ᠲᠤᠭᠠᠷ ᠵᠠᠢᠰᠠᠩ ᠤ᠋ᠨ ᠲᠤᠬᠠᠢДогор зайсангийн тухай

ᠬᠠᠮᠪᠤ ᠪᠯᠠᠮ᠎ᠠ ᠳ᠋ᠠᠮᠪᠠ ᠠᠶᠤᠰᠢᠶᠸᠪ
ᠲᠤᠭᠠᠷ ᠵᠠᠢᠰᠠᠩ ᠤ᠋ᠨ ᠲᠠᠯ᠎ᠠ ᠪᠠᠷ ᠡᠯᠳᠡᠪ ᠶᠠᠩᠵᠤ ᠶ᠋ᠢᠨ ᠲᠡᠦᠬᠡ ᠪᠠᠢᠳᠠᠭ᠃ ᠭᠡᠬᠦ ᠳ᠋ᠦ᠍ ᠪᠡᠨ ᠶᠠᠮᠠᠷ ᠴᠤ᠌ ᠪᠠᠢᠭᠰᠠᠨ ᠮᠣᠩᠭᠣᠯ ᠬᠥᠮᠦᠨ ᠪᠠᠢᠭᠰᠠᠨ ᠨᠢ ᠬᠥᠳᠡᠯᠦᠰᠢ ᠦᠭᠡᠢ ᠪᠠᠷᠢᠮᠲᠠ ᠶᠤᠮ᠃ ᠣᠳᠣ ᠠᠮᠠ ᠳᠠᠮᠵᠢᠭᠰᠠᠨ ᠪᠣᠯᠤᠭᠠᠳ ᠲᠡᠦᠬᠡ ᠶ᠋ᠢᠨ ᠵᠠᠷᠢᠮ ᠰᠤᠳᠤᠷ ᠪᠢᠴᠢᠭ ᠦ᠋ᠨ ᠳᠠᠭᠠᠤ ᠬᠡᠳᠦᠨ ᠦᠭᠡ ᠪᠢᠴᠢᠭᠯᠡᠶ᠎ᠡ᠃ ᠠᠮᠠ ᠳᠠᠮᠵᠢᠭᠰᠠᠨ ᠶᠠᠷᠢᠶ᠎ᠠ᠃ 5 ᠳ᠋ᠤᠭᠠᠷ ᠳᠠᠯᠠᠢ ᠯᠠᠮᠠ ᠯᠤᠪᠰᠠᠩᠵᠠᠮᠼᠤ ᠪᠠᠷ ᠥᠪᠡᠷ ᠦ᠋ᠨ ᠨᠢᠭᠡᠨ ᠰᠢᠳᠠᠷ ᠱᠠᠪᠢ ᠳ᠋ᠤ᠌ ᠪᠠᠨ ᠬᠥᠯᠭᠡᠨ ᠰᠤᠳᠤᠷ ᠡᠭᠦᠷᠦᠭᠦᠯᠦᠨ ᠮᠣᠩᠭᠣᠯ ᠤ᠋ᠨ ᠵᠦᠭ ᠶᠠᠪᠤᠭᠤᠯᠵᠠᠢ᠃ ᠶᠠᠪᠤᠬᠤ ᠦᠶ᠎ᠡ ᠳ᠋ᠦ᠍ ᠨᠢ ᠳᠠᠯᠠᠢ ᠯᠠᠮᠠ 《ᠮᠣᠩᠭᠣᠯ ᠤ᠋ᠨ ᠨᠤᠲᠤᠭ ᠣᠷᠣᠭᠠᠳ ᠬᠠᠮᠤᠭ ᠤ᠋ᠨ ᠡᠬᠢᠯᠡᠵᠦ ᠲᠠᠭᠠᠷᠠᠭᠰᠠᠨ ᠠᠢᠯ ᠳ᠋ᠤ᠌ ᠪᠠᠨ ᠣᠷᠣᠭᠠᠳ ᠨᠣᠮ ᠢ᠋ᠶ᠋ᠠᠨ ᠵᠠᠳᠠᠯᠤᠭᠠᠷᠠᠢ》 ᠭᠡᠵᠦ ᠵᠠᠬᠢᠵᠠᠢ᠃ ᠲᠡᠷᠡ ᠦᠶ᠎ᠡ ᠳ᠋ᠦ᠍ ᠯᠠᠮᠠ ᠨᠠᠷ ᠢ᠋ ᠤᠯᠠᠭᠠᠨ ᠤ᠋᠂ ᠰᠢᠷ᠎ᠠ ᠶ᠋ᠢᠨ ᠱᠠᠰᠢᠨ ᠤ᠋ ᠯᠠᠮᠠ ᠭᠡᠵᠦ ᠢᠯᠭᠠᠬᠤ ᠳ᠋ᠤ᠌ ᠪᠠᠨ ᠨᠣᠮ ᠤ᠋ᠨ ᠬᠢ ᠨᠢ ᠪᠠᠷᠢᠨᠲᠠᠭ ᠢ᠋ᠶ᠋ᠠᠷ ᠢᠯᠭᠠᠳᠠᠭ ᠪᠠᠢᠵᠠᠢ᠃ ᠲᠡᠭᠡᠭᠡᠳ ᠥᠨᠥ ᠯᠠᠮᠠ ᠮᠣᠩᠭᠣᠯ ᠳ᠋ᠤ᠌ ᠣᠷᠣᠵᠤ ᠢᠷᠡᠭᠡᠳ ᠲᠠᠭᠠᠷᠠᠯᠳᠤᠭᠰᠠᠨ ᠬᠠᠮᠤᠭ ᠤ᠋ᠨ ᠡᠬᠢᠨ ᠦ᠌ ᠠᠢᠯ ᠳ᠋ᠤ᠌ ᠪᠠᠨ ᠣᠷᠣᠵᠤ ᠭᠡᠨ᠎ᠡ᠃ ᠨᠣᠮ ᠨᠢ ᠤᠯᠠᠭᠠᠨ ᠪᠠᠷᠢᠨᠲᠠᠭ ᠲᠠᠢ ᠪᠠᠢᠬᠤ ᠶ᠋ᠢ ᠬᠠᠷᠠᠭᠠᠳ ᠭᠡᠷ ᠦ᠋ᠨ ᠡᠵᠡᠨ ᠤᠯᠠᠭᠠᠨ ᠤ᠋ ᠯᠠᠮᠠ ᠭᠡᠮᠡᠨ ᠪᠣᠳᠣᠵᠤ ᠪᠠᠢᠲᠠᠯ᠎ᠠ ᠯᠠᠮᠠ ᠨᠣᠮ ᠢ᠋ᠶ᠋ᠠᠨ ᠵᠠᠳᠠᠯᠤᠭᠰᠠᠨ ᠳ᠋ᠤ᠌ ᠠᠬᠢᠨ ᠨᠢᠭᠡ ᠰᠢᠷ᠎ᠠ ᠪᠠᠷᠢᠨᠲᠠᠭ ᠲᠠᠢ ᠪᠠᠢᠪᠠ᠃ ᠲᠡᠭᠦᠨ ᠢ᠋ ᠬᠠᠷᠠᠭᠰᠠᠨ ᠭᠡᠷ ᠦ᠋ᠨ ᠡᠵᠡᠨ ᠲᠥᠪᠡᠳ ᠲᠦ᠍ ᠰᠢᠷ᠎ᠠ ᠶ᠋ᠢᠨ ᠱᠠᠰᠢᠨ ᠬᠤᠮᠢᠭᠳᠠᠵᠤ ᠪᠣᠢ ᠶ᠋ᠢ ᠤᠬᠠᠨ ᠣᠢᠯᠠᠭᠠᠵᠤ ᠥᠪᠡᠷ ᠦ᠋ᠨ ᠠᠴᠢᠶ᠎ᠠ ᠪᠠᠷᠠᠭ᠎ᠠ ᠶ᠋ᠢ ᠪᠠᠭᠯᠠᠨ ᠳᠣᠭᠰᠢᠨ ᠴᠠᠭᠠᠨ ᠡᠮᠨᠢᠭ ᠲᠡᠮᠡᠭᠡ ᠪᠡᠨ ᠤᠨᠤᠨ ᠲᠥᠪᠡᠳ ᠲᠦ᠍ ᠣᠴᠢᠭᠠᠳ ᠰᠢᠷ᠎ᠠ ᠶ᠋ᠢᠨ ᠱᠠᠰᠢᠨ ᠢ᠋ ᠳᠡᠯᠭᠡᠷᠡᠬᠦ ᠳ᠋ᠦ᠍ ᠰᠠᠭᠠᠳ ᠬᠢᠭᠴᠢ ᠬᠣᠣᠷᠲᠠᠨ ᠨᠤᠭᠤᠳ ᠢ᠋ ᠨᠣᠮᠣᠬᠠᠳᠬᠠᠬᠤ ᠳ᠋ᠤ᠌ ᠶᠡᠬᠡ ᠲᠤᠰᠠ ᠬᠦᠷᠭᠡᠭᠰᠡᠨ ᠬᠡᠮᠡᠳᠡᠭ᠃ ᠮᠥᠨ ᠲᠥᠪᠡᠳ ᠡᠴᠡ ᠢᠷᠡᠭᠰᠡᠨ ᠨᠢᠭᠡᠨ ᠨᠠᠢᠵᠠ ᠠ᠋ᠴᠠ ᠪᠠᠨ ᠰᠣᠨᠣᠰᠬᠤ ᠳ᠋ᠤ᠌ ᡀᠠᠰᠠ ᠬᠣᠲᠠ ᠳ᠋ᠤ᠌ ᠴᠠᠭᠠᠨ ᠲᠡᠮᠡᠭᠡ ᠤᠨᠤᠭᠰᠠᠨ ᠲᠤᠭᠠᠷ ᠵᠠᠢᠰᠠᠩ ᠤ᠋ᠨ ᠨᠢᠭᠡᠨ ᠬᠥᠷᠥᠭ ᠪᠠᠢᠳᠠᠭ ᠭᠡᠵᠦ ᠳᠤᠭᠤᠯᠤᠯ᠎ᠠ᠃
ᠲᠡᠦᠬᠡ ᠶ᠋ᠢᠨ ᠰᠤᠷᠪᠤᠯᠵᠢ ᠪᠢᠴᠢᠭ ᠳᠣᠲᠣᠷ᠎ᠠ ᠮᠢᠨᠦ ᠬᠠᠷᠠᠭᠰᠠᠨ ᠢ᠋ᠶ᠋ᠠᠷ ᠪᠣᠯ ᠲᠥᠪᠡᠳ ᠲᠦ᠍ ᠤᠯᠤᠰ ᠲᠥᠷᠥ ᠶ᠋ᠢᠨ ᠡᠷᠬᠡ ᠮᠠᠲᠠᠯ ᠠ᠋ᠴᠠ ᠪᠣᠯᠵᠤ ᠥᠪᠡᠷ ᠥᠪᠡᠷᠰᠡᠳ ᠦ᠋ᠨ ᠰᠢᠳᠦᠨ ᠪᠢᠰᠢᠷᠡᠳᠡᠭ ᠱᠠᠰᠢᠨ ᠢ᠋ ᠮᠠᠨᠳᠤᠭᠤᠯᠵᠤ ᠲᠡᠭᠦᠪᠡᠷ ᠢ᠋ᠶ᠋ᠡᠨ ᠳᠠᠮᠵᠢᠭᠤᠯᠵᠤ ᠥᠪᠡᠷ ᠦ᠋ᠨ ᠡᠷᠬᠡ ᠳᠠᠷᠬ᠎ᠠ ᠶ᠋ᠢ ᠲᠣᠭᠲᠠᠭᠠᠬᠤ ᠣᠷᠣᠯᠳᠣᠯᠭ᠎ᠠ ᠪᠠᠷ ᠡᠭᠦᠳᠦᠭᠰᠡᠨ ᠢᠷ ᠬᠢᠮᠤᠷᠠᠯ ᠠ᠋ᠴᠠ ᠪᠣᠯᠵᠤ ᠲᠥᠪᠡᠳ ᠦ᠋ᠨ ᠬᠠᠮᠤᠭ ᠤ᠋ᠨ ᠣᠳᠬᠠᠨ ᠪᠤᠷᠬᠠᠨ ᠤ᠋ ᠱᠠᠰᠢᠨ ᠤ᠋ ᠤᠷᠤᠰᠬᠠᠯ ᠪᠣᠯᠬᠤ ᠰᠢᠷ᠎ᠠ ᠶ᠋ᠢᠨ ᠱᠠᠰᠢᠨ ᠤ᠋ ᠰᠦᠮ᠎ᠡ ᠬᠡᠢᠳ ᠢ᠋ ᠨᠤᠷᠠᠭᠠᠨ ᠬᠤᠲᠤᠭᠲᠤ ᠬᠤᠪᠢᠯᠭᠠᠳ ᠢ᠋ ᠬᠢᠬᠠᠨ ᠬᠠᠪᠴᠢᠬᠤ ᠦᠶ᠎ᠡ ᠳ᠋ᠦ᠍ ᠲᠡᠷᠡ ᠬᠢᠮᠤᠷᠠᠯ ᠰᠠᠮᠠᠭᠤᠨ ᠢ᠋ ᠠᠷᠢᠯᠭᠠᠬᠤ ᠪᠠᠷ ᠲᠥᠪᠡᠳ ᠲᠦ᠍ ᠢᠷᠡᠭᠰᠡᠨ ᠭᠦᠦᠰᠢ ᠬᠠᠭᠠᠨ ᠤ᠋ ᠨᠢᠭᠡᠨ ᠲᠦᠮᠡᠲᠦ ᠶ᠋ᠢᠨ ᠨᠣᠶᠠᠨ ᠪᠠᠢᠵᠠᠢ᠃ ᠲᠡᠢᠮᠦ ᠳ᠋ᠦ᠍ ᠪᠡᠨ ᠴᠦ᠍ ᠬᠠᠮᠢᠭ᠎ᠠ ᠣᠴᠢᠭᠰᠠᠨ ᠭᠠᠵᠠᠷ ᠤ᠋ᠨ ᠬᠡᠢᠳ ᠣᠷᠣᠨ ᠳ᠋ᠤ᠌ ᠪᠣᠭᠳᠠ ᠽᠤᠩᠺᠠᠪᠠ ᠶ᠋ᠢᠨ ᠳᠦᠷᠢ ᠬᠥᠷᠥᠭ ᠢ᠋ ᠵᠠᠯᠠᠭ᠎ᠠ ᠦᠭᠡᠢ ᠪᠣᠯ ᠶᠡᠬᠡ ᠬᠢᠯᠢᠩᠨᠡᠳᠡᠭ ᠪᠠᠢᠭᠰᠠᠨ ᠪᠥᠭᠡᠳ ᠲᠡᠭᠦᠨ ᠳ᠋ᠦ᠍ ᠨᠢ ᠳᠤᠷ᠎ᠠ ᠦᠭᠡᠢᠴᠡᠭᠰᠡᠨ ᠤᠯᠠᠭᠠᠨ ᠤ᠋ ᠱᠠᠰᠢᠨ ᠤ᠋ ᠵᠠᠷᠢᠮ ᠯᠠᠮᠠ ᠨᠠᠷ ᠨᠢᠭᠤᠴᠠ ᠪᠠᠷ ᠬᠤᠤᠪᠢᠯᠳᠤᠨ ᠥᠭᠡᠳᠡ ᠡᠴᠡ ᠨᠢ ᠭᠠᠯᠵᠠᠭᠤ ᠪᠠᠷᠰ ᠲᠠᠯᠪᠢᠭᠰᠠᠨ ᠳ᠋ᠤ᠌ ᠥᠨᠥ ᠭᠠᠯᠵᠠᠭᠤ ᠪᠠᠷᠰ ᠢ᠋ ᠨᠣᠮᠣᠬᠠᠷᠠᠭᠤᠯᠤᠨ ᠬᠥᠲᠥᠯᠦᠭᠡᠳ ᠠᠪᠴᠤ ᠢᠷᠡᠭᠰᠡᠨ ᠭᠡᠵᠦ ᠤᠩᠰᠢᠭᠰᠠᠨ᠃ ᠮᠥᠨ ᠣᠳᠣ ᠶ᠋ᠢ ᠬᠦᠷᠲᠡᠯ᠎ᠡ ᠲᠡᠭᠦᠨ ᠦ᠌ ᠰᠡᠯᠡᠮ᠎ᠡ ᠪᠠᠢᠳᠠᠭ ᠪᠥᠭᠡᠳ ᠲᠡᠷᠡ ᠰᠡᠯᠡᠮ᠎ᠡ ᠶ᠋ᠢ ᠪᠠᠷᠢᠵᠤ ᠦᠵᠡᠭᠰᠡᠨ ᠪᠥᠬᠡᠴᠦᠳ ᠨᠢᠭᠡ ᠭᠠᠷ ᠢ᠋ᠶ᠋ᠠᠷ ᠢ᠋ᠶ᠋ᠠᠨ ᠡᠷᠭᠦᠵᠦ ᠳᠡᠢᠯᠦᠭᠡ ᠦᠭᠡᠢ ᠭᠡᠵᠦ ᠲᠤᠭᠤᠯᠤᠭᠰᠠᠨ᠃ ᠲᠡᠷᠡ ᠴᠠᠭ ᠠ᠋ᠴᠠ ᠬᠣᠢᠰᠢ ᠲᠤᠭᠠᠷ ᠵᠠᠢᠰᠠᠩ ᠨᠢ ᠲᠥᠪᠡᠳ ᠲᠦ᠍ ᠰᠣᠭᠪᠣ ᠳ᠋ᠠᠭᠲ᠋ᠢᠳ ᠪᠤᠶᠤ ᠪᠠᠷᠰ ᠬᠥᠲᠥᠯᠦᠭᠰᠡᠨ ᠮᠣᠩᠭᠣᠯ ᠭᠡᠵᠦ ᠣᠳᠣ ᠶ᠋ᠢ ᠬᠦᠷᠲᠡᠯ᠎ᠡ ᠶᠡᠬᠡᠳᠡ ᠳᠡᠭᠡᠳᠦᠯᠡᠨ ᠬᠦᠨᠳᠦᠯᠡᠨ ᠰᠢᠲᠦᠭᠰᠡᠭᠡᠷ ᠪᠠᠢᠳᠠᠭ᠃ ᠲᠡᠭᠦᠨ ᠦ᠌ ᠳᠦᠷᠢ ᠵᠢᠷᠤᠭ ᠠᠢᠯ ᠳ᠋ᠤ᠌ ᠪᠠᠢᠪᠠᠰᠤ ᠠᠯᠢᠪᠠ ᠮᠠᠭᠤ ᠮᠠᠭᠤᠬᠠᠢ ᠶᠠᠭᠤᠮᠠᠰ ᠬᠣᠯᠠᠳᠠᠨ ᠵᠠᠢᠯᠠᠳᠠᠭ ᠭᠡᠵᠦ ᠶᠠᠷᠢᠳᠠᠭ᠃
ᠢᠷᠡᠯᠲᠡ᠄ ᠢᠪᠠᠯᠭ᠎ᠠ ᠶ᠋ᠢᠨ ᠳ᠋ᠠᠼᠠᠩ 《 ᠬᠠᠮᠪᠤ ᠶ᠋ᠢᠨ ᠬᠦᠷᠢᠶ᠎ᠡ》
ᠦᠰᠦᠭ ᠠᠮᠢᠯᠠᠭᠤᠯᠤᠭᠴᠢ᠄ ᠠᠯᠲᠠᠨᠨᠠᠪᠴᠢ
ᠬᠢᠨᠠᠭᠴᠢ᠄ ᠣᠳᠬᠠᠨᠰᠣ᠎ᠠ
