ᠰᠢᠷᠤᠳ ᠨᠤᠲᠤᠭᠴᠢᠳ ᠤ᠋ᠨ ᠠᠨᠳᠠᠭᠠᠢ -ᠬᠣᠷᠴᠢᠨ Шарууд нутагчдийн андгай-Хорчин
ᠰᠢᠷᠤᠳ ᠨᠤᠲᠤᠭᠴᠢᠳ ᠤ᠋ᠨ ᠠᠨᠳᠠᠭᠠᠢ
ᠬᠣᠷᠴᠢᠨ
ᠾᠦᠩᠨᠦ ᠰᠢᠶᠦ᠋ᠩᠨᠦ ᠶ᠋ᠢᠨ ᠦᠯᠡᠳᠡᠭᠳᠡᠯ ᠨᠦ᠍ᠭᠦᠳ
ᠬᠢᠶᠠᠨ ᠶᠠᠰᠤᠲᠠᠨ ᠤ᠋ ᠲᠠᠰᠤᠷᠬᠠᠢ ᠨᠤᠭᠤᠳ
ᠬᠠᠪᠤᠯ ᠬᠠᠭᠠᠨ ᠤ᠋ ᠬᠣᠢᠴᠢᠰ ᠤ᠋ᠳ
ᠬᠠᠪᠤᠲᠤ ᠬᠠᠰᠠᠷ ᠤ᠋ᠨ ᠦᠷᠡᠰ ᠦ᠋ᠳ
ᠬᠣᠷᠴᠢᠨ ᠠᠢᠮᠠᠭ ᠤ᠋ᠨ ᠡᠷᠡᠯᠬᠡᠭ ᠡᠷᠡᠰ
ᠬᠤᠷᠠᠨ ᠴᠤᠭᠯᠠᠷᠠᠭᠰᠠᠨ ᠬᠤᠷᠠᠯᠲᠠᠢ ᠪᠢᠯᠡ
ᠠᠮᠪᠠᠭᠠᠢ ᠬᠠᠭᠠᠨ ᠤ᠋ ᠤᠳᠤᠮ ᠤᠭᠰᠠᠭ᠎ᠠ
ᠠᠭᠤᠤ ᠮᠣᠩᠭᠣᠯ ᠤ᠋ᠨ ᠠᠴᠢᠨᠠᠷ
ᠠᠯᠲᠠᠨ ᠣᠷᠣᠭᠳᠠᠨ ᠤ᠋ ᠨᠢᠭᠡᠨ ᠰᠠᠯᠠᠭ᠎ᠠ
ᠠᠪᠤᠷᠭᠤ ᠬᠣᠷᠴᠢᠨ ᠤ᠋ ᠨᠢᠭᠡᠨ ᠪᠦᠷᠢᠯᠳᠦᠬᠦᠨ
ᠠᠭᠤᠳᠠᠮ ᠨᠤᠲᠤᠭ ᠤ᠋ᠨ ᠡᠵᠡᠨ ᠨᠣᠶᠠᠨᠲᠠᠨ
ᠤᠤᠭᠠᠯ ᠰᠢᠷᠤᠳ ᠭᠡᠷ ᠦ᠋ᠨ ᠦᠷᠡᠰ
ᠲᠡᠨᠢᠭᠡᠷ ᠰᠠᠢᠬᠠᠨ ᠬᠣᠷᠴᠢᠨ ᠨᠤᠲᠤᠭ ᠤ᠋ᠨ ᠡᠵᠡᠳ
ᠲᠡᠭᠷᠢᠯᠢᠭ ᠦᠵᠡᠯᠲᠡᠨ ᠰᠢᠷᠤᠳ ᠲᠠᠢᠵᠢ ᠨᠤᠭᠤᠳ
ᠲᠡᠷᠲᠡᠭᠡ ᠵᠠᠭᠤᠨ ᠢ᠋ ᠡᠯᠡᠭᠡᠭᠰᠡᠨ ᠬᠣᠷᠴᠢᠨ ᠨᠤᠭᠤᠳ
ᠲᠠᠬᠢᠮᠳᠠᠭᠤ ᠣᠷᠣᠨ ᠳ᠋ᠠᠭᠠᠨ ᠨᠤᠲᠤᠭᠰᠢᠭᠰᠠᠳ
ᠲᠠᠩᠰᠤᠭ ᠲᠡᠦᠬᠡ ᠪᠡᠨ ᠥᠪᠯᠡᠨ ᠤᠯᠠᠮᠵᠢᠯᠠᠭᠰᠠᠳ
ᠲᠠᠷᠠᠬᠠᠢ ᠪᠤᠲᠠᠷᠬᠠᠢ ᠪᠠᠨ ᠡᠪᠯᠡᠨ ᠪᠦᠯᠬᠦᠮᠳᠡᠭᠦᠯᠦᠭᠴᠢᠳ
ᠠᠪᠤ ᠳᠡᠭᠡᠳᠦ ᠶ᠋ᠢᠨ ᠦᠯᠡᠳᠡᠭᠡᠵᠦ ᠥᠭᠭᠦᠭᠰᠡᠨ
ᠠᠰᠤᠷᠤ ᠰᠠᠢᠬᠠᠨ ᠪᠦᠸᠧ ᠸᠠᠩ ᠤ᠋ᠨ ᠬᠤᠰᠢᠭᠤᠨ ᠳ᠋ᠤ᠌
ᠠᠬ᠎ᠠ ᠳᠡᠭᠦᠦ ᠶ᠋ᠢᠨ ᠵᠢᠷᠤᠮ ᠢ᠋ ᠪᠠᠲᠤᠳᠬᠠᠵᠤ
ᠠᠩᠬᠠᠨ ᠤ᠋ ᠠᠭᠤᠯᠵᠠᠯᠲᠠ ᠪᠠᠨ ᠪᠠᠲᠤ ᠪᠡᠯᠡᠳᠬᠡᠨ
ᠠᠨᠳᠠᠭᠠᠢ ᠳᠦᠷᠢᠮ ᠢ᠋ᠶ᠋ᠡᠷ ᠪᠡᠬᠢ ᠲᠠᠨᠢᠯᠴᠠᠨ
ᠠᠮᠤᠭᠤᠯᠠᠩ ᠨᠠᠢᠷᠯᠠᠬᠤ ᠶ᠋ᠢᠨ ᠵᠥᠩᠨᠡᠯ ᠢ᠋ ᠰᠢᠲᠦᠶᠦ
ᠮᠢᠩᠭᠠᠨ ᠮᠢᠩᠭᠠᠨ ᠤ᠋ ᠠᠯᠤᠰ ᠤ᠋ᠨ ᠬᠦᠰᠡᠯ ᠳ᠋ᠦ᠍
ᠮᠢᠨᠲᠠᠷᠰᠢ ᠦᠭᠡᠢ ᠵᠣᠷᠢᠭ ᠢ᠋ᠶ᠋ᠠᠨ ᠬᠥᠪᠴᠢᠯᠡᠵᠦ
ᠮᠣᠬᠣᠰᠢ ᠦᠭᠡᠢ ᠵᠣᠷᠢᠯᠲᠠ ᠶ᠋ᠢᠨ ᠮᠥᠷ ᠲᠦ᠍
ᠮᠥᠬᠥᠰᠢ ᠦᠭᠡᠢ ᠡᠭᠦᠷᠭᠡ ᠪᠡᠨ ᠪᠡᠶᠡᠯᠡᠭᠦᠯᠵᠦ
ᠮᠥᠩᠬᠡ ᠬᠥᠮᠦᠨ ᠦ᠌ ᠪᠣᠳᠣᠯ ᠢ᠋ᠶ᠋ᠠᠨ ᠴᠢᠩᠭᠠᠯᠠᠶᠤ
ᠵᠠᠭᠤᠨ ᠵᠠᠭᠤᠨ ᠤ᠋ ᠦᠨᠡᠨ ᠶᠣᠰᠣᠨ ᠳ᠋ᠤ᠌
ᠵᠢᠷᠠᠨ ᠵᠢᠷᠠᠨ ᠤ᠋ ᠵᠢᠷᠤᠬᠠᠢ ᠶ᠋ᠢᠨ ᠤᠬᠠᠭᠠᠨ ᠢ᠋ ᠪᠢᠰᠢᠯᠭᠠᠵᠤ
ᠵᠢᠪᠬᠤᠭ᠎ᠠ ᠲᠡᠭᠦᠯᠳᠡᠷ ᠦᠢᠯᠡᠰ ᠢ᠋ᠶ᠋ᠡᠨ ᠪᠠᠳᠠᠷᠠᠭᠤᠯᠬᠤ ᠳ᠋ᠤ᠌
ᠵᠢᠩᠰᠡ ᠵᠠᠯᠠᠭ᠎ᠠ ᠤᠯᠠᠯᠵᠠᠭᠤᠯᠤᠨ ᠶᠠᠪᠤᠵᠤ
ᠵᠢᠳᠬᠦᠯ ᠪᠦᠲᠦᠭᠡᠬᠦ ᠴᠢᠳᠠᠯ ᠳ᠋ᠠᠭᠠᠨ ᠲᠦᠰᠢᠭᠯᠡᠶᠦ
ᠥᠩᠭᠡᠲᠦ ᠶᠢᠷᠲᠢᠨᠴᠦ ᠶ᠋ᠢᠨ ᠬᠣᠭᠣᠰᠣᠨ ᠢ᠋ ᠲᠡᠪᠴᠢᠵᠦ
ᠦᠨᠡᠨ ᠶᠣᠰᠣᠨ ᠢ᠋ ᠡᠷᠡᠰ ᠪᠠᠷᠢᠮᠲᠠᠯᠠᠵᠤ
ᠥᠨᠳᠥᠷ ᠡᠪᠦᠭᠡ ᠶ᠋ᠢᠨ ᠰᠤᠷᠭᠠᠯ ᠳ᠋ᠤ᠌ ᠭᠡᠭᠡᠷᠡᠵᠦ
ᠦᠨᠳᠦᠰᠦᠲᠡᠨ ᠪᠦᠬᠦᠨ ᠲᠡᠢ ᠨᠢᠭᠲᠠᠷᠠᠨ ᠪᠦᠯᠬᠦᠮᠳᠡᠵᠦ
ᠤᠮᠠᠷᠠᠲᠤ ᠬᠢᠯᠢ ᠶ᠋ᠢᠨ ᠬᠠᠮᠲᠤ ᠶ᠋ᠢᠨ ᠴᠣᠭᠴᠠ ᠶ᠋ᠢ ᠪᠠᠷᠢᠮᠲᠠᠯᠠᠵᠤ
ᠤᠯᠠᠮ ᠡᠷᠴᠢᠲᠡᠢ ᠤᠷᠤᠭᠰᠢᠯᠠᠨ ᠲᠡᠮᠡᠴᠡᠶᠦ
ᠡᠬᠡ ᠣᠷᠣᠨ ᠤ᠋ ᠪᠦᠲᠦᠭᠡᠨ ᠪᠠᠢᠭᠤᠯᠤᠯᠲᠠ ᠳ᠋ᠤ᠌
ᠡᠶ᠎ᠡ ᠡᠪ ᠢ᠋ ᠲᠡᠷᠢᠭᠦᠨ ᠪᠣᠯᠭᠠᠵᠤ
ᠡᠩᠬᠡ ᠮᠡᠨᠳᠦ ᠡᠰᠡᠨᠢᠨ ᠬᠥᠭᠵᠢᠵᠦ
ᠡᠯᠢᠭᠡ ᠪᠦᠲᠦᠨ ᠢ᠋ ᠨᠢᠭᠲᠠ ᠪᠠᠷᠢᠮᠲᠠᠯᠠᠵᠤ
ᠡᠷᠢᠨ ᠴᠠᠭ ᠲᠤ᠌ ᠨᠠᠢᠷᠰᠠᠭ ᠵᠣᠬᠢᠴᠠᠵᠤ
ᠡᠷᠬᠢᠮ ᠬᠦᠰᠡᠯ ᠢ᠋ᠶ᠋ᠡᠨ ᠯᠠᠪᠳᠠᠭᠤᠨ ᠪᠡᠶᠡᠯᠡᠭᠦᠯᠦᠶᠦ
ᠠᠯᠤᠰ ᠣᠢᠷ᠎ᠠ ᠶ᠋ᠢᠨ ᠲᠠᠨᠢᠯ ᠪᠤᠰᠤ
ᠤᠭᠰᠠᠭ᠎ᠠ ᠭᠠᠷᠤᠯ ᠤ᠋ᠨ ᠨᠢᠭᠡ ᠳ᠋ᠦ᠍ ᠨᠡᠢᠴᠡᠵᠦ
ᠠᠩᠬᠠᠨ ᠤ᠋ ᠠᠭᠤᠯᠵᠠᠯᠲᠠ ᠪᠠᠷ ᠪᠠᠭᠤᠴᠠ ᠪᠣᠯᠭᠠᠵᠤ
ᠠᠬᠢᠭᠠᠳ ᠤᠴᠠᠷᠠᠬᠤ ᠶ᠋ᠢᠨ ᠰᠠᠭᠤᠷᠢ ᠪᠣᠯᠭᠠᠵᠤ
ᠠᠷᠢᠭᠤᠨ ᠴᠠᠳᠢᠭ ᠢ᠋ᠶ᠋ᠠᠨ ᠪᠦᠷᠢᠨ ᠣᠢᠯᠠᠭᠠᠵᠤ ᠠᠭᠤᠳᠠᠮ
ᠨᠤᠲᠤᠭ—《 ᠰᠢᠷᠤᠳ》 ᠢ᠋ᠶ᠋ᠠᠨ ᠬᠠᠮᠠᠭᠠᠯᠠᠶᠤ
ᠬᠣᠪᠳᠣᠭᠯᠠᠨ ᠢᠷᠡᠬᠦ ᠬᠠᠷᠢ ᠶ᠋ᠢᠨ ᠳᠠᠢᠰᠤᠨ ᠳ᠋ᠤ᠌
《ᠬᠣᠪᠬᠠᠢᠯᠠᠨ》 ᠬᠤᠪᠠᠭᠯᠠᠨ ᠶᠠᠪᠤᠭᠤᠯᠬᠤ ᠶ᠋ᠢ ᠮᠡᠷᠭᠡᠨ ᠰᠠᠨᠠᠭᠠᠴᠢᠯᠠᠵᠤ
ᠬᠣᠷᠴᠢᠨ ᠨᠤᠲᠤᠭ ᠢ᠋ᠶ᠋ᠠᠨ ᠪᠠᠲᠤ ᠰᠠᠬᠢᠵᠤ
ᠬᠣᠯᠠ ᠣᠢᠷ᠎ᠠ ᠶ᠋ᠢᠨ ᠥᠯᠥᠨ ᠰᠢᠨᠤᠯ ᠳ᠋ᠤ᠌
ᠬᠤᠷᠴᠠ ᠰᠢᠷᠦᠭᠦᠨ ᠴᠣᠬᠢᠯᠲᠠ ᠥᠭᠴᠦ
ᠬᠠᠢᠷᠠᠲᠤ ᠡᠬᠡ ᠣᠷᠣᠨ ᠢ᠋ᠶ᠋ᠠᠨ ᠰᠠᠬᠢᠶᠤ᠂
ᠰᠠᠬᠢᠶᠤ᠂ ᠰᠠᠬᠢᠶᠤ
ᠬᠠᠢᠷᠠᠲᠤ ᠡᠬᠡ ᠣᠷᠣᠨ ᠢ᠋ᠶ᠋ᠠᠨ ᠰᠠᠬᠢᠶᠤ᠂
ᠰᠠᠬᠢᠶᠤ᠂ ᠰᠠᠬᠢᠶᠤ!
ᠬᠠᠮᠤᠭ ᠣᠯᠠᠨ ᠲᠠᠢ ᠪᠠᠨ ᠪᠦᠯᠬᠦᠮᠳᠡᠶᠦ᠂
ᠪᠦᠯᠬᠦᠮᠳᠡᠶᠦ᠂ ᠪᠦᠯᠬᠦᠮᠳᠡᠶᠦ!
ᠬᠠᠢᠷᠠᠲᠤ ᠡᠬᠡ ᠣᠷᠣᠨ ᠢ᠋ᠶ᠋ᠠᠨ ᠬᠠᠮᠠᠭᠠᠯᠠᠶᠤ᠂
ᠬᠠᠮᠠᠭᠠᠯᠠᠶᠤ᠂ ᠬᠠᠮᠠᠭᠠᠯᠠᠶᠤ!
ᠬᠠᠮᠲᠤ ᠶ᠋ᠢᠨ ᠴᠣᠭᠴᠠ ᠪᠣᠯᠤᠶᠤ᠂ ᠪᠣᠯᠤᠶᠤ᠂ ᠪᠣᠯᠤᠶᠤ!
ᠬᠠᠢᠷᠠᠲᠤ ᠡᠬᠡ ᠣᠷᠣᠨ ᠢ᠋ᠶ᠋ᠠᠨ ᠬᠥᠭᠵᠢᠭᠦᠯᠦᠨ
ᠮᠠᠨᠳᠤᠭᠤᠯᠤᠶᠤ᠂ ᠮᠠᠨᠳᠤᠭᠤᠯᠤᠶᠤ᠂ ᠮᠠᠨᠳᠤᠭᠤᠯᠤᠶᠤ!
ᠬᠣᠰᠢᠭᠤ ᠨᠤᠲᠤᠭ ᠢ᠋ᠶ᠋ᠠᠨ ᠪᠦᠲᠦᠭᠡᠨ
ᠪᠠᠢᠭᠤᠯᠤᠶᠤ᠂ ᠪᠠᠢᠭᠤᠯᠤᠶᠤ᠂ ᠪᠠᠢᠭᠤᠯᠤᠶᠤ!
ᠪᠣᠳᠣᠯᠭᠠᠲᠤ ᠴᠢᠨ ᠸᠠᠩ ᠤ᠋ᠨ ᠨᠤᠲᠤᠭ ᠸᠠᠩ ᠤ᠋ᠨ ᠬᠤᠷᠢᠶᠠᠨ᠎ᠠ
ᠬᠥᠬᠡᠭᠴᠢᠨ ᠮᠣᠭᠠᠢ ᠵᠢᠯ ᠦ᠋ᠨ ᠵᠤᠨ ᠤ᠋ ᠲᠤᠢᠯ ᠡᠳᠦᠷ᠎ᠡ
ᠦᠰᠦᠭ ᠠᠮᠢᠯᠠᠭᠤᠯᠤᠭᠴᠢ᠄ ᠲᠣᠳᠣᠭᠡᠷᠡᠯ
ᠬᠢᠨᠠᠭᠴᠢ ᠪᠠᠭᠰᠢ᠄ ᠠᠷᠢᠭᠤᠨ᠂ ᠵᠢᠩᠯᠢᠨ᠌ᠬᠤᠸᠠᠷ᠂ ᠣᠳᠬᠠᠨ᠌ᠰᠣᠡ᠃
