ᠴᠠᠭ ᠲᠥᠷᠥ ᠶᠢᠨ ᠦᠢᠮᠡᠭᠡᠨ – ᠳ᠋᠊᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠭᠤᠷᠪᠠ〕 Цаг төрийн үймээн – Д ᠂ Намдаг - Амьдралын зам ᠂ нэгдүгээр бүлэг - 3 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠊᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠭᠤᠷᠪᠠ〕 Цаг төрийн үймээн – Д ᠂ Намдаг - Амьдралын зам ᠂ нэгдүгээр бүлэг - 3

ᠴᠠᠭ ᠲᠥᠷᠥ ᠶᠢᠨ ᠦᠢᠮᠡᠭᠡᠨ – ᠳ᠋᠊᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠭᠤᠷᠪᠠ〕 Цаг төрийн үймээн – Д ᠂ Намдаг - Амьдралын зам ᠂ нэгдүгээр бүлэг - 3

ᠠᠩᠭᠢᠯᠠᠯ:ᠲᠤᠭᠤᠵᠢ ᠷᠣᠮᠠᠨ
2025-07-04

260

ᠥᠨᠥᠬᠢ ᠡᠷ᠎ᠡ ᠠᠮᠢᠳᠤ


       ᠲᠡᠷᠡ ᠡᠷ᠎ᠡ ᠴᠣᠬᠣᠮ ᠬᠡᠷᠬᠢᠨ ᠳᠡᠭᠡᠭᠰᠢ ᠭᠥᠯᠢᠷᠡᠨ ᠬᠡᠪᠲᠡᠵᠦ ᠪᠠᠢᠯ᠎ᠠ? ᠥᠭᠡᠷ᠎ᠡ ᠨᠢᠭᠡᠨ ᠳ᠋ᠡᠭᠡᠨ ᠪᠠᠰᠠ ᠨᠢᠭᠡ ᠬᠥᠮᠦᠨ ᠡᠭᠡᠭᠡ ᠯᠡ ᠲᠡᠭᠦᠨ ᠰᠢᠭ ᠳᠡᠭᠡᠭᠰᠢ ᠭᠥᠯᠢᠷᠡᠨ ᠬᠡᠪᠲᠡᠨ᠎ᠡ᠃ ᠭᠡᠪᠡᠴᠦ ᠡᠨᠡ ᠬᠥᠮᠦᠨ ᠬᠦᠷᠢᠶᠡᠨ ᠦ᠌ ᠵᠠᠬ᠎ᠠ᠂ ᠬᠠᠮᠠᠭᠤᠲᠤ ᠣᠯᠠᠨ ᠨᠣᠬᠠᠳ ᠤ᠋ᠨ ᠳᠤᠮᠳᠠ ᠪᠢᠰᠢ᠂ ᠲᠦᠰᠢᠶᠡᠲᠦ ᠬᠠᠭᠠᠨ ᠤ᠋ ᠬᠣᠷᠢᠶ᠎ᠠ ᠬᠡᠮᠡᠬᠦ ᠬᠠᠷᠠᠴᠤᠳ ᠤ᠋ᠨ ᠰᠠᠭᠤᠳᠠᠭ ᠭᠠᠵᠠᠷ ᠤ᠋ᠨ ᠳᠤᠮᠳᠠ᠂ ᠳᠥᠷᠪᠡᠨ ᠬᠠᠨ᠎ᠠ ᠲᠠᠢ ᠲᠤᠩ ᠴᠠᠭᠠᠨ ᠪᠦᠷᠢᠶᠡᠰᠦᠲᠡᠢ ᠭᠡᠷ ᠦ᠋ᠨ ᠪᠠᠷᠠᠭᠤᠨ ᠬᠣᠢᠲᠤ ᠲᠠᠯ᠎ᠠ ᠶ᠋ᠢᠨ ᠭᠤᠷᠪᠠᠨ ᠳᠠᠪᠬᠤᠷ ᠨᠠᠷᠢᠨ ᠢᠰᠡᠭᠡᠢ ᠳᠡᠪᠢᠰᠬᠡᠷᠲᠦ ᠣᠷᠣᠨ ᠳᠡᠭᠡᠷ᠎ᠡ ᠬᠡᠪᠲᠡᠨ ᠰᠢᠩᠬᠤᠨ ᠤᠯᠠᠭᠠᠨ ᠪᠣᠳᠣᠭ ᠲᠠᠢ ᠣᠨᠢ ᠨᠤᠭᠤᠳ ᠢ᠋ ᠯᠡ ᠰᠢᠷᠲᠡᠨ᠎ᠡ᠃ ᠭᠡᠪᠡᠴᠦ ᠡᠨᠡ ᠬᠥᠮᠦᠨ ᠡᠷᠡᠭᠦᠯ᠂ ᠡᠪᠦᠭᠡᠳ ᠳᠡᠭᠡᠳᠦᠰ ᠡᠴᠡ ᠠᠪᠤᠭᠠᠳ ᠣᠳᠣ ᠬᠦᠷᠲᠡᠯ᠎ᠡ ᠲᠥᠷᠥ ᠶ᠋ᠢᠨ ᠪᠠ ᠣᠶᠤᠨ ᠤᠬᠠᠭᠠᠨ ᠤ᠋ ᠬᠥᠮᠦᠰ ᠦ᠋ᠨ ᠰᠠᠬᠠᠯ ᠲᠠᠯᠪᠢᠬᠤ ᠵᠢᠷᠤᠮ ᠢ᠋ ᠪᠠᠷᠢᠮᠲᠠᠯᠠᠨ ᠳᠡᠭᠡᠳᠦ ᠤᠷᠤᠭᠤᠯ ᠳ᠋ᠠᠭᠠᠨ ᠲᠠᠯᠪᠢᠭᠰᠠᠨ ᠰᠠᠬᠠᠯ ᠨᠢ ᠬᠣᠯᠢᠯᠴᠠᠭ᠎ᠠ ᠦᠭᠡᠢ ᠬᠠᠷ᠎ᠠ ᠪᠣᠯᠤᠭᠠᠳ ᠲᠤᠩ ᠰᠢᠭᠢᠭᠦᠨ᠃ ᠴᠢᠷᠠᠢ ᠨᠢ ᠭᠡᠪᠡᠯ ᠲᠤᠩᠭᠠᠯᠠᠭ ᠴᠠᠭᠠᠨ᠂ ᠲᠡᠷᠡ ᠲᠤᠩᠭᠠᠯᠠᠭ ᠴᠠᠭᠠᠨ ᠴᠢᠷᠠᠢ ᠨᠢ ᠪᠠᠬᠠᠨ ᠴᠣᠩᠬᠣᠢᠵᠤ᠂ ᠬᠦᠴᠦ ᠲᠠᠮᠢᠷ ᠢ᠋ᠶ᠋ᠠᠨ ᠠᠯᠳᠠᠵᠤ ᠪᠠᠢᠭ᠎ᠠ ᠨᠢ ᠬᠡᠨ ᠪᠦᠬᠦᠨ ᠦ᠌ ᠡᠮᠦᠨ᠎ᠡ ᠲᠣᠳᠣᠬᠠᠨ ᠦᠵᠡᠭᠳᠡᠨ᠎ᠡ᠃ ᠭᠡᠪᠡᠴᠦ ᠡᠨᠡ ᠨᠢ ᠶᠠᠮᠠᠷ ᠨᠢᠭᠡᠨ ᠡᠪᠡᠳᠴᠢᠨ ᠦ᠌ ᠤᠴᠢᠷ ᠠ᠋ᠴᠠ ᠪᠢᠰᠢ᠂ ᠵᠦᠭᠡᠷ ᠣᠯᠠᠨ ᠬᠣᠨᠣᠭ ᠬᠥᠳᠡᠯᠭᠡᠭᠡᠨ ᠦᠭᠡᠢ ᠬᠡᠪᠲᠡᠭᠰᠡᠨ ᠦ᠌ ᠬᠢ ᠪᠠᠢᠯ᠎ᠠ᠃ ᠨᠥᠭᠦᠭᠡ ᠬᠦᠷᠳᠦᠨ ᠦ᠌ ᠢᠷᠣᠭᠠᠷ ᠲᠠᠬᠢ ᠬᠥᠮᠦᠨ ᠪᠣᠯ ᠵᠥᠪᠬᠡᠨ ᠬᠣᠭᠣᠯᠠ᠂ ᠬᠣᠭᠣᠯᠠᠢ ᠤᠷᠤᠭᠤ ᠣᠷᠣᠬᠤ ᠵᠥᠭᠡᠯᠡᠨ ᠶᠠᠭᠤᠮ᠎ᠠ ᠶ᠋ᠢ ᠯᠡ ᠮᠥᠷᠥᠭᠡᠳᠦᠭᠰᠡᠨ ᠡᠴᠡ ᠥᠭᠡᠷ᠎ᠡ ᠶᠠᠭᠤ ᠴᠦ᠍ ᠦᠭᠡᠢ ᠪᠠᠢᠭᠰᠠᠨ ᠪᠣᠯ ᠡᠨᠡ ᠬᠥᠮᠦᠨ ᠬᠣᠭᠣᠯᠠ ᠪᠢᠰᠢ᠂ ᠡᠳ᠋ ᠬᠥᠷᠥᠩᠭᠡ ᠴᠦ᠍ ᠪᠢᠰᠢ᠂ ᠡᠮᠡᠰ ᠥᠬᠢᠳ ᠦ᠋ᠨ ᠲᠤᠬᠠᠢ ᠴᠦ᠍ ᠪᠢᠰᠢ᠂ ᠭᠠᠭᠴᠠ ᠬᠦ᠌ ᠲᠡᠷᠡ ᠴᠠᠭ ᠤ᠋ᠨ ᠢ᠋ᠶ᠋ᠠᠨ ᠤᠯᠤᠰ ᠲᠥᠷᠥ᠂ ᠲᠡᠭᠦᠨ ᠦ᠌ ᠤᠨᠠᠨ ᠮᠥᠬᠥᠭᠰᠡᠨ ᠦ᠌ ᠲᠤᠬᠠᠢ ᠲᠦᠮᠡᠨ ᠵᠦᠢᠯ ᠢ᠋ ᠪᠣᠳᠣᠨ ᠳᠡᠭᠡᠭᠰᠢ ᠭᠥᠯᠢᠷᠡᠨ ᠬᠡᠪᠲᠡᠬᠦ ᠠᠵᠢ᠃ ᠥᠴᠥᠭᠡᠳᠦᠷ ᠡᠨᠡ ᠬᠥᠮᠦᠨ᠂ ᠨᠢᠭᠡ ᠤᠳᠠᠭ᠎ᠠ ᠰᠠᠨᠠᠭ᠎ᠠ ᠰᠡᠳᠬᠢᠯ ᠢ᠋ᠶ᠋ᠡᠨ ᠰᠡᠷᠭᠦᠭᠡᠬᠦ᠂ ᠴᠢᠳᠠᠪᠠᠯ ᠪᠦᠷ ᠡᠢᠮᠦ ᠲᠡᠢᠮᠦ ᠡᠯᠳᠡᠪ ᠱᠠᠯᠳᠠᠪ ᠶᠠᠭᠤᠮ᠎ᠠ ᠪᠣᠳᠣᠬᠤ ᠪᠠᠨ ᠪᠣᠯᠢᠶ᠎ᠠ᠂ ᠪᠠᠢᠵᠤ ᠭᠡᠵᠦ ᠭᠠᠳᠠᠭᠰᠢ ᠭᠠᠷᠤᠭᠰᠠᠨ ᠨᠢ ᠶᠠᠮᠠᠷ ᠴᠦ᠍ ᠨᠡᠮᠡᠭᠦᠷᠢ ᠪᠣᠯᠤᠭᠰᠠᠨ ᠦᠭᠡᠢ᠃ ᠬᠠᠷᠢᠨ ᠬᠠᠮᠠᠭᠤᠲᠤ ᠨᠣᠬᠠᠳ ᠤ᠋ᠨ ᠳᠤᠮᠳᠠ ᠬᠡᠪᠲᠡᠭᠰᠡᠨ ᠡᠷ᠎ᠡ ᠶ᠋ᠢ ᠣᠯᠵᠤ ᠬᠠᠷᠠᠭᠠᠳ ᠰᠡᠳᠬᠢᠯ ᠨᠢ ᠪᠦᠷ ᠬᠡᠳᠦᠨ ᠳᠠᠪᠬᠤᠷ ᠵᠣᠪᠠᠯᠠᠩ ᠳ᠋ᠤ᠌ ᠤᠨᠠᠭᠰᠠᠨ ᠪᠠᠢᠪᠠ᠃ ᠣᠳᠣ ᠴᠦ᠍ ᠮᠥᠨ ᠯᠡ ᠲᠡᠷᠡ ᠡᠷ᠎ᠡ ᠶ᠋ᠢ ᠪᠣᠳᠣᠭᠰᠠᠭᠠᠷ᠃ ᠳᠡᠷᠭᠡᠳᠡ ᠪᠡᠨ ᠬᠥᠮᠦᠨ ᠣᠴᠢᠬᠤ ᠳ᠋ᠤ᠌《ᠲᠦᠮᠡᠨ ᠠ᠋! ᠶᠠᠭᠤᠮ᠎ᠠ ᠬᠠᠢᠷᠠᠯᠠ》 ᠭᠡᠳ ᠳᠠᠷᠠᠭ᠎ᠠ ᠨᠢ᠂  
       — ᠬᠣᠭᠣᠯᠠ᠂ ᠬᠣᠭᠣᠯᠠ᠁ ᠬᠣᠭᠣᠯᠠᠢ ᠤᠷᠤᠭᠤ ᠣᠷᠣᠬᠤ ᠵᠥᠭᠡᠯᠡᠨ ᠪᠣᠯ ᠶᠠᠭᠤ ᠴᠦ᠍ ᠶᠠᠭᠠᠬᠢᠬᠤᠪ ᠭᠡᠵᠦ ᠪᠠᠢᠭᠰᠠᠨ ᠨᠢ ᠴᠢᠬᠢᠨ ᠳ᠋ᠦ᠍ᠨᠢ ᠦᠷᠭᠦᠯᠵᠢᠯᠡᠨ ᠰᠣᠨᠣᠰᠤᠭᠳᠠᠨ᠎ᠠ᠃
       ᠭᠡᠷ ᠦ᠋ᠨ ᠬᠠᠭᠠᠯᠭ᠎ᠠ ᠵᠥᠭᠡᠯᠡᠨ ᠢ᠋ᠶ᠋ᠡᠷ ᠨᠡᠭᠡᠭᠡᠭᠳᠡᠨ ᠨᠢᠭᠡ ᠬᠥᠮᠦᠨ ᠳᠠᠭᠤ ᠴᠢᠮᠡᠭᠡ ᠭᠠᠷᠭᠠᠬᠤ ᠦᠭᠡᠢ ᠶ᠋ᠢ ᠬᠢᠴᠢᠶᠡᠩᠭᠦᠢᠯᠡᠨ ᠣᠷᠣᠵᠤ ᠢᠷᠡᠪᠡ᠃ ᠠᠷᠪᠠᠨ ᠲᠠᠪᠤ᠂ ᠵᠢᠷᠭᠤᠭ᠎ᠠ ᠣᠷᠴᠢᠮ ᠨᠠᠰᠤ ᠲᠠᠢ᠂ ᠨᠠᠷᠢᠬᠠᠨ ᠪᠡᠶ᠎ᠡ ᠲᠡᠢ ᠭᠣᠷᠲᠢᠭᠠᠷᠬᠠᠨ ᠬᠠᠷ᠎ᠠ ᠬᠦᠦ ᠪᠠᠢᠯ᠎ᠠ᠃ ᠬᠡᠪᠲᠡᠵᠦ ᠪᠠᠢᠭ᠎ᠠ ᠬᠥᠮᠦᠨ᠂ ᠲᠡᠷᠡ ᠬᠦᠦ ᠶ᠋ᠢ ᠣᠷᠣᠵᠤ ᠢᠷᠡᠬᠦ ᠶ᠋ᠢ ᠮᠡᠳᠡᠭᠡ ᠦᠭᠡᠢ ᠮᠡᠲᠦ ᠠᠵᠢᠭ ᠦᠭᠡᠢ ᠪᠠᠢᠬᠤ ᠳ᠋ᠤ᠌ ᠬᠦᠦ ᠠᠯᠠᠭ᠎ᠠ ᠬᠠᠪᠰᠤᠷᠤᠨ ᠪᠥᠬᠥᠢᠵᠦ᠂ 
       — ᠵᠠ ᠪᠠᠭᠰᠢ ᠠ᠋᠂ ᠪᠢ ᠶᠠᠪᠤᠭᠠᠳ ᠢᠷᠡᠯ᠎ᠡ ᠭᠡᠵᠦ ᠲᠤᠩ ᠠᠶᠠᠷᠬᠠᠨ ᠢ᠋ᠶ᠋ᠠᠷ ᠬᠡᠯᠡᠪᠡ᠃ ᠬᠠᠷᠢᠭᠤ ᠳ᠋ᠤᠨᠢ ᠨᠥᠭᠦᠭᠡ ᠬᠥᠮᠦᠨ ᠳᠡᠭᠡᠭᠰᠢ ᠰᠢᠷᠳᠡᠭᠰᠡᠨ ᠨᠢᠳᠦ ᠪᠡᠨ ᠴᠠᠪᠴᠢᠯ ᠦᠭᠡᠢ ᠪᠡᠷ᠄ 
       — ᠠᠮᠢᠳᠤ ᠪᠠᠢᠨ᠎ᠠ ᠤᠤ? ᠭᠡᠪᠡ᠃  
       — ᠠᠮᠢᠳᠤ᠂ ᠪᠢ ᠪᠦᠷ ᠡᠮᠡᠭᠡᠨ ᠦ᠌ ᠳ᠋ᠦ᠍ ᠠᠪᠠᠴᠢᠨ ᠬᠡᠪᠲᠡᠭᠦᠯᠦᠭᠡᠳ ᠢᠷᠡᠯ᠎ᠡ᠃ 
       — ᠵᠠ ᠪᠣᠯᠵᠠᠢ᠂ ᠣᠷᠣᠴᠠ ᠨᠢ ᠠᠰᠢᠭᠦᠢ ᠵᠠᠢᠲᠠᠢ ᠪᠠᠢᠵᠤ ᠤᠤ?  
       — ᠲᠤᠩ ᠮᠠᠭᠤ᠂ ᠡᠨᠡ ᠳᠡᠯᠡᠬᠡᠢ ᠶ᠋ᠢᠨ ᠬᠠᠮᠤᠭ ᠮᠠᠭᠤᠬᠠᠢ ᠨᠣᠪᠰᠢ ᠪᠠᠷ ᠣᠷᠣᠴᠠ ᠪᠠᠨ ᠳᠦᠭᠦᠷᠭᠡᠭᠰᠡᠨ ᠢ᠋ ᠨᠢ ᠪᠢ ᠡᠢᠰᠢ ᠲᠡᠢᠰᠢ ᠪᠣᠯᠭᠠᠨ ᠳᠥᠩᠭᠡᠵᠦ ᠬᠥᠯ ᠵᠢᠭᠢᠬᠦ ᠵᠠᠢ ᠭᠠᠷᠭᠠᠨ ᠲᠡᠷᠡ ᠬᠥᠮᠦᠨ ᠢ᠋ ᠬᠡᠪᠲᠡᠭᠦᠯᠪᠡ ᠭᠡᠵᠦ ᠬᠦᠦ ᠥᠪᠡᠷ ᠦ᠋ᠨ ᠢ᠋ᠶ᠋ᠡᠨ ᠡᠯᠳᠡᠪ ᠨᠣᠪᠰᠢ ᠲᠠᠢ ᠬᠤᠳᠬᠤᠯᠳᠤᠭᠰᠠᠨ ᠢ᠋ᠶ᠋ᠠᠨ ᠰᠠᠨᠠᠨ ᠢᠷᠪᠠᠢᠨ ᠬᠡᠯᠡᠪᠡ᠃ 
       — ᠡᠮᠡᠭᠡᠨ ᠲᠡᠭᠡᠭᠡᠳ ᠲᠡᠷᠡ ᠬᠥᠮᠦᠨ ᠢ᠋ ᠶᠠᠮᠠᠷ ᠢ᠋ᠶ᠋ᠠᠷ ᠬᠦᠯᠢᠶᠡᠨ ᠠᠪᠤᠪᠠ ᠳᠠ? ᠭᠡᠬᠦ ᠳ᠋ᠦ᠍ ᠬᠦᠦ᠂  
       — ᠡᠪᠡᠢ ᠮᠢᠨᠢ᠂ ᠬᠥᠭᠡᠷᠦᠬᠦᠢ ᠮᠢᠨᠢ᠂ ᠡᠷ᠎ᠡ ᠬᠥᠮᠦᠨ ᠪᠠᠰᠠ ᠡᠢᠮᠦ ᠪᠣᠯᠬᠤ ᠭᠡᠵᠦ ᠪᠠᠢᠳᠠᠭ ᠠ᠋ ᠭᠡᠵᠦ ᠨᠢᠳᠦᠨ ᠦ᠌ ᠪᠡᠨ ᠨᠢᠯᠪᠤᠰᠤ ᠳᠤᠰᠤᠯᠠᠭᠤᠯᠤᠨ ᠬᠦᠯᠢᠶᠡᠨ ᠠᠪᠤᠯ᠎ᠠ᠃ 
       — ᠮᠥᠨ ᠳᠡ᠂ ᠶᠠᠭᠳᠠᠭᠰᠠᠨ ᠡᠷ᠎ᠡ ᠳ᠋ᠦ᠍ ᠶᠠᠳᠠᠭᠤ ᠬᠥᠮᠦᠨ ᠡᠴᠡ ᠢᠯᠡᠭᠦᠦ ᠠᠴᠢᠲᠠᠨ ᠦᠭᠡᠢ ᠭᠡᠳᠡᠭ ᠴᠢᠨᠢ ᠲᠡᠷᠡ ᠳᠠ ᠭᠡᠵᠦ ᠲᠡᠷᠡ ᠪᠠᠭᠰᠢ ᠢᠨᠢᠶᠡᠮᠰᠦᠭᠯᠡᠨ ᠥᠨᠳᠡᠢᠵᠦ᠂ ᠣᠷᠣᠨ ᠤ᠋ ᠪᠠᠨ ᠬᠠᠵᠠᠭᠤ ᠳ᠋ᠠᠬᠢ ᠪᠢᠴᠢᠬᠠᠨ ᠱᠦᠭᠦᠢ ᠶ᠋ᠢᠨ ᠨᠢᠳᠦ ᠶ᠋ᠢ ᠲᠡᠳᠡᠨ ᠬᠣᠶᠠᠷ ᠶᠠᠩᠴᠢᠶᠠᠨ ᠭᠠᠷᠭᠠᠵᠤ᠄ 
       — ᠮᠠᠢ! ᠴᠢ ᠡᠭᠦᠨ ᠦ᠌ ᠨᠢᠭᠡ ᠪᠡᠷ ᠡᠮ ᠵᠠᠯᠠᠭᠤᠯ! ᠵᠠᠩᠴᠢᠨ ᠮᠠᠷᠠᠮᠪᠠ ᠳ᠋ᠤ᠌ ᠣᠴᠢᠭᠠᠷᠠᠢ! ᠨᠥᠭᠦᠭᠡ ᠶ᠋ᠢ ᠨᠢ ᠡᠮᠡᠭᠡᠨ ᠳ᠋ᠦ᠍ ᠥᠭᠴᠦ ᠬᠣᠭᠣᠯᠠ ᠬᠤᠰᠢ ᠵᠠᠯᠭᠠᠭᠤᠯᠵᠤ ᠪᠠᠢ ᠭᠡᠵᠦ ᠬᠡᠯᠡ! ᠬᠦᠦ ᠪᠠᠭᠰᠢ ᠶ᠋ᠢᠨ ᠡᠮᠦᠨ᠎ᠡ ᠰᠥᠬᠥᠷᠡᠨ ᠰᠠᠭᠤᠵᠤ ᠶᠠᠩᠴᠢᠶᠠᠨ ᠢ᠋ ᠬᠣᠶᠠᠷ ᠭᠠᠷ ᠲᠠᠭᠠᠨ ᠠᠪᠤᠭᠰᠠᠨ ᠢ᠋ᠶ᠋ᠠᠨ᠄ 
       — ᠥᠨᠥᠳᠥᠷ᠂ ᠪᠠᠭᠰᠢ ᠠ᠋! ᠨᠢᠭᠡ ᠰᠢᠨ᠎ᠡ ᠬᠡᠷᠡᠭ ᠭᠠᠷᠪᠠ ᠪᠣᠯᠤᠯᠲᠠᠢ᠃
       — ᠶᠠᠮᠠᠷ? 
       — ᠭᠠᠮᠢᠩ ᠢ᠋ ᠡᠰᠡᠷᠭᠦᠴᠡᠭᠰᠡᠨ᠁   
       — ᠬᠠᠮᠢᠭ᠎ᠠ? 
       — ᠵᠠᠬ᠎ᠠ ᠳᠡᠭᠡᠷ᠎ᠡ᠂ ᠨᠠᠮᠠᠶ᠋ᠢ ᠡᠪᠡᠳᠴᠢᠲᠡᠨ ᠤᠷᠤᠭᠤ ᠣᠴᠢᠵᠤ ᠶᠠᠪᠤᠬᠤ ᠳ᠋ᠤ᠌ ᠭᠡᠨᠡᠳᠲᠡ ᠠᠶᠤᠨ ᠵᠢᠭᠤᠲᠠᠭᠰᠠᠨ ᠬᠥᠮᠦᠰ ᠳᠠᠭᠠᠷᠢᠯᠳᠤᠯ᠎ᠠ᠃ ᠪᠢ ᠤᠴᠢᠷ ᠢ᠋ ᠰᠠᠢᠨ ᠮᠡᠳᠡᠭᠡ ᠦᠭᠡᠢ ᠪᠣᠯᠪᠠᠴᠤ ᠯᠠᠪ ᠠᠶᠤᠯᠲᠠᠢ ᠬᠡᠷᠡᠭ ᠭᠠᠷᠤᠭᠰᠠᠨ ᠢ᠋ ᠲᠠᠭᠠᠪᠤᠷᠢᠯᠠᠨ ᠲᠡᠳᠡᠨ ᠢ᠋ ᠳᠠᠭᠠᠨ ᠭᠦᠶᠦᠪᠡ᠃ ᠲᠡᠭᠡᠭᠡᠳ ᠲᠡᠷᠡ ᠵᠠᠭᠤᠷ᠎ᠠ ᠬᠥᠮᠦᠰ ᠦ᠋ᠨ ᠶᠠᠷᠢᠬᠤ ᠶ᠋ᠢ ᠰᠣᠨᠣᠰᠬᠤ ᠳ᠋ᠤ᠌᠂ ᠨᠢᠭᠡ ᠬᠥᠮᠦᠨ ᠵᠠᠬ᠎ᠠ ᠳᠡᠭᠡᠷ᠎ᠡ ᠭᠠᠮᠢᠩ ᠢ᠋ ᠡᠰᠡᠷᠭᠦᠴᠡᠭᠰᠡᠨ ᠤᠷᠢᠶ᠎ᠠ ᠪᠢᠴᠢᠭ ᠨᠠᠭᠠᠭᠰᠠᠨ ᠢ᠋ ᠭᠠᠮᠢᠩ ᠤ᠋ᠳ ᠣᠯᠵᠤ ᠦᠵᠡᠨ᠂ ᠪᠠᠬᠠᠨ ᠬᠥᠮᠦᠨ ᠢ᠋ ᠪᠠᠷᠢᠭᠰᠠᠨ ᠪᠣᠯᠤᠯᠲᠠᠢ᠃ ᠪᠠᠭᠰᠢ ᠨᠢ ᠬᠣᠶᠠᠳᠠᠬᠢ ᠤᠳᠠᠭ᠎ᠠ ᠢᠨᠢᠶᠡᠮᠰᠦᠭᠯᠡᠬᠦ ᠭᠡᠰᠡᠨ ᠢ᠋ᠶ᠋ᠡᠨ ᠪᠣᠯᠢᠭᠠᠳ ᠴᠢᠷᠠᠢ ᠪᠠᠨ ᠲᠥᠪ ᠪᠣᠯᠭᠠᠵᠤ᠄  
       — ᠲᠡᠷᠡ ᠪᠢᠴᠢᠭ ᠢ᠋ ᠴᠣᠬᠣᠮ ᠬᠡᠨ ᠨᠢ ᠨᠠᠭᠠᠭᠰᠠᠨ ᠢ᠋ ᠮᠡᠳᠡᠪᠡ ᠤᠤ?    
       — ᠶᠡᠷᠦ ᠮᠡᠳᠡᠭᠰᠡᠨ ᠦᠭᠡᠢ᠂ ᠪᠠᠭᠰᠢ ᠠ᠋!   
       — ᠵᠠ ᠲᠡᠢᠮᠦ ᠪᠠᠢᠵᠠᠢ᠃ ᠢᠩᠭᠢᠬᠦ ᠳ᠋ᠦ᠍ ᠴᠢ ᠡᠢᠮᠦᠷᠬᠦᠦ ᠬᠡᠷᠡᠭ ᠡᠴᠡ ᠪᠣᠯᠵᠤ ᠯᠠ ᠥᠭᠪᠡᠯ ᠪᠡᠶ᠎ᠡ ᠵᠠᠢᠯᠠᠵᠤ ᠪᠣᠯᠭᠣᠮᠵᠢᠯᠠᠵᠤ ᠶᠠᠪᠤᠬᠤ ᠬᠡᠷᠡᠭᠲᠡᠢ! ᠱᠠᠪᠢ ᠨᠢ᠄ 
       — ᠵᠠ ᠭᠡᠳ ᠦᠨᠡᠬᠡᠷ ᠲᠤᠭᠤᠯᠪᠤᠷᠢᠲᠤ ᠱᠠᠪᠢ ᠶ᠋ᠢᠨ ᠶᠣᠰᠣᠭᠠᠷ ᠮᠡᠬᠦᠰᠬᠢᠪᠡ᠃
       — ᠭᠡᠪᠡᠴᠦ ᠲᠡᠷᠡ ᠪᠢᠴᠢᠭ ᠢ᠋ ᠶᠠᠮᠠᠷ ᠬᠥᠮᠦᠨ ᠨᠠᠭᠠᠳᠠᠭ ᠪᠢᠯᠡ? ᠡᠭᠦᠨ ᠢ᠋ ᠴᠢ ᠣᠯᠵᠤ ᠮᠡᠳᠡᠪᠡᠯ ᠵᠦᠭᠡᠷ ᠪᠠᠢᠨ᠎ᠠ᠃   
       — ᠵᠠ ᠭᠡᠳ ᠱᠠᠪᠢ ᠳᠠᠬᠢᠨ ᠮᠡᠬᠦᠰᠬᠢᠨ ᠪᠣᠰᠪᠠ᠃ ᠭᠡᠷ ᠡᠴᠡ ᠭᠠᠷᠬᠤ ᠳ᠋ᠠᠭᠠᠨ ᠱᠠᠪᠢ ᠬᠠᠭᠠᠯᠭ᠎ᠠ ᠪᠠᠨ ᠮᠥᠨ ᠯᠡ ᠠᠶᠠᠷᠬᠠᠨ ᠨᠡᠭᠡᠭᠡᠨ ᠠᠶᠠᠷᠬᠠᠨ ᠬᠠᠭᠠᠯ᠎ᠠ᠃ ᠭᠡᠪᠡᠴᠦ ᠬᠠᠰᠢᠶᠠᠨ ᠤ᠋ ᠬᠠᠭᠠᠯᠭ᠎ᠠ ᠶ᠋ᠢ ᠳᠥᠩᠭᠡᠵᠦ ᠮᠤᠯᠲᠤᠯᠬᠤ ᠲᠠᠢ ᠵᠡᠷᠭᠡ ᠨᠢᠳᠦ ᠨᠢ ᠰᠡᠷᠭᠦᠨ᠂ ᠬᠥᠯ ᠨᠢ ᠬᠥᠩᠭᠡᠷᠡᠪᠡ᠃ ᠨᠢᠭᠡ ᠪᠦᠯᠦᠭ ᠲᠣᠭᠣᠷᠢᠭᠠᠳ ᠪᠠᠢᠳᠠᠯ ᠨᠢ ᠪᠦᠷ ᠥᠭᠡᠷᠡᠴᠢᠯᠡᠭᠳᠡᠨ ᠲᠡᠷᠲᠡᠭᠡᠬᠢ ᠭᠤᠳᠤᠮᠵᠢᠨ᠎ᠠ ᠶᠠᠪᠤᠭ᠎ᠠ ᠬᠣᠶᠠᠷ ᠯᠠᠮᠠ ᠵᠢᠭᠠᠯ ᠢ᠋ ᠬᠠᠷᠠᠨ《ᠶᠧᠶᠧ ᠡᠪᠦᠭᠡ》 ᠭᠡᠵᠦ ᠬᠠᠰᠬᠢᠷᠪᠠ᠃ ᠭᠡᠲᠡᠯ᠎ᠡ ᠪᠠᠭᠰᠢ ᠶ᠋ᠢᠨ ᠬᠢᠨᠢ ᠬᠡᠯᠡᠭᠰᠡᠨ ᠰᠡᠭᠦᠯᠴᠢ ᠶ᠋ᠢᠨ ᠦᠭᠡ ᠰᠠᠨᠠᠭᠠᠨ ᠳ᠋ᠤᠨᠢ ᠣᠷᠣᠭᠰᠠᠨ ᠠᠵᠢ᠃ ᠥᠪᠡᠷ ᠲᠦ᠋ᠨᠢ ᠴᠦ᠍ ᠮᠥᠨ ᠲᠡᠷᠡ ᠡᠰᠡᠷᠭᠦᠴᠡᠯ ᠦ᠋ᠨ ᠪᠢᠴᠢᠭ ᠢ᠋ ᠬᠡᠨ ᠨᠢ ᠨᠠᠭᠠᠭᠰᠠᠨ ᠢ᠋ ᠮᠡᠳᠡᠬᠦ ᠬᠦᠰᠡᠯ ᠴᠠᠭᠯᠠᠰᠢ ᠦᠭᠡᠢ ᠣᠷᠭᠢᠯᠪᠠ᠃ ᠲᠡᠭᠡᠭᠡᠳ ᠲᠡᠷᠡ ᠬᠦᠦ ᠵᠠᠬ᠎ᠠ ᠵᠡᠭᠡᠯᠢ ᠪᠡᠷ ᠣᠷᠣᠨ᠂ ᠠᠮᠢᠲᠠᠨ ᠤ᠋ ᠶᠠᠷᠢᠶ᠎ᠠ ᠴᠢᠩᠨᠠᠬᠤ ᠶ᠋ᠢ ᠡᠷᠡᠮᠡᠯᠵᠡᠨ ᠵᠠᠮ ᠢ᠋ᠶ᠋ᠠᠨ ᠣᠷᠬᠢᠵᠤ ᠬᠠᠵᠠᠭᠤ ᠲᠡᠢᠰᠢ ᠡᠷᠭᠢᠪᠡ᠃ ᠢᠩᠭᠢᠬᠦ ᠳ᠋ᠦ᠍ ᠠᠷᠤ ᠳ᠋ᠤᠨᠢ ᠦᠯᠡᠳᠡᠭᠰᠡᠨ ᠪᠠᠭᠰᠢ ᠨᠢ ᠴᠦ᠍ ᠥᠭᠡᠷ᠎ᠡ ᠴᠦ᠍ ᠦᠭᠡᠢ᠂ ᠱᠠᠪᠢ ᠪᠠᠨ ᠭᠠᠷᠤᠮᠠᠭᠴᠠ ᠪᠠᠢᠳᠠᠯ ᠬᠤᠪᠢᠷᠠᠨ ᠨᠢᠭᠤᠷ ᠲᠤᠨᠢ ᠢᠨᠢᠶᠡᠮᠰᠦᠭᠯᠡᠯ ᠲᠣᠳᠣᠷᠠᠪᠠ᠃ ᠨᠢᠭᠡ ᠳ᠋ᠦ᠍᠂ ᠡᠨᠡ ᠬᠥᠮᠦᠨ ᠰᠡᠳᠬᠢᠯ ᠳ᠋ᠡᠭᠡᠨ ᠡᠪᠡᠳᠴᠢᠲᠡᠨ ᠬᠥᠮᠦᠨ ᠢ᠋ ᠡᠳᠡᠭᠡᠷᠡᠨ᠎ᠡ ᠭᠡᠵᠦ ᠪᠣᠳᠣᠨ ᠪᠠᠶᠠᠷᠯᠠᠬᠤ ᠪᠣᠯᠵᠠᠢ᠃ ᠬᠣᠶᠠᠷ ᠲᠤ᠂ ᠮᠥᠨ ᠯᠡ ᠥᠨᠥᠬᠢ ᠡᠰᠡᠷᠭᠦᠴᠡᠯ ᠦ᠋ᠨ ᠪᠢᠴᠢᠭ ᠦ᠋ᠨ ᠲᠤᠬᠠᠢ ᠤᠷᠢᠳ ᠡᠮᠦᠨ᠎ᠡ ᠶ᠋ᠢᠨ ᠬᠥᠮᠦᠨ᠂ ᠤᠯᠤᠰ ᠣᠷᠣᠨ ᠤ᠋ ᠪᠠᠨ ᠲᠤᠰᠠᠭᠠᠷ ᠲᠣᠭᠲᠠᠨᠢᠯ ᠢ᠋ ᠤᠰᠠᠳᠬᠠᠭᠳᠠᠭᠰᠠᠨ ᠲᠤᠬᠠᠢ ᠳ᠋ᠤ᠌ ᠠᠷᠠᠳ ᠲᠦᠮᠡᠨ ᠢ᠋ᠶ᠋ᠡᠨ ᠭᠠᠳᠠᠭᠠᠳᠤ ᠶ᠋ᠢᠨ ᠬᠥᠮᠦᠨ ᠦ᠌ ᠭᠠᠷ ᠲᠤ ᠳᠠᠬᠢᠨ ᠬᠡᠳᠦᠨ ᠵᠠᠭᠤᠨ ᠵᠢᠯ ᠢ᠋ᠶ᠋ᠡᠷ ᠠᠳᠬᠤᠭᠳᠠᠨ ᠮᠥᠬᠥᠬᠦ ᠪᠣᠯᠪᠠ ᠭᠡᠵᠦ ᠪᠤᠬᠢᠨᠢᠳᠤᠨ ᠪᠠᠢᠭᠰᠠᠨ ᠨᠢ ᠦᠭᠡᠢᠰᠴᠦ ᠬᠠᠷᠢᠨ ᠶᠡᠬᠡ ᠲᠡᠮᠡᠴᠡᠯ ᠦ᠋ᠨ ᠵᠠᠮ ᠡᠭᠦᠰᠬᠡᠯ ᠭᠠᠷᠬᠤ ᠭᠡᠵᠦ ᠪᠠᠢᠨ᠎ᠠ ᠤᠤ? ᠭᠡᠰᠡᠨ ᠢ᠋ ᠪᠣᠳᠣᠨ ᠰᠡᠳᠬᠢᠯ ᠨᠢ ᠰᠡᠷᠭᠦᠵᠡᠢ᠃《ᠦᠭᠡᠢ ᠶᠡᠷᠦ ᠲᠡᠷᠡ ᠪᠢᠴᠢᠭ ᠢ᠋ ᠶᠠᠮᠠᠷ ᠠᠪᠤ ᠶ᠋ᠢᠨ ᠬᠦᠦ ᠨᠠᠭᠠᠪᠠ?》 ᠭᠡᠬᠦ ᠡᠴᠡ ᠵᠥᠪᠬᠡᠨ ᠰᠠᠨᠠᠭ᠎ᠠ ᠰᠡᠳᠬᠢᠯ ᠰᠡᠷᠭᠦᠭᠰᠡᠨ ᠲᠡᠳᠦᠢ ᠦᠭᠡᠢ ᠪᠡᠶ᠎ᠡ ᠬᠥᠭᠡᠷᠦᠨ ᠭᠠᠳᠠᠭᠰᠢ ᠭᠠᠷᠴᠤ ᠠᠭᠠᠷ ᠠᠮᠢᠰᠬᠤᠭᠤᠯᠤᠰᠢᠲᠠᠢ ᠪᠣᠯᠵᠠᠢ᠃ ᠡᠨᠡ ᠬᠥᠮᠦᠨ ᠭᠡᠪᠡᠯ᠄ ᠨᠢᠭᠡ ᠬᠠᠷᠠᠴᠤ ᠠᠷᠠᠳ᠃ ᠭᠡᠪᠡᠴᠦ ᠰᠠᠶᠢᠬᠠᠨ ᠮᠥᠬᠥᠭᠰᠡᠨ ᠠᠦ᠋ᠲ᠋ᠣᠨᠣᠮᠢᠲᠤ ᠮᠣᠩᠭᠣᠯ ᠤ᠋ᠨ ᠨᠢᠭᠡᠨ ᠲᠦᠰᠢᠮᠡᠯ ᠪᠥᠭᠡᠳ ᠵᠦᠭᠡᠷ ᠴᠦ᠍ ᠦᠭᠡᠢ ᠬᠦᠩ ᠵᠡᠷᠭᠡ ᠪᠡᠷ ᠱᠠᠩᠨᠠᠭᠳᠠᠭᠰᠠᠨ ᠬᠥᠮᠦᠨ ᠪᠣᠯᠬᠤ ᠲᠤᠯᠠ ᠣᠯᠠᠨ ᠳᠠᠶᠠᠭᠠᠷ ᠲᠡᠭᠦᠨ ᠢ᠋ ᠪᠠᠯᠳᠠᠨᠴᠡᠷᠢᠭ ᠬᠦᠩ ᠭᠡᠵᠦ ᠨᠡᠷᠡᠯᠡᠳᠡᠭ ᠪᠠᠢᠵᠠᠢ᠃