ᠬᠦᠯᠦᠭ ᠰᠢᠨᠵᠢᠭᠡᠴᠢ ᠨᠢᠰᠤᠩᠬᠠᠢ ᠵᠢᠭᠠᠯ-ᠰᠣᠷᠭᠣᠭХөлөг шинжээч нусанхай жаалсрг-Соргог ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠦᠯᠦᠭ ᠰᠢᠨᠵᠢᠭᠡᠴᠢ ᠨᠢᠰᠤᠩᠬᠠᠢ ᠵᠢᠭᠠᠯ-ᠰᠣᠷᠭᠣᠭХөлөг шинжээч нусанхай жаалсрг-Соргог

ᠬᠦᠯᠦᠭ ᠰᠢᠨᠵᠢᠭᠡᠴᠢ ᠨᠢᠰᠤᠩᠬᠠᠢ ᠵᠢᠭᠠᠯ-ᠰᠣᠷᠭᠣᠭХөлөг шинжээч нусанхай жаалсрг-Соргог

ᠠᠩᠭᠢᠯᠠᠯ:ᠳᠣᠮᠣᠭ ᠦᠯᠢᠭᠡᠷ
2025-07-07

3677

ᠬᠦᠯᠦᠭ ᠰᠢᠨᠵᠢᠭᠡᠴᠢ ᠨᠢᠰᠤᠩᠬᠠᠢ ᠵᠢᠭᠠᠯ

 ᠤᠩᠰᠢᠬᠴᠢ᠄ ᠰᠣᠷᠭᠣᠭ 

    ᠡᠷᠲᠡ ᠤᠷᠢᠳᠤ ᠴᠠᠭ ᠲᠤ᠌᠂ ᠠᠯᠲᠠᠢ ᠬᠠᠩᠭᠠᠢ ᠳ᠋ᠤ᠌ ᠨᠤᠲᠤᠭ ᠲᠠᠢ ᠠᠷᠪᠠᠨ ᠲᠦᠮᠡᠨ ᠠᠳᠤᠭᠤ ᠲᠠᠢ᠂ ᠠᠯᠳᠠᠷ ᠴᠣᠯᠠ ᠮᠠᠨᠳᠤᠭᠰᠠᠨ ᠠᠯᠠᠭᠲᠠᠢ ᠪᠠᠶᠠᠨ ᠭᠡᠵᠦ ᠪᠠᠢᠵᠠᠢ᠃ ᠠᠯᠠᠭᠲᠠᠢ ᠪᠠᠶᠠᠨ ᠤ᠋ ᠠᠳᠤᠭᠤ ᠮᠠᠯ ᠨᠢ ᠣᠯᠠᠨ ᠪᠣᠯᠬᠣᠷ ᠠᠯᠪᠠᠲᠤ ᠵᠠᠷᠤᠴᠠ ᠨᠢ ᠴᠦ᠍ ᠠᠷᠪᠢᠨ ᠪᠠᠢᠵᠠᠢ᠃ ᠭᠡᠪᠡᠴᠦ ᠠᠯᠠᠭᠲᠠᠢ ᠪᠠᠶᠠᠨ ᠬᠠᠷᠢᠨ《 ᠠᠷᠪᠠᠨ ᠲᠦᠮᠡᠨ ᠠᠳᠤᠭᠤᠨ ᠳ᠋ᠤ᠌ ᠮᠢᠨᠢ ᠠᠵᠢᠨᠠᠢ ᠬᠦᠯᠦᠭ ᠨᠢᠭᠡ ᠴᠦ᠍ ᠦᠭᠡᠢ᠂ ᠠᠯᠪᠠᠲᠤ ᠵᠠᠷᠤᠴᠠ ᠠᠷᠪᠢᠨ ᠪᠣᠯᠪᠠᠴᠤ ᠬᠦᠯᠦᠭ ᠰᠢᠨᠵᠢᠭᠡᠴᠢ ᠨᠢᠭᠡ ᠴᠦ᠍ ᠦᠭᠡᠢ》 ᠭᠡᠵᠦ ᠦᠷᠭᠦᠯᠵᠢ ᠭᠣᠩᠰᠣᠷᠠᠳᠠᠭ ᠭᠡᠨ᠎ᠡ᠃
ᠨᠢᠭᠡᠨ ᠡᠳᠦᠷ ᠠᠯᠠᠭᠲᠠᠢ ᠪᠠᠶᠠᠨ ᠠᠳᠤᠭᠤᠨ ᠤ᠋ ᠪᠠᠨ ᠡᠮᠦᠨ᠎ᠡ ᠡᠴᠡ ᠵᠢᠷᠣᠭ᠎ᠠ ᠰᠠᠭᠠᠷᠠᠯ ᠢ᠋ᠶ᠋ᠠᠨ ᠤᠨᠤᠨ ᠵᠢᠷᠪᠢᠯᠵᠡᠭᠦᠯᠦᠨ ᠶᠠᠪᠤᠵᠤ ᠪᠠᠢᠲᠠᠯ᠎ᠠ ᠲᠡᠭᠦᠨ ᠦ᠌ ᠠᠳᠤᠭᠤ ᠶ᠋ᠢ ᠬᠠᠷᠢᠭᠤᠯᠳᠠᠭ ᠠᠷᠪᠠᠨ ᠲᠠᠪᠤᠲᠠᠢ ᠨᠢᠰᠤᠩᠬᠠᠢ ᠵᠢᠭᠠᠯ ᠬᠠᠷᠢᠨ ᠨᠢᠭᠡ ᠦᠬᠦᠭᠰᠡᠨ ᠮᠣᠷᠢᠨ ᠤ᠋ ᠲᠣᠯᠣᠭᠠᠢ ᠶ᠋ᠢ ᠲᠡᠪᠡᠷᠢᠨ ᠨᠢᠭᠡ ᠶᠠᠭᠤᠮ᠎ᠠ ᠳᠦᠳᠦᠨᠡᠵᠦ ᠪᠠᠢᠭᠰᠠᠨ ᠭᠡᠨ᠎ᠡ᠃ ᠠᠯᠠᠭᠲᠠᠢ ᠪᠠᠶᠠᠨ ᠶᠡᠬᠡᠳᠡ ᠭᠠᠢᠬᠠᠨ ᠴᠢᠩᠨᠠᠬᠤᠯᠠᠷ᠂《 ᠬᠡᠨ ᠴᠢᠮ᠎ᠠ ᠶ᠋ᠢ ᠠᠵᠢᠨᠠᠢ ᠬᠦᠯᠦᠭ ᠦ᠋ᠨ ᠲᠣᠯᠣᠭᠠᠢ ᠭᠡᠬᠦ ᠪᠣᠢ? ᠬᠡᠨ ᠨᠠᠮ᠎ᠠ ᠶ᠋ᠢ ᠬᠦᠯᠦᠭ ᠰᠢᠨᠵᠢᠭᠡᠴᠢ ᠶ᠋ᠢᠨ ᠬᠦᠦ ᠭᠡᠵᠦ ᠰᠠᠨᠠᠬᠤ ᠪᠣᠢ?》 ᠭᠡᠵᠦ ᠶᠠᠷᠢᠵᠤ ᠪᠠᠢᠭᠰᠠᠨ ᠢ᠋ ᠰᠣᠨᠣᠰᠤᠭᠠᠳ᠂ ᠠᠯᠠᠭᠲᠠᠢ ᠪᠠᠶᠠᠨ ᠳᠣᠲᠣᠷ᠎ᠠ ᠪᠠᠨ《 ᠮᠠᠭᠤ ᠨᠢᠰᠤᠩᠬᠠᠢ ᠵᠢᠭᠠᠯ ᠴᠢᠨᠢ ᠦᠬᠦᠭᠰᠡᠨ ᠮᠣᠷᠢᠨ ᠤ᠋ ᠲᠣᠯᠣᠭᠠᠢ ᠶ᠋ᠢ ᠬᠦᠷᠲᠡᠯ᠎ᠡ ᠲᠠᠨᠢᠯ᠎ᠠ ᠭᠡᠵᠦ ᠦᠯᠢᠶᠡᠳᠡᠭ ᠬᠦᠦ ᠪᠠᠢᠨ᠎ᠠ》 ᠭᠡᠵᠦ ᠪᠣᠳᠣᠭᠠᠳ ᠲᠡᠷᠡ ᠨᠢᠰᠤᠩᠬᠠᠢ ᠵᠢᠭᠠᠯ ᠤ᠋ᠨ ᠬᠠᠵᠠᠭᠤ ᠳ᠋ᠤ᠌ ᠣᠴᠢᠨ᠄《 ᠴᠢ ᠮᠣᠷᠢ ᠰᠢᠨᠵᠢᠳᠡᠭ ᠤᠤ? ᠮᠢᠨᠦ ᠠᠷᠪᠠᠨ ᠲᠦᠮᠡᠨ ᠠᠳᠤᠭᠤᠨ ᠳ᠋ᠤ᠌ ᠠᠵᠢᠨᠠᠢ ᠬᠦᠯᠦᠭ ᠬᠡᠳᠦ ᠪᠠᠢᠨ᠎ᠠ?》 ᠭᠡᠵᠦ ᠠᠰᠠᠭᠤᠵᠠᠢ᠃
ᠨᠢᠰᠤᠩᠬᠠᠢ ᠵᠢᠭᠠᠯ ᠮᠣᠷᠢᠨ ᠤ᠋ ᠲᠣᠯᠣᠭᠠᠢ ᠶ᠋ᠢ ᠤᠷᠤᠯᠳᠤᠨ ᠨᠠᠭᠠᠳᠴᠤ ᠪᠠᠢᠭᠰᠠᠭᠠᠷ ᠠᠮᠠ ᠠᠯᠳᠠᠭᠰᠠᠨ ᠢ᠋ᠶ᠋ᠠᠨ ᠮᠡᠳᠡᠵᠦ᠄《 ᠮᠢᠨᠦ ᠠᠪᠤ ᠪᠣᠯ ᠨᠡᠷᠡᠲᠡᠢ ᠬᠦᠯᠦᠭ ᠰᠢᠨᠵᠢᠭᠡᠴᠢ ᠪᠠᠢᠭᠰᠠᠨ᠃ ᠪᠢ ᠪᠣᠯ ᠵᠥᠪᠬᠡᠨ ᠪᠠᠷᠤᠭᠴᠠᠭᠠᠯᠠᠳᠠᠭ᠃ ᠲᠠᠨ ᠤ᠋ ᠠᠳᠤᠭᠤᠨ ᠳ᠋ᠤ᠌ ᠠᠵᠢᠨᠠᠢ ᠬᠦᠯᠦᠭ ᠪᠠᠢᠬᠤ ᠡᠰᠡᠬᠦ ᠶ᠋ᠢ ᠪᠢ ᠬᠠᠷᠢᠨ ᠠᠩᠬᠠᠷᠤᠭᠰᠠᠨ ᠦᠭᠡᠢ ᠰᠢᠦ》 ᠭᠡᠵᠦ ᠦᠨᠡᠨ ᠢ᠋ᠶ᠋ᠡᠨ ᠬᠡᠯᠡᠵᠡᠢ᠃
ᠲᠡᠭᠡᠬᠦᠯᠡᠷ ᠠᠯᠠᠭᠲᠠᠢ ᠪᠠᠶᠠᠨ᠄《 ᠪᠢ ᠮᠠᠷᠭᠠᠰᠢ ᠠᠳᠤᠭᠤ ᠪᠠᠨ ᠪᠦᠬᠦᠨ ᠢ᠋ ᠴᠤᠭᠯᠠᠭᠤᠯᠵᠤ ᠤᠰᠤᠯᠠᠶ᠎ᠠ᠃ ᠴᠢ ᠬᠤᠳᠳᠤᠭ ᠳᠡᠭᠡᠷ᠎ᠡ ᠵᠣᠭᠰᠣᠵᠤ ᠪᠠᠢᠭᠠᠳ ᠨᠢᠭᠲᠠᠯᠠᠵᠤ ᠦᠵᠡ᠃ ᠬᠡᠷᠪᠡ ᠬᠤᠳᠠᠯ ᠬᠡᠯᠡᠵᠦ ᠬᠤᠤᠳᠤᠤ ᠶᠠᠷᠢᠪᠠᠯ ᠠᠷᠠᠰᠤ ᠶ᠋ᠢ ᠴᠢᠨᠢ ᠱᠠᠭᠠᠯᠵᠤ ᠰᠢᠷᠪᠥᠰᠥ ᠶ᠋ᠢ ᠴᠢᠨᠢ ᠰᠤᠭᠤᠯᠤᠨ᠎ᠠ ᠰᠢᠦ》 ᠭᠡᠵᠦ ᠬᠠᠲᠠᠭᠤ ᠵᠠᠬᠢᠶ᠎ᠠ ᠦᠭᠭᠦᠭᠰᠡᠨ ᠳ᠋ᠦ᠍ ᠨᠢᠰᠤᠩᠬᠠᠢ ᠵᠢᠭᠠᠯ ᠠᠷᠭ᠎ᠠ ᠦᠭᠡᠢ ᠵᠥᠪᠰᠢᠶᠡᠷᠡᠵᠡᠢ᠃ ᠮᠠᠷᠭᠠᠰᠢ ᠨᠢ ᠪᠣᠯᠬᠤᠯᠠᠷ ᠠᠯᠠᠭᠲᠠᠢ ᠪᠠᠶᠠᠨ ᠠᠳᠤᠭᠤ ᠪᠠᠨ ᠴᠤᠭᠯᠠᠭᠤᠯᠵᠤ ᠤᠰᠤᠯᠠᠵᠠᠢ᠃ ᠨᠢᠰᠤᠩᠬᠠᠢ ᠵᠢᠭᠠᠯ ᠬᠤᠳᠳᠤᠭ ᠤ᠋ᠨ ᠬᠠᠵᠠᠭᠤ ᠳ᠋ᠤ᠌ ᠵᠣᠭᠰᠣᠨ ᠤᠰᠤ ᠤᠤᠭᠤᠭᠰᠠᠨ ᠮᠣᠷᠢᠳ ᠢ᠋ ᠰᠢᠨᠵᠢᠵᠦ ᠪᠠᠢᠭᠰᠠᠨ ᠳ᠋ᠤ᠌ ᠠᠯᠠᠭᠲᠠᠢ ᠪᠠᠶᠠᠨ ᠲᠡᠭᠦᠨ ᠦ᠌ ᠳᠡᠷᠭᠡᠳᠡ ᠵᠣᠭᠰᠣᠭᠠᠳ᠄《 ᠡᠨᠡ ᠮᠣᠷᠢ ᠮᠥᠨ ᠤᠤ? ᠲᠡᠷᠡ ᠮᠣᠷᠢ ᠶᠠᠮᠠᠷ ᠪᠠᠢᠨ᠎ᠠ?》 ᠭᠡᠵᠦ ᠲᠠᠷᠭᠤᠨ ᠴᠠᠳᠬᠤᠯᠠᠩ ᠮᠣᠷᠢᠳ ᠢ᠋ ᠵᠢᠭᠠᠭᠠᠳ ᠠᠰᠠᠭᠤᠵᠤ ᠯᠠ ᠪᠠᠢᠭᠰᠠᠨ ᠪᠣᠯᠪᠠᠴᠤ ᠨᠢᠰᠤᠩᠬᠠᠢ ᠵᠢᠭᠠᠯ ᠪᠦᠷ ᠯᠡ ᠲᠣᠯᠣᠭᠠᠢ ᠰᠠᠵᠢᠨ ᠥᠩᠭᠡᠷᠡᠭᠡᠵᠡᠢ᠃ ᠬᠡᠳᠦᠨ ᠤᠳᠠᠭ᠎ᠠ ᠵᠣᠭᠰᠣᠭᠠᠳ ᠪᠦᠷ ᠦᠭᠡᠢ ᠪᠣᠯᠬᠤᠯᠠᠷ ᠰᠡᠭᠦᠯᠳᠡᠵᠦ ᠢᠷᠡᠭᠡᠳ ᠳᠡᠷᠭᠡᠳᠡ ᠨᠢ ᠵᠣᠭᠰᠣᠬᠤ ᠪᠠᠨ ᠴᠤ᠌ ᠪᠣᠯᠢᠵᠤ ᠠᠷᠪᠠᠭᠠᠳ ᠡᠳᠦᠷ ᠦ᠋ᠨ ᠳᠠᠷᠠᠭ᠎ᠠ ᠪᠦᠬᠦ ᠠᠳᠤᠭᠤ ᠪᠠᠷᠤᠭ ᠤᠤᠭᠤᠭᠠᠳ ᠪᠠᠷᠠᠬᠤ ᠦᠶ᠎ᠡ ᠪᠡᠷ ᠨᠢᠭᠡ ᠱᠤᠪᠲᠤᠩ ᠰᠡᠭᠦᠯ ᠲᠡᠢ᠂ ᠬᠤᠯᠤᠭᠠᠷ ᠴᠢᠬᠢ ᠲᠡᠢ᠂ ᠨᠢᠷᠤᠭᠤᠨ ᠳ᠋ᠤ᠌ ᠪᠠᠨ ᠲᠠᠭᠠᠷᠢ ᠲᠠᠢ ᠪᠠᠭᠠᠰᠤᠩᠬᠠᠢ ᠳᠠᠭ᠎ᠠ ᠢᠷᠡᠵᠦ ᠤᠰᠤ ᠤᠤᠭᠤᠭᠰᠠᠨ ᠢ᠋ ᠨᠢᠰᠤᠩᠬᠠᠢ ᠵᠢᠭᠠᠯ ᠦᠵᠡᠩᠭᠦᠲᠡ ᠪᠡᠨ᠄《 ᠡᠨᠡ ᠪᠣᠯ ᠶᠠᠭ ᠰᠠᠢᠬᠠᠨ ᠡᠳᠦᠷ ᠲᠦ᠍ ᠮᠢᠩᠭᠠᠨ ᠭᠠᠵᠠᠷ ᠳᠠᠪᠬᠢᠬᠤ ᠵᠣᠷᠢᠭ ᠲᠠᠢ ᠮᠥᠷᠲᠡᠭᠡᠨ ᠴᠢᠳᠠᠯ ᠲᠠᠢ ᠠᠵᠢᠨᠠᠢ ᠬᠦᠯᠦᠭ ᠪᠠᠢᠨ᠎ᠠ》 ᠭᠡᠰᠡᠨ ᠳ᠋ᠦ᠍ ᠬᠥᠮᠦᠰ ᠪᠦᠷ ᠢᠨᠢᠶᠡᠯᠴᠡᠭᠡᠳ ᠢᠲᠡᠭᠡᠭᠰᠡᠨ ᠦᠭᠡᠢ ᠭᠡᠨ᠎ᠡ᠃ ᠠᠯᠠᠭᠲᠠᠢ ᠪᠠᠶᠠᠨ ᠴᠦ᠍᠄《 ᠮᠢᠨᠦ ᠲᠡᠳᠦᠢᠴᠢᠨᠡᠭᠡᠨ ᠲᠠᠷᠭᠤᠨ ᠴᠠᠳᠬᠤᠯᠠᠩ ᠪᠦᠳᠦᠭᠦᠨ ᠪᠦᠳᠦᠭᠦᠨ ᠮᠣᠷᠢᠳ ᠢ᠋ ᠲᠣᠯᠣᠭᠠᠢ ᠰᠠᠵᠢᠨ ᠥᠩᠭᠡᠷᠡᠭᠡᠵᠦ ᠲᠠᠯᠪᠢᠴᠢᠬᠠᠭᠠᠳ ᠬᠠᠷᠢᠨ ᠡᠨᠡ ᠮᠠᠭᠤ ᠡᠴᠡᠵᠦ ᠲᠤᠷᠠᠭᠠᠳ ᠦᠬᠦᠬᠦ ᠳ᠋ᠦ᠍ ᠪᠡᠨ ᠣᠢᠷᠠᠲᠤᠭᠰᠠᠨ ᠪᠠᠭᠠᠰᠤᠩᠬᠠᠢ ᠳᠠᠭ᠎ᠠ ᠶ᠋ᠢ ᠮᠠᠨᠢ ᠠᠵᠢᠨᠠᠢ ᠬᠦᠯᠦᠭ ᠭᠡᠨ᠎ᠡ ᠤᠤ?》 ᠭᠡᠳ ᠠᠭᠤᠷᠯᠠᠭᠰᠠᠨ ᠳ᠋ᠤ᠌ ᠨᠢᠰᠤᠩᠬᠠᠢ ᠵᠢᠭᠠᠯ᠄《 ᠨᠣᠶᠠᠨ ᠠᠪᠤ ᠠ᠋᠂ ᠲᠤᠩᠭᠠᠵᠤ ᠬᠠᠢᠷᠠᠯᠠ! ᠠᠵᠢᠨᠠᠢ ᠬᠦᠯᠦᠭ ᠭᠡᠭᠴᠢ ᠲᠠᠷᠭᠤᠨ ᠡᠴᠡᠩᠬᠡᠢ ᠳᠡᠭᠡᠷ᠎ᠡ ᠪᠠᠢᠳᠠᠭ ᠪᠢᠰᠢ ᠰᠢᠦ᠃ ᠬᠠᠷᠢᠨ ᠲᠡᠭᠦᠨ ᠦ᠌ ᠤᠳᠤᠮ ᠤᠭᠰᠠᠭ᠎ᠠ ᠳᠡᠭᠡᠷ᠎ᠡ ᠪᠡᠨ ᠪᠠᠢᠳᠠᠭ ᠶᠤᠮ᠃ ᠶᠠᠮᠠᠷ ᠴᠤ᠌ ᠮᠣᠷᠢ ᠶ᠋ᠢ ᠰᠠᠢᠲᠤᠷ ᠠᠷᠠᠴᠢᠯᠠᠨ ᠲᠡᠵᠢᠭᠡᠪᠡᠯ ᠪᠦᠷ ᠲᠠᠷᠭᠤᠨ ᠴᠠᠳᠬᠤᠯᠠᠩ ᠪᠣᠯᠵᠤ ᠴᠢᠳᠠᠨ᠎ᠠ》 ᠭᠡᠬᠦᠯᠡᠷ《 ᠲᠡᠭᠡᠪᠡᠯ ᠴᠢ ᠡᠨᠡ ᠮᠠᠭᠤ ᠠᠷᠠᠰᠤ ᠶ᠋ᠢ ᠲᠡᠵᠢᠭᠡᠭᠡᠳ ᠠᠵᠢᠨᠠᠢ ᠬᠦᠯᠦᠭ ᠪᠣᠯᠭᠠᠴᠢᠬ᠎ᠠ᠃ ᠲᠡᠷᠡ ᠦᠶ᠎ᠡ ᠳ᠋ᠦ᠍ ᠴᠢᠮ᠎ᠠ ᠲᠠᠢ ᠬᠡᠯᠡᠯᠴᠡᠭᠰᠡᠨ ᠴᠦ᠍ ᠣᠷᠣᠢᠲᠠᠬᠤ ᠦᠭᠡᠢ》 ᠭᠡᠵᠦ ᠲᠡᠷᠡ ᠳᠠᠭ᠎ᠠ ᠶ᠋ᠢ ᠲᠡᠭᠦᠨ ᠳ᠋ᠦ᠍ ᠲᠤᠰᠢᠶᠠᠭᠰᠠᠨ ᠭᠡᠨ᠎ᠡ᠃
ᠨᠢᠰᠤᠩᠬᠠᠢ ᠵᠢᠭᠠᠯ ᠤᠰᠤᠨ ᠤ᠋ ᠲᠤᠩᠭᠠᠯᠠᠭ ᠡᠪᠡᠰᠦᠨ ᠦ᠌ ᠰᠣᠷᠭᠣᠭ ᠢ᠋ ᠡᠷᠢᠵᠦ᠂ ᠪᠠᠭᠠᠰᠤᠩᠬᠠᠢ ᠳᠠᠭ᠎ᠠ ᠪᠠᠨ ᠨᠠᠷᠢᠨ ᠬᠢᠨᠠᠮᠠᠭᠠᠢ ᠠᠷᠠᠴᠢᠯᠠᠨ ᠲᠡᠵᠢᠭᠡᠭᠰᠡᠭᠡᠷ ᠪᠠᠢᠭᠠᠳ ᠴᠣᠭ ᠵᠢᠪᠬᠤᠯᠠᠩᠲᠠᠢ ᠲᠠᠷᠭᠤᠨ ᠴᠠᠳᠬᠤᠯᠠᠩ ᠮᠣᠷᠢ ᠪᠣᠯᠭᠠᠴᠢᠬᠠᠵᠠᠢ᠃ ᠲᠡᠭᠡᠭᠡᠳ ᠨᠢᠭᠡ ᠡᠳᠦᠷ ᠨᠢᠰᠤᠩᠬᠠᠢ ᠵᠢᠭᠠᠯ ᠥᠨᠥᠬᠢ ᠮᠣᠷᠢ ᠪᠠᠨ ᠵᠠᠰᠠᠵᠤ ᠴᠢᠮᠡᠴᠢᠬᠡᠭᠡᠳ ᠠᠯᠠᠭᠲᠠᠢ ᠪᠠᠶᠠᠨ ᠳ᠋ᠤ᠌ ᠠᠪᠠᠴᠢᠨ᠄《 ᠮᠠᠷᠭᠠᠰᠢ ᠪᠢ ᠲᠠᠨ ᠳ᠋ᠤ᠌ ᠤᠨᠤᠵᠤ ᠦᠵᠡᠭᠦᠯᠦᠶ᠎ᠡ᠃ ᠬᠣᠶᠠᠷ ᠤᠭᠤᠲᠠ ᠦᠨᠡᠰᠦ᠂ ᠬᠣᠶᠠᠷ ᠤᠭᠤᠲᠠ ᠴᠢᠪᠠᠭ᠎ᠠ ᠪᠡᠯᠡᠳᠬᠡᠭᠡᠳ ᠪᠠᠢᠭᠠᠷᠠᠢ》 ᠭᠡᠰᠡᠨ ᠳ᠋ᠦ᠍ ᠠᠯᠠᠭᠲᠠᠢ ᠪᠠᠶᠠᠨ ᠳᠣᠲᠣᠷ᠎ᠠ ᠪᠠᠨ《 ᠮᠠᠭᠠᠳ ᠴᠤ᠌ ᠪᠣᠯᠪᠠ ᠤᠤ?》 ᠭᠡᠳ ᠬᠡᠯᠡᠭᠰᠡᠨ ᠶᠣᠰᠣᠭᠠᠷ ᠨᠢ ᠪᠡᠯᠡᠳᠬᠡᠵᠦ ᠲᠠᠯᠪᠢᠵᠠᠢ᠃
ᠮᠠᠷᠭᠠᠰᠢ ᠥᠷᠯᠥᠭᠡ ᠨᠢ ᠨᠢᠰᠤᠩᠬᠠᠢ ᠵᠢᠭᠠᠯ ᠠᠵᠢᠨᠠᠢ ᠬᠦᠯᠦᠭ ᠲᠦ᠍ ᠪᠡᠨ ᠡᠮᠡᠭᠡᠯ ᠳᠤᠬᠤᠨ ᠬᠣᠶᠠᠷ ᠤᠭᠤᠲᠠ ᠦᠨᠡᠰᠦ᠂ ᠬᠣᠶᠠᠷ ᠤᠭᠤᠲᠠ ᠴᠢᠪᠠᠭ᠎ᠠ ᠪᠠᠨ ᠠᠴᠢᠭᠠᠳ ᠠᠯᠠᠪᠬᠢᠨ ᠮᠣᠷᠳᠠᠮᠠᠭᠴᠠ ᠬᠦᠯᠦᠭ ᠨᠢ ᠡᠵᠡᠨ ᠦ᠌ ᠪᠡᠨ ᠰᠠᠨᠠᠭ᠎ᠠ ᠶ᠋ᠢ ᠮᠡᠳᠡᠭᠰᠡᠨ ᠰᠢᠭ ᠰᠠᠯᠬᠢ ᠠ᠋ᠴᠠ ᠳᠡᠯᠢᠮ ᠲᠦᠷᠭᠡᠨ᠂ ᠰᠠᠨᠠᠭᠠᠨ ᠠ᠋ᠴᠠ ᠠᠯᠲᠠ ᠬᠤᠷᠳᠤᠨ ᠳᠠᠪᠬᠢᠵᠤ᠂ ᠬᠣᠶᠠᠷ ᠤᠭᠤᠲᠠ ᠦᠨᠡᠰᠦ ᠨᠢ ᠪᠤᠲᠠᠷᠠᠵᠤ ᠲᠡᠭᠷᠢ ᠲᠤᠯᠤᠮ᠎ᠠ ᠲᠣᠭᠣᠰᠣ ᠳᠡᠭᠳᠡᠭᠡᠨ ᠪᠠᠷ᠎ᠠ ᠦᠭᠡᠢ ᠪᠣᠯᠵᠠᠢ᠃
ᠠᠯᠠᠭᠲᠠᠢ ᠪᠠᠶᠠᠨ ᠠᠷᠤ ᠠ᠋ᠴᠠ ᠨᠢ ᠮᠡᠯᠡᠷᠡᠵᠦ ᠪᠠᠢᠭᠰᠠᠭᠠᠷ ᠭᠡᠨᠡᠳᠲᠡ᠄《 ᠬᠤᠷᠳᠤᠨ ᠲᠡᠭᠦᠨ ᠢ᠋ ᠪᠠᠷᠢᠵᠤ ᠠᠪᠴᠢᠷᠠ! ᠮᠢᠨᠦ ᠠᠵᠢᠨᠠᠢ ᠬᠦᠯᠦᠭ ᠢ᠋ ᠤᠨᠤᠭᠠᠳ ᠳᠤᠲᠠᠭᠠᠴᠢᠬᠠᠯ᠎ᠠ!》 ᠭᠡᠵᠦ ᠪᠠᠷᠬᠢᠷᠠᠭᠰᠠᠨ ᠪᠣᠯᠪᠠᠴᠤ ᠨᠢᠭᠡᠨᠲᠡ ᠣᠷᠣᠢᠲᠠᠵᠠᠢ᠃ ᠠᠯᠠᠭᠲᠠᠢ ᠪᠠᠶᠠᠨ ᠪᠣᠳᠣᠨ ᠪᠣᠳᠣᠨ ᠪᠤᠷᠤᠭᠤᠳᠠᠭᠰᠠᠨ ᠢ᠋ᠶ᠋ᠠᠨ ᠮᠡᠳᠡᠭᠡᠳ ᠡᠪᠦᠳᠦᠭ ᠢ᠋ᠶ᠋ᠡᠨ ᠠᠯᠠᠭᠠᠳᠠᠨ᠄《 ᠠᠷᠪᠠᠨ ᠲᠦᠮᠡᠨ ᠠᠳᠤᠭᠤᠨ ᠳ᠋ᠤ᠌ ᠮᠢᠨᠢ ᠭᠠᠭᠴᠠ ᠨᠢᠭᠡ ᠠᠵᠢᠨᠠᠢ ᠬᠦᠯᠦᠭ ᠪᠠᠢᠭᠰᠠᠨ ᠢ᠋ ᠠᠯᠳᠠᠭᠠᠳ ᠶᠠᠪᠤᠭᠤᠯᠴᠢᠬᠠᠯ᠎ᠠ᠃ ᠠᠯᠪᠠᠲᠤ ᠵᠠᠷᠤᠴᠠ ᠶ᠋ᠢᠨ ᠳᠣᠲᠣᠷ᠎ᠠ ᠭᠠᠭᠴᠠ ᠨᠢᠭᠡ ᠬᠦᠯᠦᠭ ᠰᠢᠨᠵᠢᠭᠡᠴᠢ ᠪᠠᠢᠭᠰᠠᠨ ᠢ᠋ ᠴᠦ᠍ ᠬᠡᠷᠡᠭᠯᠡᠵᠦ ᠴᠢᠳᠠᠭᠰᠠᠨ ᠦᠭᠡᠢ ᠠᠯᠳᠠᠵᠤ ᠣᠷᠬᠢᠵᠠᠢ!》 ᠭᠡᠳ ᠬᠠᠷᠠᠩᠭᠤᠰᠤᠨ ᠤᠨᠠᠭᠰᠠᠨ ᠭᠡᠨ᠎ᠡ᠃
ᠨᠢᠰᠤᠩᠬᠠᠢ ᠵᠢᠭᠠᠯ ᠠᠵᠢᠨᠠᠢ ᠬᠦᠯᠦᠭ ᠢ᠋ᠶ᠋ᠡᠨ ᠤᠨᠤᠵᠤ ᠡᠷᠬᠡ ᠳᠤᠷ᠎ᠠ ᠪᠠᠷ ᠢ᠋ᠶ᠋ᠠᠨ ᠶᠠᠪᠤᠵᠤ ᠲᠥᠷᠥ ᠳ᠋ᠦ᠍ ᠪᠡᠨ ᠨᠡᠷᠡᠲᠡᠢ ᠲᠦᠮᠡᠨ ᠳ᠋ᠦ᠍ ᠪᠡᠨ ᠭᠠᠪᠢᠶᠠᠲᠠᠢ ᠵᠠᠩᠵᠤᠨ ᠪᠣᠯᠤᠭᠠᠳ ᠠᠵᠢᠨᠠᠢ ᠬᠦᠯᠦᠭ ᠦ᠋ᠨ ᠵᠢᠩᠬᠢᠨᠢ ᠡᠵᠡᠨ ᠨᠢ ᠪᠣᠯᠤᠭᠰᠠᠨ ᠭᠡᠨ᠎ᠡ᠃

   ᠦᠰᠦᠭ ᠠᠮᠢᠯᠠᠭᠤᠯᠤᠭᠴᠢ᠄ ᠠᠯᠲᠠᠨᠴᠢᠮᠡᠭ
   ᠦᠰᠦᠭ ᠬᠠᠳᠠᠭᠴᠢ᠄ ᠠᠯᠲᠠᠨᠴᠢᠮᠡᠭ