ᠠᠷᠠᠳ ᠤ᠋ᠨ ᠪᠠᠭᠰᠢ - ᠰᠠᠨᠢᠴᠠᠷ Ардын багш -Санчир ᠬᠡᠦᠬᠡᠳ ᠦᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠠᠳ ᠤ᠋ᠨ ᠪᠠᠭᠰᠢ - ᠰᠠᠨᠢᠴᠠᠷ Ардын багш -Санчир

ᠠᠷᠠᠳ ᠤ᠋ᠨ ᠪᠠᠭᠰᠢ - ᠰᠠᠨᠢᠴᠠᠷ Ардын багш -Санчир

2025-07-08

14753

ᠠᠷᠠᠳ ᠤ᠋ᠨ ᠪᠠᠭᠰᠢ

      ᠦᠭᠡ᠄ ᠲᠤᠭᠴᠢ ᠯᠤᠪᠰᠠᠩ 
      ᠪᠢᠴᠢᠬᠠᠨ ᠳᠠᠭᠤᠴᠢᠨ᠄ ᠰᠠᠨᠢᠴᠠᠷ 

ᠡᠷᠳᠡᠮ ᠤᠬᠠᠭᠠᠨ ᠢ᠋ᠶ᠋ᠠᠨ ᠬᠦᠷᠲᠡᠭᠡᠭᠰᠡᠨ 
ᠡᠨᠡᠷᠢᠯᠲᠦ ᠪᠠᠭᠰᠢ ᠮᠢᠨᠢ᠂
ᠡᠯᠢᠭᠡᠨ ᠬᠠᠯᠠᠭᠤᠨ ᠪᠦᠪᠡᠢ ᠳ᠋ᠦ᠍ ᠴᠢᠨᠢ 
ᠡᠷᠢᠯ ᠦ᠋ᠨ ᠵᠢᠭᠦᠷ ᠪᠠᠢᠭᠰᠠᠨ ᠶᠤᠮ᠃

ᠠᠰᠢᠳᠠ ᠰᠠᠢᠬᠠᠨ ᠭᠢᠯᠠᠷᠠᠭᠤᠯᠤᠭᠰᠠᠨ 
ᠠᠵᠢᠯ ᠦᠢᠯᠡᠰ ᠢ᠋ ᠴᠢᠨᠢ ᠳᠠᠭᠤᠯᠠᠶ᠎ᠠ᠂
ᠠᠷᠢᠭᠤᠨ ᠭᠡᠭᠡᠬᠡᠨ ᠲᠤᠶᠠᠭᠠᠷᠠᠭᠰᠠᠨ 
ᠠᠯᠳᠠᠷ ᠭᠠᠪᠢᠶ᠎ᠠ ᠶ᠋ᠢ ᠨᠢ ᠮᠢᠯᠢᠶᠠᠶ᠎ᠠ᠃

ᠠᠩᠭᠢᠷ ᠬᠠᠢᠷ᠎ᠠ ᠪᠠᠨ ᠰᠢᠮᠡᠭᠦᠯᠦᠭᠰᠡᠨ
ᠠᠴᠢᠲᠤ ᠪᠠᠭᠰᠢ ᠮᠢᠨᠢ ᠰᠠᠢᠨ ᠤᠤ ?
ᠠᠭᠢ ᠪᠤᠭᠤᠷᠤᠯ ᠰᠤᠷᠭᠠᠯ ᠴᠢᠨᠢ
ᠠᠯᠤᠰ ᠤ᠋ᠨ ᠵᠦᠭᠯᠡᠭᠦᠷ ᠪᠠᠢᠭᠰᠠᠨ ᠶᠤᠮ᠃
ᠳᠠᠬᠢᠯᠲᠠ

ᠬᠦᠯᠦᠭ ᠦ᠋ᠨ ᠨᠢᠷᠤᠭᠤᠨ ᠳ᠋ᠤ᠌ ᠮᠣᠷᠳᠠᠭᠤᠯᠤᠭᠰᠠᠨ
ᠬᠦᠨᠳᠦᠲᠦ ᠪᠠᠭᠰᠢ ᠮᠢᠨᠢ ᠰᠠᠢᠨ ᠤᠤ?
ᠬᠥᠪᠥᠩ ᠴᠠᠭᠠᠨ ᠢᠲᠡᠭᠡᠯ ᠴᠢᠨᠢ
ᠬᠦᠰᠡᠯ ᠦ᠋ᠨ ᠵᠢᠯᠣᠭᠣ ᠪᠠᠢᠭᠰᠠᠨ ᠶᠤᠮ᠃
ᠳᠠᠬᠢᠯᠲᠠ

  ᠦᠰᠦᠭ ᠠᠮᠢᠯᠠᠭᠤᠯᠤᠭᠴᠢ᠄ ᠰᠣᠳᠣ
  ᠦᠰᠦᠭ ᠬᠠᠲᠠᠭᠴᠢ᠄ ᠰᠣᠳᠣ
  ᠬᠢᠨᠠᠭᠴᠢ᠄ ᠣᠳᠬᠠᠨᠰᠣ᠎ᠠ