ᠨᠠᠨᠯᠢᠶᠠᠩ ᠲᠣᠷᠭᠠᠨ ᠤᠭᠤᠲᠠ-ᠴᠠᠭᠠᠨᠪᠠᠷᠰНанлян турган уут-Цаанбар ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠨᠯᠢᠶᠠᠩ ᠲᠣᠷᠭᠠᠨ ᠤᠭᠤᠲᠠ-ᠴᠠᠭᠠᠨᠪᠠᠷᠰНанлян турган уут-Цаанбар

ᠨᠠᠨᠯᠢᠶᠠᠩ ᠲᠣᠷᠭᠠᠨ ᠤᠭᠤᠲᠠ-ᠴᠠᠭᠠᠨᠪᠠᠷᠰНанлян турган уут-Цаанбар

2025-07-08

367

ᠨᠠᠨᠯᠢᠶᠠᠩ ᠲᠣᠷᠭᠠᠨ ᠤᠭᠤᠲᠠ

   ᠬᠣᠷᠴᠢᠨ ᠠᠷᠠᠳ ᠤ᠋ᠨ ᠳᠠᠭᠤᠤ 
        ᠴᠠᠭᠠᠨᠪᠠᠷᠰ ᠳᠠᠭᠤᠯᠠᠨ᠎ᠠ 

ᠨᠠᠨᠯᠢᠶᠠᠩ ᠲᠣᠷᠭᠠᠨ ᠤᠭᠤᠲᠠᠨ ᠤ᠋ ᠳᠡᠭᠡᠷ᠎ᠡ ᠨᠢ ᠨᠠᠮᠢᠯᠵᠠᠮ᠎ᠠ ᠰᠠᠢᠬᠠᠨ ᠫᠢᠶᠣᠣᠲᠠᠢ ᠲᠠᠢ ᠬᠦ ᠬᠦ ᠬᠦᠢ 
ᠨᠠᠨᠯᠢᠶᠠᠩ ᠲᠣᠷᠭᠠᠨ ᠤᠭᠤᠲᠠᠨ ᠤ᠋ ᠳᠡᠭᠡᠷ᠎ᠡ ᠪᠡᠨ ᠣᠶᠣᠭᠰᠠᠨ ᠬᠤᠸᠠᠷ ᠢ᠋ ᠨᠢ ᠰᠣᠨᠣᠰᠤᠨ᠎ᠠ ᠤᠤ ᠳᠠ ᠬᠦᠢ 
ᠨᠠᠢ᠍ᠮᠠᠨ ᠬᠤᠰᠢᠭᠤᠨ ᠤ᠋ ᠳᠠ ᠸᠠᠩ ᠨᠣᠶᠠᠨ ᠪᠡᠭᠡᠵᠢᠩ ᠡᠴᠡ ᠬᠠᠲᠤᠨ ᠢ᠋ᠶ᠋ᠠᠨ ᠵᠠᠯᠠᠴᠢᠬᠠᠭᠠᠳ ᠠ᠋ ᠬᠦᠢ 
ᠨᠠᠢᠷ ᠤ᠋ᠨ ᠰᠢᠷᠡᠭᠡ ᠪᠡᠨ ᠲᠠᠯᠪᠢᠴᠢᠬᠠᠭᠠᠳ ᠨᠠᠢᠷᠠᠯᠳᠤᠵᠤ ᠪᠠᠢᠬᠤ ᠪᠠᠷ ᠣᠶᠣᠯ᠎ᠠ ᠶᠠ ᠬᠦᠢ 
 
ᠲᠠᠩᠵᠢᠨᠸᠸᠨ᠋ ᠤᠭᠤᠲᠠᠨ ᠤ᠋ ᠳᠡᠭᠡᠷ᠎ᠡ ᠨᠢ ᠲᠠᠭᠠᠷᠠᠭᠤᠯᠵᠤ ᠬᠢᠭᠰᠡᠨ ᠫᠢᠶᠣᠣᠲᠠᠢ ᠲᠠᠢ ᠬᠦ ᠬᠦ ᠬᠦᠢ 
ᠲᠠᠩᠵᠢᠨᠸᠸᠨ᠋ ᠤᠭᠤᠲᠠᠨ ᠤ᠋ ᠳᠡᠭᠡᠷ᠎ᠡ ᠪᠡᠨ ᠣᠶᠣᠭᠰᠠᠨ ᠬᠤᠸᠠᠷ ᠢ᠋ ᠨᠢ ᠰᠣᠨᠣᠰᠤᠨ᠎ᠠ ᠤᠤ ᠶᠠ ᠬᠦᠢ 
ᠲᠠᠩᠰᠤᠭ ᠯᠠᠮᠠ ᠂ ᠪᠡᠴᠢᠨ ᠂ ᠰᠢᠷᠣᠢ ᠂ ᠵᠣ᠌ ᠪᠠ ᠵᠢᠶᠧ ᠲᠡᠢ ᠪᠡᠨ ᠳᠥᠷᠪᠡᠭᠦᠯᠡ ᠠ᠋ ᠬᠦᠢ 
ᠪᠠᠷᠠᠭᠤᠨ ᠭᠠᠵᠠᠷ ᠠ᠋ᠴᠠ ᠨᠣᠮ ᠢ᠋ᠶ᠋ᠠᠨ ᠵᠠᠯᠠᠭᠠᠳ ᠡᠷᠭᠢᠵᠦ ᠪᠠᠢᠬᠤ ᠪᠠᠷ ᠣᠶᠣᠯ᠎ᠠ ᠰᠢᠦ ᠬᠦᠢ 

ᠤᠯᠠᠭᠠᠨ ᠲᠣᠷᠭᠠᠨ ᠤᠭᠤᠲᠠᠨ ᠤ᠋ ᠳᠡᠭᠡᠷ᠎ᠡ ᠨᠢ ᠤᠷᠠᠨ ᠨᠠᠢ᠍ᠮᠠᠨ ᠫᠢᠶᠣᠣᠲᠠᠢ ᠲᠠᠢ ᠬᠦ ᠬᠦ ᠬᠦᠢ   
ᠤᠯᠠᠭᠠᠨ ᠲᠣᠷᠭᠠᠨ ᠤᠭᠤᠲᠠᠨ ᠤ᠋ ᠳᠡᠭᠡᠷ᠎ᠡ ᠪᠡᠨ ᠣᠶᠣᠭᠰᠠᠨ ᠬᠤᠸᠠᠷ ᠢ᠋ ᠨᠢ ᠰᠣᠨᠣᠰᠤᠨ᠎ᠠ ᠤᠤ ᠶᠠ ᠬᠦᠢ 
ᠤᠯᠠᠭᠠᠨ ᠴᠢᠷᠠᠢ ᠲᠠᠢ ᠭᠤᠸᠠᠨ ᠬᠦᠩ ᠯᠤᠤ ᠶᠧ ᠶ᠋ᠢ ᠵᠧᠦ ᠰᠠᠩ ᠲᠠᠢ ᠪᠠᠨ ᠬᠣᠶᠠᠭᠤᠯᠠ ᠪᠠᠨ ᠬᠦᠢ
ᡂᠢ ᠲᠧᠦ ᠮᠣᠷᠢ ᠪᠠᠨ ᠤᠨᠤᠭᠠᠳ ᠵᠠᠮᠨᠠᠵᠤ ᠶᠠᠪᠤᠵᠤ ᠪᠠᠢᠬᠤ ᠪᠠᠷ ᠣᠶᠣᠯ᠎ᠠ ᠶᠠ ᠬᠦᠢ

ᠶᠠᠭᠠᠨ ᠲᠣᠷᠭᠠᠨ ᠤᠭᠤᠲᠠ ᠶ᠋ᠢᠨ ᠳᠡᠭᠡᠷ᠎ᠡ ᠨᠢ ᠶᠠᠩᠵᠤ ᠶ᠋ᠢᠨ ᠠᠷᠪᠢᠨ ᠫᠢᠶᠣᠣᠲᠠᠢ ᠲᠠᠢ ᠬᠦᠢ
ᠶᠠᠳᠠᠨ ᠲᠣᠷᠭᠠᠨ ᠤᠭᠤᠲᠠ ᠶ᠋ᠢᠨ ᠳᠡᠭᠡᠷ᠎ᠡ ᠪᠡᠨ ᠣᠶᠣᠭᠰᠠᠨ ᠬᠤᠸᠠᠷ ᠢ᠋ ᠨᠢ ᠰᠣᠨᠣᠰᠤᠨ᠎ᠠ ᠤᠤ ᠶᠠ ᠬᠦᠢ
ᠶᠠᠩ ᠽᠦᠩ ᠪᠤᠤ ᠪᠣᠯᠤᠨ ᠮᠦ᠍ ᠬᠦᠢ ᠶᠢᠩ ᠲᠡᠢ ᠤᠷᠤᠭ ᠤ᠋ᠨ ᠤᠴᠢᠷ ᠢ᠋ᠶ᠋ᠠᠨ ᠬᠡᠯᠡᠯᠴᠡᠭᠡᠳ ᠬᠦ
ᠭᠤᠷᠪᠠᠨ ᠲᠥᠷᠥᠯ ᠦ᠋ᠨ ᠡᠷ᠎ᠡ ᠡᠮ᠎ᠡ ᠶ᠋ᠢᠨ ᠬᠡᠯᠬᠢᠶ᠎ᠡ ᠶ᠋ᠢ ᠪᠡᠨ ᠬᠡᠯᠡᠯᠴᠡᠵᠦ ᠪᠠᠢᠬᠤ ᠪᠠᠷ ᠣᠶᠣᠯ᠎ᠠ ᠬᠦᠢ

ᠬᠥᠬᠡ ᠲᠣᠷᠭᠠᠨ ᠤᠭᠤᠲᠠᠨ ᠤ᠋ ᠳᠡᠭᠡᠷ᠎ᠡ ᠨᠢ ᠬᠥᠨᠳᠡᠢ ᠨᠠᠷᠢᠨ ᠫᠢᠶᠣᠣᠲᠠᠢ ᠲᠠᠢ ᠬᠦ ᠬᠦ ᠬᠦᠢ
ᠬᠥᠬᠡ ᠲᠣᠤᠷᠭᠠᠨ ᠤᠭᠤᠲᠠᠨ ᠤ᠋ ᠳᠡᠭᠡᠷ᠎ᠡ ᠪᠡᠨ ᠣᠶᠣᠭᠰᠠᠨ ᠬᠤᠸᠠᠷ ᠢ᠋ ᠨᠢ ᠰᠣᠨᠣᠰᠤᠨ᠎ᠠ ᠤᠤ ᠶᠠ ᠬᠦᠢ
ᠬᠦᠴᠦᠲᠡᠨ ᠪᠠᠭᠠᠲᠤᠷ ᠵᠢᠩ ᠳᠧ ᠵᠠᠩᠵᠤᠨ ᠠᠷᠤ ᠭᠠᠵᠠᠷ ᠠ᠋ᠴᠠ  ᠮᠡᠨᠳᠦᠯᠡᠭᠡᠳ  ᠠ᠋ ᠬᠦᠢ
ᠬᠣᠪᠢᠨ ᠤ᠋ ᠡᠵᠡᠨ ᠢ᠋ᠶ᠋ᠡᠨ ᠰᠠᠨᠳᠤᠷᠴᠤ ᠪᠠᠢᠭᠠᠳ ᠡᠷᠢᠵᠦ ᠪᠠᠢᠬᠤ ᠪᠠᠷ ᠣᠶᠣᠯ᠎ᠠ ᠶᠠ ᠬᠦᠢ

ᠴᠡᠩᠬᠡᠷ ᠲᠣᠷᠭᠠᠨ ᠤᠭᠤᠲᠠᠨ ᠳᠡᠭᠡᠷ᠎ᠡ ᠨᠢ ᠴᠡᠪᠡᠷᠬᠡᠨ ᠵᠢᠷᠭᠤᠭᠠᠨ ᠫᠢᠶᠣᠣᠲᠠᠢ ᠲᠠᠢ ᠬᠦ ᠬᠦ ᠬᠦᠢ
ᠴᠡᠩᠬᠡᠷ ᠲᠣᠷᠭᠠᠨ ᠤᠭᠤᠲᠠᠨ ᠳᠡᠭᠡᠷ᠎ᠡ ᠪᠡᠨ ᠰᠢᠪᠡᠭᠰᠡᠨ ᠬᠤᠸᠠᠷ ᠢ᠋ ᠨᠢ ᠰᠣᠨᠣᠰᠤᠨ᠎ᠠ ᠤᠤ ᠶᠠ ᠬᠦᠢ
ᠰᠢᠷᠠᠭᠤᠨ ᠵᠠᠩᠵᠤᠨ ᠴᠧᠩ ᠶᠣᠣ ᠶ᠋ᠢᠨ ᠴᠢᠨᠢ ᠡᠯ ᠯᠦᠩ ᠭᠧᠦ ᠳ᠋ᠦ᠍ ᠪᠡᠨ ᠸᠠᠩ ᠰᠠᠭᠤᠵᠠᠢ ᠠ᠋ ᠬᠦᠢ
ᠣᠯᠠᠨ ᠠᠷᠪᠠᠨ ᠠᠬ᠎ᠠ ᠳᠡᠭᠦᠦ ᠨᠠᠷ ᠲᠠᠢ ᠪᠠᠨ ᠨᠠᠢᠷᠠᠯᠳᠤᠵᠤ ᠪᠠᠢᠬᠤ ᠪᠠᠷ ᠣᠶᠣᠯ᠎ᠠ  ᠶᠠ ᠬᠦᠢ

    ᠦᠰᠦᠭ ᠠᠮᠢᠯᠠᠭᠤᠯᠤᠭᠰᠠᠨ ᠨᠢ᠄ ᠭᠠᠸᠠ
    ᠦᠰᠦᠭ ᠬᠠᠲᠠᠭᠰᠠᠨ ᠨᠢ ᠄ ᠭᠠᠸᠠ
    ᠬᠢᠨᠠᠭᠴᠢ ᠪᠠᠭᠰᠢ ᠄ᠢᠷᠡᠭᠡᠳᠦᠢ
    ᠪᠢᠴᠢᠯᠭᠡ ᠵᠢᠷᠤᠭ ᠨᠠᠢᠷᠠᠭᠤᠯᠤᠭᠰᠠᠨ ᠨᠢ ᠄ ᠣᠯᠬᠣᠨᠤᠳ ᠠᠶᠤᠰᠢ