ᠬᠤᠨ ᠰᠢᠪᠠᠭᠤ - ᠨᠣᠮᠢᠨ-ᠡᠷᠳᠡᠨᠢХун шувуу-Номин-эрдэнэ ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠨ ᠰᠢᠪᠠᠭᠤ - ᠨᠣᠮᠢᠨ-ᠡᠷᠳᠡᠨᠢХун шувуу-Номин-эрдэнэ

ᠬᠤᠨ ᠰᠢᠪᠠᠭᠤ - ᠨᠣᠮᠢᠨ-ᠡᠷᠳᠡᠨᠢХун шувуу-Номин-эрдэнэ

2025-07-09

1216

ᠬᠤᠨ ᠰᠢᠪᠠᠭᠤ

  ᠦᠭᠡ᠄ ᠪ᠊᠂ ᠪᠠᠯᠵᠢᠳ 
  ᠠᠶ᠎ᠠ᠄ ᠪ᠊᠂ ᠴᠷᠠᠩᠨᠠᠳᠮᠢᠳ 
  ᠳᠠᠭᠤᠴᠢᠨ᠄ ᠨᠣᠮᠢᠡᠡᠷᠳᠡᠨᠢ 

ᠪᠤᠴᠠᠯ᠎ᠠ ᠴᠤ᠌ ᠢᠷᠡᠯ᠎ᠡ ᠴᠦ᠍ ᠡᠨᠳᠡ ᠪᠠᠨ ᠯᠠ ᠬᠣᠷᠭᠣᠳᠠᠭᠰᠠᠨ ᠬᠤᠨ ᠰᠢᠪᠠᠭᠤ 
ᠪᠠᠭᠤᠯ᠎ᠠ ᠴᠤ᠌ ᠨᠢᠰᠦᠯ᠎ᠡ ᠴᠦ᠍ ᠲᠦᠮᠡᠨ ᠢ᠋ᠶ᠋ᠡᠨ ᠡᠨᠡᠷᠢᠭᠰᠡᠨ ᠬᠤᠨ ᠰᠢᠪᠠᠭᠤ 
ᠪᠤᠭᠤᠷᠤᠯ ᠬᠣᠷᠸ᠎ᠠ ᠶ᠋ᠢᠨ ᠣᠨ ᠵᠢᠯ ᠦ᠋ᠳ ᠲᠦ᠍ 
ᠪᠤᠶᠠᠨ ᠲᠡᠭᠡᠭᠡᠵᠦ ᠡᠷᠡᠭᠦᠯ ᠢ᠋ ᠲᠦᠭᠡᠭᠡᠭᠰᠡᠨ ᠬᠤᠨ ᠰᠢᠪᠠᠭᠤ 
ᠰᠡᠳᠬᠢᠯ ᠠᠯᠳᠠᠮ᠎ᠠ ᠢᠯᠳᠠᠮᠬᠠᠨ ᠬᠤᠨ ᠰᠢᠪᠠᠭᠤ ᠬᠤᠨ ᠰᠢᠪᠠᠭᠤ 
ᠰᠦᠨ ᠰᠡᠳᠬᠢᠯᠲᠦ ᠡᠨᠡᠷᠢᠯ ᠦ᠋ᠨ ᠪᠤᠷᠬᠠᠳ ᠮᠢᠨᠢ ᠬᠤᠨ ᠰᠢᠪᠠᠭᠤ 

ᠲᠤᠢᠯᠠᠯ᠎ᠠ ᠴᠦ᠍ ᠲᠥᠭᠡᠷᠢᠯ᠎ᠡ ᠴᠦ᠍ ᠨᠢᠭᠡ ᠯᠡ ᠡᠯᠢᠭᠡᠮᠰᠦᠭ ᠬᠤᠨ ᠰᠢᠪᠠᠭᠤ
ᠲᠣᠨᠢᠯ᠎ᠠ ᠴᠤ᠌ ᠭᠣᠮᠣᠳᠠᠯ᠎ᠠ ᠴᠤ᠌ ᠠᠰᠠᠷᠠᠨ ᠰᠤᠪᠢᠯᠠᠭᠰᠠᠨ ᠬᠠᠲᠤᠨ ᠰᠢᠪᠠᠭᠤ
ᠦᠢᠯᠡ ᠵᠠᠶᠠᠭᠠᠨ ᠤ᠋ ᠨᠠᠷᠠᠨ ᠲᠡᠭᠷᠢ ᠳ᠋ᠦ᠍
ᠦᠨᠡᠨᠴᠢ ᠲᠠᠩᠭᠠᠷᠢᠭ ᠲᠠᠢ ᠡᠷᠡᠮᠡᠭ ᠰᠢᠪᠠᠭᠤ
ᠰᠡᠳᠬᠢᠯ ᠠᠯᠳᠠᠮ᠎ᠠ ᠢᠯᠳᠠᠮᠬᠠᠨ ᠬᠤᠨ ᠰᠢᠪᠠᠭᠤ ᠬᠤᠨ ᠰᠢᠪᠠᠭᠤ
ᠰᠦᠨ ᠰᠡᠳᠬᠢᠯᠲᠦ ᠡᠨᠡᠷᠢᠯ ᠦ᠋ᠨ ᠪᠤᠷᠬᠠᠳ ᠮᠢᠨᠢ ᠬᠤᠨ ᠰᠢᠪᠠᠭᠤ

ᠤᠬᠢᠯᠠᠯ᠎ᠠ ᠴᠤ᠌ ᠳᠠᠭᠤᠯᠠᠯ᠎ᠠ ᠴᠤ᠌ ᠣᠯᠠᠨ ᠳ᠋ᠠᠭᠠᠨ ᠡᠭᠡᠨᠡᠭᠰᠢᠭᠰᠡᠨ ᠬᠤᠨ ᠰᠢᠪᠠᠭᠤ
ᠤᠶᠠᠷᠠᠯ᠎ᠠ ᠴᠤ᠌ ᠬᠠᠢᠯᠤᠯ᠎ᠠ ᠴᠤ᠌ ᠴᠠᠭᠠᠨ ᠮᠥᠷ ᠲᠡᠢ ᠬᠤᠨ ᠰᠢᠪᠠᠭᠤ
ᠠᠮᠢᠳᠤ ᠶ᠋ᠢᠨ ᠵᠢᠷᠭᠠᠯ ᠡᠷᠡᠭᠦᠯ ᠢ᠋ ᠪᠡᠯᠡᠭᠯᠡᠭᠴᠢ
ᠠᠷᠢᠭᠤᠨ ᠦᠢᠯᠡᠰ ᠲᠡᠢ ᠬᠤᠨ ᠰᠢᠪᠠᠭᠤ
ᠰᠡᠳᠬᠢᠯ ᠠᠯᠳᠠᠮ᠎ᠠ ᠢᠯᠳᠠᠮᠬᠠᠨ ᠬᠤᠨ ᠰᠢᠪᠠᠭᠤ ᠬᠤᠨ ᠰᠢᠪᠠᠭᠤ
ᠰᠦᠨ ᠰᠡᠳᠬᠢᠯᠲᠦ ᠡᠨᠡᠷᠢᠯ ᠦ᠋ᠨ ᠪᠤᠷᠬᠠᠳ ᠮᠢᠨᠢ ᠬᠤᠨ ᠰᠢᠪᠠᠭᠤ

ᠰᠡᠳᠬᠢᠯ ᠠᠯᠳᠠᠮ᠎ᠠ ᠢᠯᠳᠠᠮᠬᠠᠨ ᠬᠤᠨ ᠰᠢᠪᠠᠭᠤ ᠬᠤᠨ ᠰᠢᠪᠠᠭᠤ
ᠰᠦᠨ ᠰᠡᠳᠬᠢᠯᠲᠦ ᠡᠨᠡᠷᠢᠯ ᠦ᠋ᠨ ᠪᠤᠷᠬᠠᠳ ᠮᠢᠨᠢ ᠬᠤᠨ ᠰᠢᠪᠠᠭᠤ
ᠰᠡᠳᠬᠢᠯ ᠠᠯᠳᠠᠮ᠎ᠠ ᠢᠯᠳᠠᠮᠬᠠᠨ ᠬᠤᠨ ᠰᠢᠪᠠᠭᠤ ᠬᠤᠨ ᠰᠢᠪᠠᠭᠤ
ᠰᠦᠨ ᠰᠡᠳᠬᠢᠯᠲᠦ ᠡᠨᠡᠷᠢᠯ ᠦ᠋ᠨ ᠪᠤᠷᠬᠠᠳ ᠮᠢᠨᠢ ᠬᠤᠨ ᠰᠢᠪᠠᠭᠤ

   ᠦᠰᠦᠭ ᠬᠠᠲᠠᠵᠤ᠂ ᠠᠮᠢᠯᠠᠭᠤᠯᠤᠭᠰᠠᠨ᠄ ᠠᠯᠲᠠᠨᠴᠢᠮᠡᠭ