ᠪᠤᠷᠢᠶᠠᠳ ᠤ᠋ᠨ ᠶᠡᠬᠡ ᠰᠤᠷᠭᠠᠭᠤᠯᠢ 《ᠮᠣᠩᠭᠣᠯ ᠬᠡᠯᠡ ᠂ ᠰᠣᠶᠣᠯ ᠤ᠋ᠨ ᠲᠥᠪ》ᠲᠡᠢ ᠪᠣᠯᠤᠯ᠎ᠠБуридын их сургуули “монгол хэл , соёлын дөв”-тай боллоо

ᠣᠷᠣᠰ ᠬᠣᠯᠪᠣᠭᠠᠲᠤ ᠤᠯᠤᠰ ᠤ᠋ᠨ ᠪᠦᠭᠦᠳᠡ ᠨᠠᠢᠷᠠᠮᠳᠠᠬᠤ ᠪᠤᠷᠢᠶᠠᠳ ᠤᠯᠤᠰ ᠤ᠋ᠨ ᠪᠤᠷᠢᠶᠠᠳ ᠤ᠋ᠨ ᠶᠡᠬᠡ ᠰᠤᠷᠭᠠᠭᠤᠯᠢ ᠳ᠋ᠤ᠌ 《ᠮᠣᠩᠭᠣᠯ ᠬᠡᠯᠡ᠂ ᠰᠣᠶᠣᠯ ᠤ᠋ᠨ ᠲᠥᠪ》 ᠢ᠋ ᠠᠯᠪᠠᠨ ᠶᠣᠰᠣᠭᠠᠷ ᠨᠡᠭᠡᠭᠡᠯ᠎ᠡ᠃
ᠡᠨᠡᠬᠦ ᠠᠷᠭ᠎ᠠ ᠬᠡᠮᠵᠢᠶᠡᠨ ᠳ᠋ᠦ᠍ ᠪᠣᠯᠪᠠᠰᠤᠷᠠᠯ ᠤ᠋ᠨ ᠰᠠᠢᠳ᠂ ᠫ᠂ ᠨᠠᠷᠡᠨᠪᠡᠶᠠᠷ᠂ ᠣᠷᠣᠰ ᠬᠣᠯᠪᠣᠭᠠᠲᠤ ᠤᠯᠤᠰ ᠤ᠋ᠨ ᠰᠢᠨᠵᠢᠯᠡᠬᠦ ᠤᠬᠠᠭᠠᠨ ᠳᠡᠭᠡᠳᠦ ᠪᠣᠯᠪᠠᠰᠤᠷᠠᠯ ᠤ᠋ᠨ ᠳᠡᠳ᠋ ᠰᠠᠢᠳ᠂ ᠺ ᠢ ᠮᠣᠬᠢᠯᠸᠪᠰᠺᠢ᠂ ᠪᠤᠷᠢᠶᠠᠳ ᠤᠯᠤᠰ ᠤ᠋ᠨ ᠲᠡᠷᠢᠭᠦᠨ᠂ ᠠ᠊᠂ ᠰ ᠴᠢᠳ᠋ᠸᠨᠣᠹ᠂ ᠮᠣᠩᠭᠣᠯ ᠤᠯᠤᠰ ᠤ᠋ᠨ ᠶᠡᠬᠡ ᠰᠤᠷᠭᠠᠭᠤᠯᠢ ᠶ᠋ᠢᠨ ᠷᠧᠺᠲ᠋ᠣᠷ᠂ ᠫᠷᠣᠹᠧᠰᠰᠣᠷ ᠤ᠋᠂ ᠤᠴᠢᠷᠬᠤᠶᠠᠭ᠂ ᠪᠤᠷᠢᠶᠠᠳ ᠤ᠋ᠨ ᠶᠡᠬᠡ ᠰᠤᠷᠭᠠᠭᠤᠯᠢ ᠶ᠋ᠢᠨ ᠷᠧᠺᠲ᠋ᠣᠷ ᠡᠷᠳᠡᠮᠲᠡᠨ ᠪᠠᠭᠰᠢ ᠨᠠᠷᠠ ᠪᠣᠯᠤᠨ ᠬᠣᠶᠠᠷ ᠣᠷᠣᠨ ᠤ᠋ ᠠᠯᠪᠠᠨ ᠤ᠋ ᠲᠥᠯᠥᠭᠡᠯᠡᠯ᠂ ᠣᠶᠤᠲᠠᠨ ᠵᠠᠯᠠᠭᠤᠰ ᠣᠷᠣᠯᠴᠠᠯ᠎ᠠ᠃
《ᠮᠣᠩᠭᠣᠯ ᠬᠡᠯᠡ ᠰᠣᠶᠣᠯ ᠤ᠋ᠨ ᠲᠥᠪ》 ᠨᠢ ᠮᠣᠩᠭᠣᠯ ᠬᠡᠯᠡ᠂ ᠰᠣᠶᠣᠯ ᠢ᠋ ᠰᠣᠨᠢᠷᠬᠠᠨ ᠰᠤᠳᠤᠯᠵᠤ ᠪᠣᠢ ᠪᠤᠷᠢᠶᠠᠳ ᠤ᠋ᠨ ᠪᠣᠯᠤᠨ ᠪᠤᠰᠤᠳ ᠣᠷᠣᠨ ᠤ᠋ ᠣᠶᠤᠲᠠᠨ᠂ ᠰᠤᠳᠤᠯᠤᠭᠴᠢ ᠨᠠᠷ ᠲᠤ᠌ ᠵᠣᠷᠢᠭᠤᠯᠤᠭᠰᠠᠨ ᠰᠤᠷᠭᠠᠯᠲᠠ᠂ ᠰᠤᠳᠤᠯᠭᠠᠨ ᠤ᠋ ᠴᠣᠭᠴᠠ ᠣᠷᠴᠢᠨ ᠢ᠋ ᠪᠦᠷᠢᠳᠦᠭᠦᠯᠵᠡᠢ᠃ ᠲᠤᠰ ᠲᠥᠪ ᠲᠦ᠍ ᠮᠣᠩᠭᠣᠯ ᠬᠡᠯᠡᠨ ᠦ᠌ ᠬᠢᠴᠢᠶᠡᠯ ᠦ᠋ᠳ ᠲᠣᠭᠲᠠᠮᠠᠯ ᠵᠣᠬᠢᠶᠠᠨ ᠪᠠᠢᠭᠤᠯᠤᠭᠳᠠᠬᠤ ᠡᠴᠡ ᠭᠠᠳᠠᠨ᠎ᠠ ᠮᠣᠩᠭᠣᠯ ᠬᠡᠯᠡᠨ ᠦ᠌ ᠲᠦᠪᠰᠢᠨ ᠲᠣᠭᠲᠠᠭᠠᠬᠤ ᠰᠢᠯᠭᠠᠯᠲᠠ ᠶ᠋ᠢ ᠰᠲ᠋ᠠᠨᠳᠠᠷᠲ ᠤ᠋ᠨ ᠳᠠᠭᠠᠤ ᠠᠪᠬᠤ᠂ ᠰᠣᠶᠣᠯ ᠤ᠋ᠨ ᠠᠷᠭ᠎ᠠ ᠬᠡᠮᠵᠢᠶ᠎ᠡ ᠰᠤᠷᠭᠠᠯᠲᠠ ᠰᠧᠮᠢᠨᠠᠷ ᠵᠣᠬᠢᠶᠠᠨ ᠪᠠᠢᠭᠤᠯᠬᠤ ᠪᠦᠷᠢᠨ ᠪᠣᠯᠤᠮᠵᠢ ᠲᠠᠢ᠃
ᠮᠥᠨ ᠮᠣᠩᠭᠣᠯ ᠤᠯᠤᠰ ᠤ᠋ᠨ ᠶᠡᠬᠡ ᠰᠤᠷᠭᠠᠭᠤᠯᠢ ᠠ᠋ᠴᠠ ᠡᠨᠡᠬᠦ ᠲᠥᠪ ᠲᠦ᠍ ᠵᠣᠷᠢᠭᠤᠯᠤᠨ ᠮᠣᠩᠭᠣᠯ ᠬᠡᠯᠡ᠂ ᠰᠣᠶᠣᠯ ᠤ᠋ᠨ ᠴᠢᠭᠯᠡᠯ ᠢ᠋ᠶ᠋ᠡᠷ ᠪᠣᠯᠪᠠᠰᠤᠷᠠᠭᠤᠯᠤᠭᠰᠠᠨ ᠰᠤᠷᠬᠤ ᠪᠢᠴᠢᠭ᠂ ᠭᠠᠷ ᠤ᠋ᠨ ᠠᠪᠤᠯᠭ᠎ᠠ ᠨᠡᠢᠯᠡᠭᠦᠯᠬᠦ ᠡᠴᠡ ᠭᠠᠳᠠᠨ᠎ᠠ ᠮᠡᠷᠭᠡᠵᠢᠯ ᠦ᠋ᠨ ᠪᠠᠭᠰᠢ᠂ ᠰᠤᠳᠤᠯᠤᠭᠴᠢᠳ ᠢ᠋ ᠲᠣᠮᠢᠯᠠᠨ ᠠᠵᠢᠯᠯᠠᠭᠤᠯᠬᠤ ᠪᠠᠷ ᠲᠥᠯᠥᠪᠯᠡᠵᠦ ᠪᠠᠢᠨ᠎ᠠ᠃ ᠡᠨᠡ ᠨᠢ ᠪᠤᠷᠢᠶᠠᠳ ᠲᠠᠬᠢ ᠮᠣᠩᠭᠣᠯ ᠬᠡᠯᠡᠨ ᠦ᠌ ᠰᠤᠷᠭᠠᠯᠲᠠ ᠶ᠋ᠢ ᠴᠢᠨᠠᠷᠵᠢᠭᠤᠯᠬᠤ᠂ ᠰᠤᠷᠭᠠᠯᠲᠠ ᠶ᠋ᠢᠨ ᠬᠥᠲᠥᠯᠪᠦᠷᠢ ᠶ᠋ᠢ ᠨᠢᠭᠡᠳᠬᠡᠬᠦ᠂ ᠣᠯᠠᠨ ᠤᠯᠤᠰ ᠤ᠋ᠨ ᠲᠦᠪᠰᠢᠨ ᠳ᠋ᠦ᠍ ᠨᠡᠢᠴᠡᠭᠦᠯᠬᠦ ᠳ᠋ᠦ᠍ ᠴᠢᠬᠤᠯᠠ ᠬᠤᠪᠢ ᠨᠡᠮᠡᠷᠢ ᠣᠷᠣᠭᠤᠯᠬᠤ ᠶᠤᠮ᠃
ᠦᠰᠦᠭ ᠠᠮᠢᠯᠠᠭᠤᠯᠤᠭᠴᠢ᠄ᠰ᠊᠂ ᠳᠣᠷᠣᠨ᠎ᠠ᠂ ᠨᠠᠷᠠᠨᠮᠠᠨᠳᠠ


