ᠠᠭᠤᠯᠵᠠᠯᠲᠠ ᠶ᠋ᠢᠨ ᠡᠬᠢᠨ ᠦ᠌ ᠦᠭᠡᠰ-ᠬᠣᠷᠴᠢᠨУулзалтын эхний үгс-Хорчин
ᠬᠣᠷᠴᠢᠨ
ᠳᠡᠭᠡᠳᠦ ᠲᠩᠷᠢ ᠶ᠋ᠢᠨ ᠢᠪᠡᠭᠡᠯ ᠳ᠋ᠦ᠍ ᠢᠪᠡᠭᠡᠭᠳᠡᠵᠦ
ᠳᠥᠷᠪᠡᠨ ᠵᠦᠭ ᠡᠴᠡ ᠬᠦᠷᠦᠯᠴᠡᠨ ᠢᠷᠡᠭᠰᠡᠨ
ᠳᠠᠯᠠᠢ ᠪᠠᠶᠠᠨ ᠰᠢᠷᠤᠳ ᠲᠠᠢᠵᠢ ᠨᠤᠭᠤᠳ ᠮᠢᠨᠢ ᠠ᠋
ᠨᠠᠷᠠᠨ ᠰᠠᠷᠠᠨ ᠤ᠋ ᠭᠡᠷᠡᠯ ᠳ᠋ᠦ᠍ ᠭᠡᠭᠡᠷᠡᠵᠦ
ᠨᠠᠢ᠍ᠮᠠᠨ ᠵᠣᠪᠬᠢᠰ ᠠ᠋ᠴᠠ ᠬᠤᠷᠠᠨ ᠴᠤᠭᠯᠠᠷᠠᠭᠰᠠᠨ
ᠨᠠᠷᠮᠠᠢ ᠲᠦᠮᠡᠨ ᠰᠢᠷᠤᠳ ᠲᠠᠢᠵᠢ ᠨᠤᠭᠤᠳ ᠮᠢᠨᠢ ᠠ᠋
ᠡᠪᠦᠭᠡ ᠳᠡᠭᠡᠳᠦ ᠪᠡᠨ ᠬᠠᠮᠠᠭᠠᠯᠠᠵᠤ ᠢᠷᠡᠭᠰᠡᠨ
ᠡᠪ ᠦ᠋ᠨ ᠰᠠᠢᠬᠠᠨ ᠪᠦᠸᠧ ᠸᠠᠩ ᠬᠣᠰᠢᠭᠤ ᠶ᠋ᠢᠨ ᠦᠷᠡᠰ ᠮᠢᠨᠢ ᠠ᠋
ᠡᠴᠢᠭᠡ ᠲᠩᠷᠢ ᠶ᠋ᠢᠨ ᠥᠷᠥᠰᠢᠶᠡᠯ ᠳ᠋ᠦ᠍ ᠰᠢᠳᠦᠨ
ᠡᠶ᠎ᠡ ᠨᠠᠢᠷᠰᠠᠭ ᠢ᠋ᠶ᠋ᠠᠷ ᠠᠭᠤᠯᠵᠠᠨ ᠤᠴᠠᠷᠠᠭᠰᠠᠨ
ᠡᠬᠡ ᠣᠷᠣᠨᠴᠢ ᠦᠵᠡᠯᠲᠡᠨ ᠪᠣᠯᠲᠤᠭᠠᠢ!
ᠬᠤᠷᠤᠢ᠂ ᠬᠤᠷᠤᠢ᠂ ᠬᠤᠷᠤᠢ!
ᠠᠭᠤᠤ ᠪᠣᠭᠳᠠ ᠶ᠋ᠢᠨ ᠮᠡᠷᠭᠡᠨ ᠭᠡᠭᠡᠨ ᠳ᠋ᠦ᠍ ᠳᠠᠭᠠᠳᠬᠠᠵᠤ
ᠠᠤᠭ᠎ᠠ ᠵᠣᠷᠢᠯᠲᠠ ᠪᠠᠷ ᠠᠭᠤᠯᠵᠠᠭᠰᠠᠨ ᠲᠠ ᠨᠠᠷ ᠮᠢᠨᠦ
ᠠᠨᠳᠠᠭᠠᠢ ᠲᠠᠩᠭᠠᠷᠢᠭ ᠢ᠋ᠶ᠋ᠠᠨ ᠭᠦᠢᠴᠡᠳ
ᠪᠡᠶᠡᠯᠡᠭᠦᠯᠵᠦ ᠠᠷᠠᠳ ᠲᠦᠮᠡᠨ ᠳ᠋ᠡᠭᠡᠨ ᠦᠢᠯᠡᠴᠢᠯᠡᠵᠦ
ᠠᠷᠢᠭᠤᠨ ᠰᠠᠢᠬᠠᠨ ᠨᠤᠲᠤᠭ ᠤᠰᠤ ᠪᠠᠨ ᠬᠠᠮᠠᠭᠠᠯᠠᠵᠤ
ᠠᠰᠤᠷᠤ ᠰᠠᠢᠬᠠᠨ ᠬᠥᠭᠵᠢᠭᠦᠯᠦᠨ ᠮᠠᠨᠳᠤᠭᠤᠯᠰᠤᠭᠠᠢ!
ᠬᠤᠷᠤᠢ᠂ ᠬᠤᠷᠤᠢ᠂ ᠬᠤᠷᠤᠢ!
ᠴᠢᠩᠭᠢᠰ ᠪᠣᠭᠳᠠ ᠶ᠋ᠢᠨ ᠪᠢᠯᠢᠭ ᠰᠤᠷᠭᠠᠯ ᠢ᠋ᠶ᠋ᠠᠷ
ᠴᠡᠩᠭᠡᠵᠦ ᠵᠢᠷᠭᠠᠬᠤ ᠶ᠋ᠢ ᠴᠡᠭᠡᠷᠯᠡᠨ ᠬᠢᠴᠢᠶᠡᠵᠦ
ᠲᠠᠷᠭᠤᠨ ᠮᠣᠷᠢ ᠤᠨᠤᠬᠤ ᠶ᠋ᠢ ᠲᠡᠪᠴᠢᠵᠦ
ᠰᠠᠢᠬᠠᠨ ᠥᠩᠭᠡ ᠶ᠋ᠢ ᠠᠭᠠᠯᠢᠭ ᠪᠣᠯᠭᠠᠵᠤ
ᠰᠠᠢᠨ ᠤ᠋ ᠦᠢᠯᠡᠰ ᠢ᠋ᠶ᠋ᠡᠨ ᠪᠠᠳᠠᠷᠠᠭᠤᠯᠵᠤ
ᠰᠠᠷᠠᠭᠤᠯ ᠢᠷᠡᠭᠡᠳᠦᠢ ᠪᠡᠨ ᠴᠣᠭᠴᠠᠯᠠᠵᠤ
ᠰᠠᠩ ᠳᠠᠯᠠᠢ ᠠᠵᠤ ᠠᠮᠢᠳᠤᠷᠠᠯ ᠢ᠋ᠶ᠋ᠠᠨ ᠪᠤᠰᠬᠠᠵᠤ
ᠽᠠᠮᠪᠤᠲᠢᠪ ᠲᠠᠭᠠᠨ ᠠᠯᠳᠠᠷᠰᠢᠭᠤᠯᠲᠤᠭᠠᠢ!
ᠬᠤᠷᠤᠢ᠂ ᠬᠤᠷᠤᠢ᠂ ᠬᠤᠷᠤᠢ!
ᠪᠣᠳᠣᠯᠭᠠᠲᠤ ᠴᠢᠨ ᠸᠠᠩ ᠤ᠋ᠨ ᠬᠤᠷᠢᠶᠠᠨ᠎ᠠ
ᠬᠥᠬᠡᠭᠴᠢᠨ ᠮᠣᠭᠠᠢ ᠵᠢᠯ ᠦ᠋ᠨ ᠵᠤᠨ᠎ᠠ
ᠦᠰᠦᠭ ᠠᠮᠢᠯᠠᠭᠤᠯᠤᠭᠴᠢ᠄ ᠲᠣᠳᠣᠭᠡᠷᠡᠯ
ᠬᠢᠨᠠᠭᠴᠢ ᠪᠠᠭᠰᠢ᠄ ᠵᠢᠩᠯᠢᠬᠣᠸᠠᠷ ᠂ ᠠᠷᠢᠭᠤᠨ᠂ ᠣᠳᠬᠠᠨ᠌ᠰᠣᠡ
