ ᠪᠦᠳᠡᠭᠢᠬᠡᠨ ᠴᠠᠭᠠᠨ ᠠᠶᠠᠯᠭᠤ
ᠡᠳᠦᠷ ᠬᠣᠨᠣᠭ  ᠢ᠋ᠶ᠋ᠠᠷ ᠠᠯᠤᠰᠷᠠᠨ ᠠᠯᠤᠰᠷᠠᠭᠰᠠᠭᠠᠷ
ᠡᠷᠬᠡ ᠬᠣᠩᠭᠣᠷᠬᠠᠨ ᠰᠡᠳᠬᠢᠯ ᠢ᠋ ᠮᠢᠨᠢ ᠠᠷᠭᠠᠳᠠᠭᠠᠳ
ᠡᠩᠬᠦᠷᠡᠢ ᠪᠠᠭ᠎ᠠ ᠨᠠᠰᠤᠨ ᠤ᠋ ᠮᠢᠨᠢ ᠰᠦ ᠲᠡᠢ ᠳᠤᠷᠠᠰᠤᠮᠵᠢ ᠪᠣᠯᠤᠯ᠎ᠠ
ᠡᠵᠢ ᠡᠴᠡ ᠪᠡᠨ ᠰᠤᠷᠤᠭᠰᠠᠨ ᠲᠡᠷᠡ ᠯᠠ ᠬᠥᠭᠡᠷᠦᠬᠦᠨ ᠠᠶᠠᠯᠭᠤ
ᠡᠨᠡᠷᠢᠬᠦ ᠬᠣᠷᠸ᠎ᠠ ᠶ᠋ᠢ ᠤᠶᠠᠷᠠᠭᠠᠨ ᠵᠥᠭᠡᠯᠡᠷᠡᠭᠦᠯᠵᠦ
ᠡᠷᠭᠢᠭᠡᠳ ᠰᠦ ᠪᠡᠷ ᠮᠢᠨᠢ ᠳᠠᠮᠵᠢᠨ ᠤᠶᠠᠩᠭᠠᠷᠠᠵᠤ
ᠡᠷᠪᠡᠢ ᠪᠠᠯᠴᠢᠷ ᠦᠷ᠎ᠡ ᠶ᠋ᠢ ᠮᠢᠨᠢ ᠪᠥᠭᠡᠴᠡᠢᠯᠡᠨ᠎ᠡ
ᠪᠢ
ᠦᠷ᠎ᠡ ᠮᠢᠨᠢ ᠬᠥᠮᠦᠨ ᠪᠣᠯᠬᠤ ᠠ᠋ᠴᠠ ᠡᠮᠦᠨ᠎ᠡ
ᠦᠨᠡᠨ ᠦ᠌ ᠮᠥᠷ ᠢ᠋ᠶ᠋ᠡᠷ ᠶᠠᠪᠤᠭᠠᠳ ᠥᠭᠴᠢᠬᠡᠬᠦ ᠡᠴᠡ ᠪᠡᠨ ᠠᠶᠤᠳᠠᠭ
ᠦᠭᠡᠢ ᠶᠡᠷᠦ ᠨᠢ ᠲᠡᠭᠡᠭᠡᠳ ᠡᠪᠡᠳᠬᠦ ᠡᠴᠡ ᠪᠡᠨ ᠪᠠᠰᠠ ᠵᠢᠷᠦᠬᠡᠰᠢᠶᠡᠳᠡᠭ
ᠦᠷ᠎ᠡ ᠲᠡᠢ ᠪᠣᠯᠤᠭᠰᠠᠨ ᠠ᠋ᠴᠠ ᠬᠣᠢᠰᠢ ᠥᠭᠡᠷ᠎ᠡ ᠶᠦᠮ ᠪᠢᠯᠡ
ᠪᠢ
ᠬᠠᠯᠠᠭᠤᠨ ᠡᠪᠦᠷ ᠲᠦ᠍ ᠮᠢᠨᠢ ᠥᠶᠥᠭᠰᠢᠵᠦ
ᠬᠠᠶᠠ ᠨᠢᠭᠡ ᠦᠨᠡᠭᠡᠴᠢᠯᠡᠵᠦ ᠵᠡᠭᠦᠳᠦᠯᠡᠬᠦ
ᠬᠠᠢᠷᠠᠲᠠᠢ ᠬᠥᠭᠡᠷᠦᠬᠦᠨ ᠦᠷ᠎ᠡ ᠶ᠋ᠢᠨ ᠢ᠋ᠶ᠋ᠡᠨ
ᠬᠠᠮᠤᠭ ᠵᠢᠷᠭᠠᠯ ᠲᠠᠢ ᠶᠢᠷᠲᠢᠨᠴᠦ ᠨᠢ ᠠ᠋
ᠪᠢ ᠵᠢᠭᠠᠬᠠᠨ ᠨᠢᠯᠵᠠᠷᠠᠢ ᠦᠷ᠎ᠡ ᠶ᠋ᠢᠨ ᠢ᠋ᠶ᠋ᠡᠨ

ᠵᠥᠪ ᠬᠥᠮᠦᠨ ᠪᠣᠯᠵᠤ
ᠵᠥᠭᠡᠯᠡᠨ ᠲᠡᠭᠰᠢ ᠠᠯᠬᠤᠬᠤ ᠳ᠋ᠤ᠌ ᠨᠢ
ᠵᠥᠪᠯᠡᠵᠦ ᠰᠤᠷᠭᠠᠬᠤ ᠡᠵᠢ ᠬᠥᠮᠦᠨ
ᠪᠢ ᠦᠷ᠎ᠡ ᠲᠡᠢ ᠬᠥᠮᠦᠨ
ᠡᠭᠰᠢᠵᠦ ᠪᠣᠯᠤᠮ᠎ᠠ ᠦᠭᠡᠢ ᠴᠠᠭᠠᠨ ᠰᠦ
ᠡᠨᠡᠭᠰᠢᠵᠦ ᠬᠣᠷᠭᠣᠳᠠᠬᠤ ᠬᠠᠢᠷ᠎ᠠ ᠶ᠋ᠢᠨ ᠨᠥᠮᠥᠷᠢ
ᠨᠣᠢᠲᠠᠨ ᠰᠡᠪᠡᠯᠭᠡ ᠶ᠋ᠢ ᠨᠢ ᠰᠦ ᠪᠡᠷ ᠮᠢᠯᠢᠶᠠᠵᠤ
ᠨᠣᠢᠷ ᠵᠡᠭᠦᠳᠦ ᠶ᠋ᠢ ᠨᠢ ᠦᠯᠢᠭᠡᠷ ᠢ᠋ᠶ᠋ᠡᠷ ᠮᠠᠨᠠᠵᠤ
ᠤᠬᠢᠯᠠᠬᠤ ᠢᠨᠢᠶᠡᠬᠦ ᠬᠣᠶᠠᠷ ᠢ᠋ ᠨᠢ ᠠᠷᠭᠠᠳᠠᠵᠤ ᠡᠩᠬᠦᠷᠡᠢᠯᠡᠨ ᠲᠡᠪᠡᠷᠢᠬᠦ  ᠳ᠋ᠦ᠍
ᠤᠨᠠᠵᠤ ᠪᠣᠰᠬᠤ ᠶ᠋ᠢᠨ ᠠᠯᠢᠨ ᠳ᠋ᠤ᠌ ᠴᠤ᠌ ᠨᠢᠷᠤᠭᠤ ᠲᠠᠢ ᠥᠰᠳᠡᠭ ᠪᠠᠢᠬᠤ ᠳᠠ
ᠵᠢᠷᠭᠠᠯ ᠵᠣᠪᠠᠯᠠᠩ ᠤ᠋ᠨ ᠥᠩᠭᠡ ᠶ᠋ᠢ ᠲᠡᠭᠰᠢᠯᠡᠵᠦ ᠪᠠᠢᠭᠠᠳ ᠬᠠᠢᠷᠠᠯᠠᠬᠤ ᠳ᠋ᠤ᠌
ᠵᠠᠶᠠᠭ᠎ᠠ ᠨᠢ ᠲᠦᠰᠢᠭᠡᠳ ᠬᠣᠵᠢᠮ ᠵᠥᠪ ᠠᠯᠬᠤᠬᠤ ᠪᠠᠢᠬᠤ ᠳᠠ
ᠪᠢ ᠡᠵᠢ ᠲᠡᠢ ᠬᠥᠮᠦᠨ
ᠪᠢ ᠦᠷ᠎ᠡ ᠲᠡᠢ ᠬᠥᠮᠦᠨ
ᠡᠷᠭᠢᠬᠦ ᠬᠣᠷᠸ᠎ᠠ ᠶ᠋ᠢᠨ ᠬᠠᠮᠤᠭ ᠤ᠋ᠨ ᠰᠠᠢᠬᠠᠨ
ᠡᠭᠡᠯᠭᠡᠨ ᠡᠨᠡ ᠬᠠᠢᠷ᠎ᠠ ᠶ᠋ᠢ
ᠡᠩᠭᠡᠷ ᠲᠦ᠍ ᠪᠡᠨ ᠲᠣᠰᠴᠤ ᠢᠷᠡᠭᠰᠡᠨ ᠪᠤᠶᠠᠨ ᠵᠠᠶᠠᠭ᠎ᠠ
ᠪᠤᠳᠠᠩ ᠲᠠᠲᠠᠬᠤ ᠪᠠᠷᠠᠭᠠᠨ ᠴᠠᠭ ᠤ᠋ᠨ ᠬᠢᠷ᠎ᠠ ᠶ᠋ᠢ ᠳᠡᠮᠵᠢᠵᠦ
ᠪᠤᠷᠬᠠᠨ ᠲᠠᠢ ᠶᠠᠷᠢᠯᠴᠠᠭᠰᠠᠨ ᠮᠥᠷᠭᠥᠯᠴᠢᠨ ᠠ᠋

  ᠵᠣᠬᠢᠶᠠᠵᠤ ᠤᠩᠰᠢᠭᠰᠠᠨ ᠨᠢ᠄ ᠠᠯᠲᠠᠨᠴᠡᠴᠡᠭ
  ᠦᠰᠦᠭ ᠠᠮᠢᠯᠠᠭᠤᠯᠤᠭᠴᠢ᠄ ᠪᠠᠶᠠᠡᠠᠭᠤᠯᠠ
  ᠵᠢᠷᠤᠭ ᠳᠦᠷᠰᠦ ᠲᠣᠬᠢᠷᠠᠭᠤᠯᠤᠭᠴᠢ᠄ ᠬᠣᠨᠢᠴᠢᠨ ᠪᠦᠰᠡᠭᠦᠢ
  ᠦᠰᠦᠭ ᠬᠠᠲᠠᠭᠴᠢ᠄ ᠡᠩᠬᠡᠮᠡᠡᠳᠦ
  ᠬᠢᠨᠠᠭᠴᠢ᠄ ᠥᠨᠢᠮᠥ᠋ᠩᠬᠡ