ᠠᠮᠠᠷᠠᠭᠬᠠᠨ ᠳᠡᠭᠦᠬᠡᠭᠡ - ᠬᠡᠰᠢᠭᠵᠢᠷᠭᠠᠯ - Hishigjargal - Amraghan Duuhee Хишигжаргал - Амрагхан Дүүхээ ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠠᠷᠠᠭᠬᠠᠨ ᠳᠡᠭᠦᠬᠡᠭᠡ - ᠬᠡᠰᠢᠭᠵᠢᠷᠭᠠᠯ - Hishigjargal - Amraghan Duuhee Хишигжаргал - Амрагхан Дүүхээ

ᠠᠮᠠᠷᠠᠭᠬᠠᠨ ᠳᠡᠭᠦᠬᠡᠭᠡ - ᠬᠡᠰᠢᠭᠵᠢᠷᠭᠠᠯ - Hishigjargal - Amraghan Duuhee Хишигжаргал - Амрагхан Дүүхээ

2025-07-06

271

ᠠᠮᠠᠷᠠᠭᠬᠠᠨ ᠳᠡᠭᠦᠭᠡᠭᠡ

   ᠦᠭᠡ᠄ ᠴ• ᠴᠣᠯᠮᠣᠨ 
   ᠠᠶ᠎ᠠ᠄ ᠮ• ᠠᠷᠢᠭᠤᠨᠲᠤᠯᠭ᠎ᠠ  
    ᠪ• ᠬᠡᠰᠢᠭᠵᠢᠷᠭᠠᠯ ᠳᠠᠭᠤᠯᠠᠨ᠎ᠠ 

ᠠᠮᠠᠷᠠᠭ ᠬᠠᠢᠷ᠎ᠠ ᠶ᠋ᠢᠨ ᠦᠭᠡᠨ ᠳ᠋ᠦ᠍ ᠨᠢ 
ᠤᠶᠠᠰᠬᠤ ᠦᠭᠡᠢ ᠭᠡᠳ ᠶᠠᠭᠠᠬᠢᠨᠠᠮ ᠪᠣᠢ 
ᠠᠯᠳᠠᠭᠤᠷᠠᠵᠤ ᠭᠦᠶᠦᠭᠰᠡᠨ ᠰᠡᠳᠬᠢᠯ ᠢ᠋  
ᠲᠣᠭᠲᠠᠭᠠᠨ᠎ᠠ ᠭᠡᠳ ᠶᠠᠭᠠᠬᠢᠨᠠᠮ ᠪᠣᠢ᠃
ᠠᠷᠠᠳ ᠤ᠋ᠨ ᠰᠠᠢᠬᠠᠨ ᠳᠠᠭᠤᠤ ᠪᠠᠨ 
ᠳᠠᠭᠤᠯᠠᠬᠤ ᠦᠭᠡᠢ ᠭᠡᠳ ᠶᠠᠭᠠᠬᠢᠨᠠᠮ ᠪᠣᠢ 
ᠠᠢ ᠳᠡᠭᠦᠭᠡᠭᠡ  ᠴᠢᠮ᠎ᠠ ᠠ᠋ᠴᠠ ᠪᠠᠨ 
ᠬᠣᠯᠠᠳᠠᠨ᠎ᠠ ᠭᠡᠳ ᠶᠠᠭᠠᠬᠢᠨᠠᠮ ᠪᠣᠢ᠃
ᠰᠢᠨ᠎ᠡ ᠶ᠋ᠢᠨ ᠰᠠᠷᠠ ᠲᠠᠢ ᠦᠳᠡᠰᠢ ᠪᠡᠷ
ᠪᠣᠯᠵᠣᠬᠤ ᠦᠭᠡᠢ ᠭᠡᠳ ᠶᠠᠭᠠᠬᠢᠨᠠᠮ ᠪᠣᠢ
ᠰᠢᠨᠡᠬᠡᠨ ᠳᠤᠷᠠᠯᠠᠯ ᠤ᠋ᠨ ᠠᠭᠠᠭᠢᠮ᠎ᠠ ᠳ᠋ᠤ᠌
ᠰᠣᠭᠲᠣᠬᠤ ᠦᠭᠡᠢ ᠭᠡᠳ ᠶᠠᠭᠠᠬᠢᠨᠠᠮ ᠪᠣᠢ᠃
ᠠᠷᠠᠳ ᠤ᠋ᠨ ᠰᠠᠢᠬᠠᠨ ᠳᠠᠭᠤᠤ ᠪᠠᠨ
ᠳᠠᠭᠤᠯᠠᠬᠤ ᠦᠭᠡᠢ ᠭᠡᠳ ᠶᠠᠭᠠᠬᠢᠨᠠᠮ ᠪᠣᠢ
ᠠᠢ ᠳᠡᠭᠦᠭᠡᠭᠡ ᠴᠢᠮ᠎ᠠ ᠠ᠋ᠴᠠ ᠪᠠᠨ
ᠬᠣᠯᠠᠳᠠᠨ᠎ᠠ ᠭᠡᠳ ᠶᠠᠭᠠᠬᠢᠨᠠᠮ ᠪᠣᠢ᠃
ᠳᠠᠭᠤᠤ ᠰᠢᠭ᠋ ᠡᠨᠡ ᠯᠡ ᠠᠮᠢᠳᠤᠷᠠᠯ ᠳ᠋ᠠᠭᠠᠨ
ᠤᠴᠠᠷᠠᠬᠤ ᠦᠭᠡᠢ ᠭᠡᠳ ᠶᠠᠭᠠᠬᠢᠨᠠᠮ ᠪᠣᠢ
ᠳᠡᠭᠦᠦᠮᠡᠳ ᠵᠢᠭᠠᠬᠠᠨ ᠴᠢᠮ᠎ᠠ ᠠ᠋ᠴᠠ ᠪᠠᠨ
ᠪᠤᠷᠤᠭᠤᠯᠠᠨ᠎ᠠ ᠭᠡᠳ ᠶᠠᠭᠠᠬᠢᠨᠠᠮ ᠪᠣᠢ᠃
ᠠᠷᠠᠳ ᠤ᠋ᠨ ᠰᠠᠢᠬᠠᠨ ᠳᠠᠭᠤᠤ ᠪᠠᠨ
ᠳᠠᠭᠤᠯᠠᠬᠤ ᠦᠭᠡᠢ ᠭᠡᠳ ᠶᠠᠭᠠᠬᠢᠨᠠᠮ ᠪᠣᠢ
ᠠᠢ ᠳᠡᠭᠦᠭᠡᠭᠡ ᠴᠢᠮ᠎ᠠ ᠠ᠋ᠴᠠ ᠪᠠᠨ
ᠬᠣᠯᠠᠳᠠᠨ᠎ᠠ ᠭᠡᠳ ᠶᠠᠭᠠᠬᠢᠨᠠᠮ ᠪᠣᠢ᠃
ᠠᠷᠠᠳ ᠤ᠋ᠨ ᠰᠠᠢᠬᠠᠨ ᠳᠠᠭᠤᠤ ᠪᠠᠨ
ᠳᠠᠭᠤᠯᠠᠬᠤ ᠦᠭᠡᠢ ᠭᠡᠳ ᠶᠠᠭᠠᠬᠢᠨᠠᠮ ᠪᠣᠢ
ᠠᠢ ᠳᠡᠭᠦᠭᠡᠭᠡ ᠴᠢᠮ᠎ᠠ ᠠ᠋ᠴᠠ ᠪᠠᠨ
ᠬᠣᠯᠠᠳᠠᠨ᠎ᠠ ᠭᠡᠳ ᠶᠠᠭᠠᠬᠢᠨᠠᠮ ᠪᠣᠢ
ᠬᠣᠯᠠᠳᠠᠨ᠎ᠠ ᠭᠡᠳ ᠶᠠᠭᠠᠬᠢᠨᠠᠮ ᠪᠣᠢ᠃

   ᠦᠰᠦᠭ ᠠᠮᠢᠯᠠᠭᠤᠯᠤᠭᠴᠢ᠄ ᠤᠤᠭᠠᠨᠵᠢᠳ 
   ᠬᠢᠨᠠᠭᠴᠢ᠄ ᠳᠠᠯᠠᠨᠲᠠᠢ