ᠵᠢᠷᠣᠭ᠎ᠠ ᠮᠣᠷᠢᠨ ᠤ᠋ ᠮᠠᠭᠲᠠᠭᠠᠯ-ᠪᠠᠶᠠᠨ᠌ᠠᠡᠭᠤᠯᠠЖороо морны магтаал- Баян-уул ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠣᠭ᠎ᠠ ᠮᠣᠷᠢᠨ ᠤ᠋ ᠮᠠᠭᠲᠠᠭᠠᠯ-ᠪᠠᠶᠠᠨ᠌ᠠᠡᠭᠤᠯᠠЖороо морны магтаал- Баян-уул

ᠵᠢᠷᠣᠭ᠎ᠠ ᠮᠣᠷᠢᠨ ᠤ᠋ ᠮᠠᠭᠲᠠᠭᠠᠯ-ᠪᠠᠶᠠᠨ᠌ᠠᠡᠭᠤᠯᠠЖороо морны магтаал- Баян-уул

2025-07-09

873

ᠵᠢᠷᠣᠭ᠎ᠠ ᠮᠣᠷᠢᠨ ᠤ᠋ ᠮᠠᠭᠲᠠᠭᠠᠯ

ᠵᠠ 
ᠪᠦᠭᠲᠦᠷᠡᠭᠡ ᠰᠠᠢᠲᠠᠢ ᠵᠢᠷᠣᠭ᠎ᠠ ᠮᠣᠷᠢ 
ᠪᠥᠮᠪᠥᠭᠡ ᠠᠳᠠᠯᠢ ᠪᠥᠮᠪᠥᠯᠵᠡᠨ᠎ᠡ 
ᠪᠥᠮᠪᠥᠭᠡ ᠠᠳᠠᠯᠢ ᠪᠥᠮᠪᠥᠯᠵᠡᠭᠡᠳ 
ᠪᠥᠵᠥᠩ ᠠᠳᠠᠯᠢ ᠰᠦᠮᠪᠦᠯᠵᠡᠨ᠎ᠠ 
ᠬᠠᠮᠤᠭ᠎ᠠ ᠰᠠᠢᠲᠠᠢ ᠵᠢᠷᠣᠭ᠎ᠠ ᠮᠣᠷᠢ 
ᠬᠠᠨᠳᠠᠭᠠᠢ ᠠᠳᠠᠯᠢ ᠬᠠᠢᠪᠠᠯᠵᠠᠨ᠎ᠠ 
ᠬᠠᠨᠳᠠᠭᠠᠢ ᠠᠳᠠᠯᠢ ᠬᠠᠢᠪᠠᠯᠵᠠᠭᠠᠳ 
ᠴᠢᠨᠳᠠᠭ᠎ᠠ ᠠᠳᠠᠯᠢ ᠲᠠᠢᠪᠠᠯᠵᠠᠨ᠎ᠠ 
ᠤᠭ ᠲᠥᠷᠥᠯ ᠨᠢ ᠤᠷᠭᠤᠭ᠎ᠠ ᠵᠢᠷᠣᠭ᠎ᠠ 
ᠤᠯᠠᠮ ᠬᠣᠢᠨ᠎ᠠ ᠪᠠᠨ ᠱᠤᠩᠭᠤᠭ᠎ᠠ ᠵᠢᠷᠣᠭ᠎ᠠ 
ᠤᠷᠤᠭᠤ ᠭᠠᠵᠠᠷ ᠤᠷᠤᠰᠤᠮ᠎ᠠ ᠵᠢᠷᠣᠭ᠎ᠠ
ᠤᠰᠤᠨ ᠲᠠᠯᠠᠮᠠᠨ ᠤᠷᠠᠨ ᠵᠢᠷᠣᠭ᠎ᠠ
ᠠᠭᠤᠯᠠ ᠬᠠᠢᠷᠬᠠᠨ ᠳᠠᠢᠪᠤᠮ᠎ᠠ ᠵᠢᠷᠣᠭ᠎ᠠ
ᠤᠰᠤ ᠮᠥᠷᠡᠨ ᠴᠠᠯᠭᠢᠮ᠎ᠠ ᠵᠢᠷᠣᠭ᠎ᠠ
ᠤᠷᠠᠨ ᠲᠣᠭᠣᠰ ᠪᠥᠵᠢᠭᠯᠡᠮ᠎ᠡ ᠵᠢᠷᠣᠭ᠎ᠠ
ᠤᠨᠲᠠᠬᠤ ᠨᠣᠢᠷᠤᠨ ᠳ᠋ᠤ᠌ ᠵᠡᠭᠦᠳᠦᠯᠡᠮ᠎ᠡ ᠵᠢᠷᠣᠭ᠎ᠠ
ᠬᠠᠵᠠᠭᠤ ᠳᠡᠭᠡᠭᠦᠷ ᠬᠠᠢᠪᠤᠭ᠎ᠠ ᠵᠢᠷᠣᠭ᠎ᠠ
ᠬᠠᠷᠪᠤᠭᠰᠠᠨ ᠰᠤᠮᠤ ᠰᠢᠭ᠋ ᠬᠤᠷᠳᠤᠨ ᠵᠢᠷᠣᠭ᠎ᠠ
ᠥᠭᠡᠳᠡ ᠭᠠᠵᠠᠷ ᠡᠯᠭᠦᠭᠡ ᠵᠢᠷᠣᠭ᠎ᠠ
ᠡᠪᠡᠰᠦᠨ ᠲᠣᠯᠣᠭᠠᠢ ᠨᠠᠢᠭᠤᠮ᠎ᠠ ᠵᠢᠷᠣᠭ᠎ᠠ
ᠳᠡᠨᠵᠢᠨ ᠳᠡᠭᠡᠭᠦᠷ ᠳᠡᠭᠳᠡᠮ᠎ᠡ ᠵᠢᠷᠣᠭ᠎ᠠ
ᠳᠡᠷᠡᠰᠦᠨ ᠲᠣᠯᠣᠭᠠᠢ ᠬᠡᠪᠲᠡᠮ᠎ᠡ ᠵᠢᠷᠣᠭ᠎ᠠ
ᠰᠦᠷᠦᠭ ᠦ᠋ᠨ ᠴᠢᠮᠡᠭ ᠬᠣᠪᠣᠷ ᠵᠢᠷᠣᠭ᠎ᠠ
ᠰᠡᠭᠦᠳᠡᠷ ᠵᠢᠷᠤᠭ  ᠲᠤ᠌ ᠭᠠᠷᠭᠠᠮ᠎ᠠ ᠵᠢᠷᠣᠭ᠎ᠠ
ᠨᠠᠢ᠍ᠮᠠᠨ ᠭᠠᠨᠵᠤᠭ᠎ᠠ ᠪᠣᠰᠣᠮ᠎ᠠ ᠵᠢᠷᠣᠭ᠎ᠠ
ᠨᠠᠪᠴᠢᠲᠤ ᠳᠡᠯᠡᠬᠡᠢ ᠪᠡᠶᠡᠰᠦᠮ᠎ᠡ ᠵᠢᠷᠣᠭ᠎ᠠ
ᠨᠢᠯᠬ᠎ᠠ ᠬᠡᠦᠬᠡᠳ ᠢᠨᠢᠶᠡᠮ᠎ᠡ ᠵᠢᠷᠣᠭ᠎ᠠ
ᠨᠠᠰᠤᠲᠠᠢ ᠬᠥᠮᠦᠰ ᠤᠶᠠᠷᠠᠮ᠎ᠠ ᠵᠢᠷᠣᠭ᠎ᠠ
ᠭᠠᠵᠠᠷ  ᠤ᠋ᠨ ᠬᠥᠷᠥᠰᠥ ᠡᠷᠢᠶᠡᠯᠵᠡᠮ᠎ᠡ ᠵᠢᠷᠣᠭ᠎ᠠ
ᠭᠠᠨᠳᠢ ᠮᠣᠳᠣ ᠱᠤᠤᠭᠢᠮ᠎ᠠ ᠵᠢᠷᠣᠭ᠎ᠠ
ᠭᠠᠯᠪᠠ ᠶ᠋ᠢᠨ ᠠᠮᠢᠲᠠᠨ ᠭᠠᠢᠬᠠᠮ᠎ᠠ ᠵᠢᠷᠣᠭ᠎ᠠ
ᠭᠠᠩᠭᠠᠩ ᠠᠵᠠᠢ ᠳᠠᠭᠤᠯᠠᠮ᠎ᠠ ᠵᠢᠷᠣᠭ᠎ᠠ
ᠬᠤᠷᠠᠭᠰᠠᠨ ᠬᠥᠮᠦᠰ ᠭᠠᠢᠬᠠᠯᠴᠠᠨ
ᠬᠤᠷᠤᠭᠤ ᠭᠠᠷᠭᠠᠨ ᠱᠠᠭᠰᠢᠯᠴᠠᠨ
ᠰᠠᠭᠠᠯᠢ ᠶ᠋ᠢᠨ ᠳᠡᠭᠡᠵᠢ ᠪᠡᠨ ᠡᠷ ᠭᠦᠯᠴᠡᠨ
ᠰᠠᠢᠬᠠᠨ ᠠᠯᠳᠠᠷ ᠢ᠋ ᠨᠢ ᠮᠠᠭᠲᠠᠯᠴᠠᠨ᠎ᠠ᠃

  ᠦᠰᠦᠭ ᠠᠮᠢᠯᠠᠭᠤᠯᠵᠤ ᠮᠠᠭᠲᠠᠭᠰᠠᠨ ᠨᠢ ᠄ ᠪᠠᠶᠠᠡᠠᠡᠭᠤᠯᠠ
  ᠦᠰᠦᠭ ᠬᠠᠲᠠᠵᠤ᠂ ᠬᠢᠨᠠᠭᠰᠠᠨ ᠨᠢ᠄ᠥᠨᠢᠮᠥ᠋ᠩᠬᠡ