ᠬᠤᠲᠤᠭᠲᠤ ᠲᠡᠭᠦᠨᠴᠢᠯᠡᠨ ᠢᠷᠡᠭᠰᠡᠨ ᠦ᠌ ᠥᠰᠨᠢᠷ ᠡᠴᠡ ᠭᠠᠷᠤᠭᠰᠠᠨ ᠴᠠᠭᠠᠨ ᠰᠢᠬᠥᠷᠳᠠᠢ ᠪᠣᠰᠤᠤᠠ᠎ᠠ ᠦᠯᠦ ᠢᠯᠠᠭᠳᠠᠬᠤ ᠶᠡᠬᠡᠳᠡ ᠬᠠᠷᠢᠭᠤᠯᠤᠭᠴᠢ ᠬᠡᠮᠡᠬᠦ ᠣᠷᠣᠰᠢᠪᠠ ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠲᠤᠭᠲᠤ ᠲᠡᠭᠦᠨᠴᠢᠯᠡᠨ ᠢᠷᠡᠭᠰᠡᠨ ᠦ᠌ ᠥᠰᠨᠢᠷ ᠡᠴᠡ ᠭᠠᠷᠤᠭᠰᠠᠨ ᠴᠠᠭᠠᠨ ᠰᠢᠬᠥᠷᠳᠠᠢ ᠪᠣᠰᠤᠤᠠ᠎ᠠ ᠦᠯᠦ ᠢᠯᠠᠭᠳᠠᠬᠤ ᠶᠡᠬᠡᠳᠡ ᠬᠠᠷᠢᠭᠤᠯᠤᠭᠴᠢ ᠬᠡᠮᠡᠬᠦ ᠣᠷᠣᠰᠢᠪᠠ

ᠬᠤᠲᠤᠭᠲᠤ ᠲᠡᠭᠦᠨᠴᠢᠯᠡᠨ ᠢᠷᠡᠭᠰᠡᠨ ᠦ᠌ ᠥᠰᠨᠢᠷ ᠡᠴᠡ ᠭᠠᠷᠤᠭᠰᠠᠨ ᠴᠠᠭᠠᠨ ᠰᠢᠬᠥᠷᠳᠠᠢ ᠪᠣᠰᠤᠤᠠ᠎ᠠ ᠦᠯᠦ ᠢᠯᠠᠭᠳᠠᠬᠤ ᠶᠡᠬᠡᠳᠡ ᠬᠠᠷᠢᠭᠤᠯᠤᠭᠴᠢ ᠬᠡᠮᠡᠬᠦ ᠣᠷᠣᠰᠢᠪᠠ

2025-07-05

809

ᠬᠤᠲᠤᠭᠲᠤ ᠲᠡᠭᠦᠨᠴᠢᠯᠡᠨ ᠢᠷᠡᠭᠰᠡᠨ ᠦ᠌ ᠥᠰᠨᠢᠷ ᠡᠴᠡ ᠭᠠᠷᠤᠭᠰᠠᠨ ᠴᠠᠭᠠᠨ ᠰᠢᠬᠥᠷᠳᠠᠢ ᠪᠣᠰᠤᠤᠠ᠎ᠠ ᠦᠯᠦ ᠢᠯᠠᠭᠳᠠᠬᠤ ᠶᠡᠬᠡᠳᠡ ᠬᠠᠷᠢᠭᠤᠯᠤᠭᠴᠢ ᠬᠡᠮᠡᠬᠦ ᠣᠷᠣᠰᠢᠪᠠ


ᠣᠮ ᠠ ᠬᠣᠩ ᠅
ᠨᠠᠮᠤ ᠪᠣᠳ᠋ᠳ᠋ᠠᠶᠠ᠃ 
ᠨᠠᠮᠤ ᠳ᠋ᠠᠷᠮᠠᠶᠠ᠃ 
ᠨᠡᠮᠡ ᠰᠡᠩᠭᠠᠶᠠ ᠅ 
ᠡᠨᠡᠳᠬᠡᠭ ᠦ᠋ᠨ ᠬᠡᠯᠡ ᠪᠡᠷ᠃ ᠠᠷᠶᠠ ᠳ᠋ᠠᠲ᠋ᠠᠭᠠᠳᠦ ᠦᠰᠨᠢᠬ᠎ᠠ ᠰᠸᠳᠠ ᠳ᠋ᠠᠪᠠᠳ᠋ᠸᠷᠢ ᠠᠪᠠᠷᠠ ᠽᠢᠳᠠ 
ᠮᠠᠬ᠎ᠠ ᠪᠠᠷᠠᠳᠢᠩ ᠭᠢᠷᠠ ᠪᠠᠷᠠᠮᠠ ᠰᠸᠳᠳᠠ ᠨᠡᠮᠡ ᠳ᠋ᠠᠷᠠᠨᠢ ᠅ 
ᠲᠥᠪᠡᠳ ᠬᠡᠯᠡ ᠪᠡᠷ᠃  ᠫᠠᠭᠪᠠ ᠳ᠋ᠸᠪᠰᠢᠨ ᠰᠢᠭᠪᠢ ᠽᠦᠭᠳᠦᠷᠨᠠᠢ ᠵᠦᠩᠸᠢ ᠳ᠋ᠦᠭ ᠭᠠᠷᠪᠤᠵᠠᠨ ᠱᠠᠨᠵᠢ 
ᠮᠢᠲ᠋ᠦ᠋ᠪᠪᠡ ᠴᠢᠷᠳᠤᠭᠪᠠ ᠴᠢᠨᠮᠦ ᠴᠣᠭᠳᠤᠢ ᠷᠦᠪᠪᠡ ᠰᠢᠵᠡᠸᠢ ᠰᠥᠩ᠅
ᠮᠣᠩᠭᠣᠯ ᠤ᠋ᠨ ᠬᠡᠯᠡ ᠪᠡᠷ᠃ ᠬᠤᠲᠤᠭᠲᠤ ᠲᠡᠭᠦᠨᠴᠢᠯᠡᠨ ᠢᠷᠡᠭᠰᠡᠨ ᠦ᠌ ᠦᠰᠨᠢᠷ ᠡᠴᠡ ᠭᠠᠷᠤᠭᠰᠠᠨ ᠴᠠᠭᠠᠨ ᠰᠢᠬᠦᠷᠳᠠᠢ
ᠪᠣᠰᠤᠤᠡ᠎ᠡ ᠦᠯᠦ ᠢᠯᠠᠭᠳᠠᠬᠤ ᠶᠡᠬᠡᠳᠡ ᠬᠠᠷᠢᠭᠤᠯᠤᠭᠴᠢ ᠳᠡᠭᠡᠳᠦ ᠪᠦᠲᠦᠭᠰᠡᠨ ᠨᠡᠷᠡᠲᠦ ᠲᠠᠷᠨᠢ᠃ 
 
ᠬᠠᠮᠤᠭ ᠪᠤᠷᠬᠠᠨ ᠪᠣᠳᠢᠰᠠᠳ᠋ᠸ᠎ᠠ ᠬᠤᠲᠤᠭᠲᠠᠨ ᠰᠢᠷᠡᠸᠩ ᠪᠠᠷᠳᠢᠩᠭᠠᠪᠣᠳ  ᠲᠤᠷ ᠮᠥᠷᠭᠥᠮᠦ᠃ 
ᠢᠯᠠᠵᠤ ᠲᠡᠭᠦᠰ ᠨᠥᠭᠴᠢᠭᠰᠡᠨ ᠪᠣᠰᠤᠤᠡ᠎ᠡ ᠦᠯᠦ ᠢᠯᠠᠭᠳᠠᠬᠤ ᠦᠰᠨᠢᠷ  ᠦ᠋ᠨ ᠬᠠᠳᠤᠨ᠎ᠠ ᠮᠥᠷᠭᠥᠮᠦ᠃  
ᠡᠢᠨ ᠭᠡᠮᠡᠨ ᠮᠢᠨᠦ ᠰᠣᠨᠣᠰᠤᠭᠰᠠᠨ ᠨᠢᠭᠡᠨ ᠴᠠᠭ ᠲᠤᠷ᠃ᠢᠯᠠᠵᠤ ᠲᠡᠭᠦᠰ ᠨᠥᠭᠴᠢᠭᠰᠡᠨ ᠪᠤᠷᠬᠠᠨ ᠭᠤᠴᠢᠨ ᠭᠤᠷᠪᠠᠨ ᠲᠡᠭᠷᠢ ᠶ᠋ᠢᠨ ᠣᠷᠣᠨ ᠳ᠋ᠠᠬᠢ ᠰᠠᠢᠨ ᠨᠣᠮᠲᠤ ᠲᠡᠭᠷᠢᠰ ᠦ᠋ᠨ ᠴᠢᠭᠤᠯᠤᠭᠴᠢ ᠭᠠᠵᠠᠷ᠎ᠠ᠃ 
ᠠᠶᠠᠭ ᠬᠠ ᠲᠠᠬᠢᠮᠯᠢᠭ᠌ ᠤ᠋ᠨ ᠶᠡᠬᠡ ᠬᠤᠸᠠᠷᠠᠭ ᠪᠠ᠃ ᠪᠣᠳᠢᠰᠠᠳ᠋ᠸ᠎ᠠ ᠶ᠋ᠢᠨ ᠶᠡᠬᠡ ᠬᠤᠸᠠᠷᠠᠭ ᠪᠠ᠃ 
ᠲᠡᠭᠷᠢ ᠶ᠋ᠢᠨ ᠬᠠᠭᠠᠨ ᠬᠤᠷᠮᠤᠰᠲᠠ ᠯᠤᠭ᠎ᠠ ᠬᠠᠮᠲᠤ ᠰᠠᠭᠤᠨ ᠪᠥᠯᠥᠭᠡ ᠅ 
ᠲᠡᠷᠡ ᠴᠠᠭ ᠲᠤᠷ ᠢᠯᠠᠵᠤ ᠲᠡᠭᠦᠰ ᠨᠥᠭᠴᠢᠭᠰᠡᠨ ᠪᠤᠷᠬᠠᠨ ᠪᠡᠯᠡᠳᠦᠭᠰᠡᠨ ᠳᠡᠪᠢᠰᠬᠡᠷ ᠲᠣᠷ ᠰᠠᠭᠤᠵᠤ᠃ 
ᠦᠰᠨᠢᠷ ᠲᠡᠢᠨ ᠪᠥᠭᠡᠳ ᠦᠵᠡᠬᠦᠢ ᠨᠡᠷᠡᠲᠦ ᠰᠠᠮᠠᠳᠢ ᠳ᠋ᠤᠷ ᠲᠡᠭᠰᠢ ᠣᠷᠣᠪᠠᠢ᠃ 
ᠲᠡᠭᠰᠢ ᠣᠷᠣᠭᠠᠳ ᠰᠡᠴᠡ ᠢᠯᠠᠵᠤ ᠲᠡᠭᠦᠰ ᠨᠥᠭᠴᠢᠭᠰᠡᠨ ᠦ᠌ ᠦᠰᠨᠢᠷ ᠦ᠋ᠨ ᠳᠤᠮᠳᠠ ᠠ᠋ᠴᠠ ᠨᠢᠭᠤᠴᠠ ᠲᠠᠷᠨᠢᠰ ᠤ᠋ᠨ 
ᠡᠳᠡᠭᠡᠷ ᠦᠭᠡᠰ ᠭᠠᠷᠪᠠᠢ ᠅ 
ᠪᠤᠷᠬᠠᠨ ᠳ᠋ᠤᠷ ᠮᠥᠷᠭᠥᠮᠦ᠃ 
ᠨᠣᠮ ᠳ᠋ᠤᠷ ᠮᠥᠷᠭᠥᠮᠦ ᠃ 
ᠬᠤᠸᠠᠷᠠᠭ ᠲᠤᠷ ᠮᠥᠷᠭᠥᠮᠦ᠃ 
ᠦᠨᠡᠬᠡᠷ ᠲᠤᠭᠤᠯᠤᠭᠰᠠᠨ ᠳᠣᠯᠣᠭᠠᠨ ᠬᠥᠯᠳᠢ ᠲᠣᠭᠠᠲᠠᠨ ᠪᠤᠷᠬᠠᠨ᠎ᠠ ᠮᠥᠷᠭᠥᠮᠦ᠃ 
ᠪᠣᠳᠢᠰᠠᠳ᠋ᠸ᠎ᠠ ᠶ᠋ᠢᠨ ᠬᠤᠸᠠᠷᠠᠭ ᠪᠠ ᠰᠢᠷᠡᠸᠩ ᠦ᠋ᠨ ᠬᠤᠸᠠᠷᠠᠭ ᠲᠤᠷ ᠮᠥᠷᠭᠥᠮᠦ᠃
ᠮᠠᠢᠳᠠᠷᠢ ᠲᠡᠷᠢᠭᠦᠲᠡᠨ ᠬᠠᠮᠤᠭ ᠪᠣᠳᠢᠰᠠᠳ᠋ᠸ᠎ᠠ ᠮᠠᠬᠠᠰᠠᠳᠤᠨᠠᠷ᠎ᠠ ᠮᠥᠷᠭᠥᠮᠦ᠃
ᠶᠢᠷᠲᠢᠨᠴᠦ ᠳ᠋ᠡᠬᠢ ᠲᠡᠢᠨ ᠢ᠋ ᠳᠠᠷᠤᠭᠰᠠᠤᠡ᠎ᠡ ᠮᠥᠷᠭᠥᠮᠦ᠃ 
ᠦᠷᠭᠦᠯᠵᠢᠳᠡ ᠣᠷᠤᠭᠰᠠᠤᠡ᠎ᠡ ᠮᠥᠷᠭᠥᠮᠦ ᠃ 
ᠨᠢᠭᠡᠨᠲᠡ ᠬᠠᠷᠢᠨ ᠢᠷᠡᠭᠴᠢ ᠳᠠ ᠮᠥᠷᠭᠥᠮᠦ᠃ 
ᠬᠠᠷᠢᠨ ᠦᠯᠦ ᠢᠷᠡᠭᠴᠢ ᠳᠠ ᠮᠥᠷᠭᠥᠮᠦ᠃ 
ᠶᠢᠷᠲᠢᠨᠴᠦ ᠳᠡ ᠦᠨᠡᠬᠡᠷ ᠣᠳᠤᠭᠰᠠᠤᠡ᠎ᠡ ᠮᠥᠷᠭᠥᠮᠦ᠃ 
ᠦᠨᠡᠬᠡᠷ ᠣᠷᠤᠭᠰᠠᠤᠡ᠎ᠡ ᠮᠥᠷᠭᠥᠮᠦ ᠃ 
ᠲᠡᠭᠷᠢ ᠶ᠋ᠢᠨ ᠠᠷᠰᠢ ᠨᠠᠷ ᠲᠤᠷ ᠮᠥᠷᠭᠥᠮᠦ᠃ 
ᠠᠷᠸᠢᠰ ᠲᠠᠷᠨᠢ ᠪᠠᠷᠢᠭᠴᠢ ᠰᠢᠳᠢᠲᠡᠨ ᠠᠷᠰᠢ ᠲᠤᠰᠠᠯᠠᠨ ᠴᠢᠳᠠᠭᠴᠢ ᠳᠠ ᠮᠥᠷᠭᠥᠮᠦ ᠃ 
ᠠᠷᠸᠢᠰ ᠲᠠᠷᠨᠢ ᠪᠠᠷᠢᠭᠴᠢ ᠰᠢᠳᠢᠳᠡᠨ᠎ᠡ ᠮᠥᠷᠭᠥᠮᠦ᠃ 
ᠡᠰᠡᠷᠸ᠎ᠠ ᠳ᠋ᠤᠷ ᠮᠥᠷᠭᠥᠮᠦ᠃ ᠡᠷᠬᠡᠲᠦ ᠳᠡ ᠮᠥᠷᠭᠥᠮᠦ᠃ 
ᠰᠠᠢᠨ ᠲᠡᠭᠦᠰ ᠲᠣᠭᠰᠢᠨ ᠬᠠᠲᠠᠭᠤᠵᠢᠯ ᠢ᠋ ᠬᠠᠷᠢᠭᠤᠯᠤᠭᠴᠢ ᠡᠬᠡ ᠯᠦ᠍ᠭᠡ ᠰᠡᠯᠲᠡ ᠳ᠋ᠦ᠍ᠷ ᠮᠥᠷᠭᠥᠮᠦ᠃ 
ᠰᠠᠢᠨ ᠲᠡᠭᠦᠰ ᠬᠤᠷᠢᠴᠠᠯ ᠦᠭᠡᠢ ᠶ᠋ᠢᠨ ᠬᠥᠪᠡᠭᠦᠨ᠃ᠲᠠᠪᠤᠨ ᠶᠡᠬᠡ ᠮᠣᠳᠣᠷ ᠢ᠋ᠶ᠋ᠠᠷ ᠮᠥᠷᠭᠥᠭᠳᠡᠭᠰᠡᠨ᠎ᠡ ᠮᠥᠷᠭᠥᠮᠦ ᠃ 
ᠰᠠᠢᠨ ᠲᠡᠭᠦᠰ ᠶᠡᠬᠡ ᠬᠠᠷ᠎ᠠ ᠭᠤᠷᠪᠠᠨ ᠳᠠᠪᠬᠤᠷ ᠪᠠᠯᠭᠠᠰᠤᠨ ᠢ᠋ ᠡᠪᠳᠡᠨ ᠦᠬᠡᠬᠡᠷ ᠲᠣᠷ ᠠᠭᠰᠠᠳ ᠢ᠋ ᠪᠢᠰᠢᠷᠡᠭᠴᠢ᠃
ᠡᠬᠡᠨᠡᠷ ᠦ᠋ᠨ ᠴᠢᠭᠤᠯᠭᠠᠨ ᠢ᠋ᠶ᠋ᠠᠷ ᠮᠥᠷᠭᠥᠭᠳᠡᠭᠰᠡᠨ᠎ᠡ ᠮᠥᠷᠭᠥᠮᠦ ᠃ 
ᠢᠯᠠᠵᠤ ᠲᠡᠭᠦᠰ ᠨᠥᠭᠴᠢᠭᠰᠡᠨ ᠲᠡᠭᠦᠨᠴᠢᠯᠡᠨ ᠢᠷᠡᠭᠰᠡᠨ ᠦ᠌ ᠢᠵᠠᠭᠤᠷ  ᠲᠤᠷ ᠮᠥᠷᠭᠥᠮᠦ ᠃ 
ᠢᠯᠠᠵᠤ ᠲᠡᠭᠦᠰ ᠨᠥᠭᠴᠢᠭᠰᠡᠨ ᠯᠢᠩᠬᠤ᠎ᠠ ᠢᠵᠠᠭᠤᠷ ᠲᠤᠷ ᠮᠥᠷᠭᠥᠮᠦ᠃ 
ᠢᠯᠠᠵᠤ ᠲᠡᠭᠦᠰ ᠨᠥᠭᠴᠢᠭᠰᠡᠨ ᠸᠴᠢᠷ ᠢᠵᠠᠭᠤᠷ ᠲᠤᠷ ᠮᠥᠷᠭᠥᠮᠦ᠃ 
ᠢᠯᠠᠵᠤ ᠲᠡᠭᠦᠰ ᠨᠥᠭᠴᠢᠭᠰᠡᠨ ᠡᠷᠳᠡᠨᠢ ᠢᠵᠠᠭᠤᠷ ᠲᠤᠷ ᠮᠥᠷᠭᠥᠮᠦ᠃ 
ᠢᠯᠠᠵᠤ ᠲᠡᠭᠦᠰ ᠨᠥᠭᠴᠢᠭᠰᠡᠨ ᠵᠠᠭᠠᠨ ᠢᠵᠠᠭᠤᠷ ᠲᠤᠷ ᠮᠥᠷᠭᠥᠮᠦ᠃ 
ᠢᠯᠠᠵᠤ ᠲᠡᠭᠦᠰ ᠨᠥᠭᠴᠢᠭᠰᠡᠨ ᠵᠠᠯᠠᠭᠤ ᠢᠵᠠᠭᠤᠷ ᠲᠤᠷ ᠮᠥᠷᠭᠥᠮᠦ᠃ 
ᠢᠯᠠᠵᠤ ᠲᠡᠭᠦᠰ ᠨᠥᠭᠴᠢᠭᠰᠡᠨ ᠯᠤᠤᠰ ᠤ᠋ᠨ ᠢᠵᠠᠭᠤᠷ ᠲᠤᠷ ᠮᠥᠷᠭᠥᠮᠦ᠃ 
ᠢᠯᠠᠵᠤ ᠲᠡᠭᠦᠰ ᠨᠥᠭᠴᠢᠭᠰᠡᠨ ᠲᠡᠭᠦᠨᠴᠢᠯᠡᠨ ᠢᠷᠡᠭᠰᠡᠨ ᠲᠡᠢᠨ ᠢ᠋ ᠳᠠᠷᠤᠭᠰᠠᠨ ᠦᠨᠡᠬᠡᠷ ᠲᠤᠭᠤᠯᠤᠭᠰᠠᠨ 
ᠴᠢᠩ ᠪᠠᠭᠠᠲᠤᠷ ᠤ᠋ᠨ ᠠᠢᠮᠠᠭ ᠮᠡᠰᠡᠰ ᠦ᠋ᠨ ᠬᠠᠭᠠᠨ ᠪᠤᠷᠬᠠᠨ᠎ᠠ ᠮᠥᠷᠭᠥᠮᠦ᠅
ᠢᠯᠠᠵᠤ ᠲᠡᠭᠦᠰ ᠨᠥᠭᠴᠢᠭᠰᠡᠨ ᠲᠡᠭᠦᠨᠴᠢᠯᠡᠨ ᠢᠷᠡᠭᠰᠡᠨ ᠲᠡᠢᠨ ᠢ᠋ ᠳᠠᠷᠤᠭᠰᠠᠨ ᠦᠨᠡᠬᠡᠷ ᠲᠤᠭᠤᠯᠤᠭᠰᠠᠨ ᠠᠪᠢᠳᠠ ᠪᠤᠷᠬᠠᠨ᠎ᠠ ᠮᠥᠷᠭᠥᠮᠦ᠃
ᠢᠯᠠᠵᠤ ᠲᠡᠭᠦᠰ ᠨᠥᠭᠴᠢᠭᠰᠡᠨ ᠲᠡᠭᠦᠨᠴᠢᠯᠡᠨ ᠢᠷᠡᠭᠰᠡᠨ ᠲᠡᠢᠨ ᠢ᠋ ᠳᠠᠷᠤᠭᠰᠠᠨ ᠦᠨᠡᠬᠡᠷ ᠲᠤᠭᠤᠯᠤᠭᠰᠠᠨ ᠠᠭᠴᠤᠪᠢ ᠪᠤᠷᠬᠠᠨ᠎ᠠ ᠮᠥᠷᠭᠥᠮᠦ᠃
ᠢᠯᠠᠵᠤ ᠲᠡᠭᠦᠰ ᠨᠥᠭᠴᠢᠭᠰᠡᠨ ᠲᠡᠭᠦᠨᠴᠢᠯᠡᠨ ᠢᠷᠡᠭᠰᠡᠨ ᠲᠡᠢᠨ ᠢ᠋ ᠳᠠᠷᠤᠭᠰᠠᠨ ᠦᠨᠡᠬᠡᠷ ᠲᠤᠭᠤᠯᠤᠭᠰᠠᠨ ᠤᠳᠠᠴᠢᠨ ᠤ᠋ ᠳᠡᠭᠡᠳᠦ ᠪᠢᠨᠳᠡᠷᠡᠶ᠎ᠡ ᠶ᠋ᠢᠨ ᠭᠡᠷᠡᠯᠲᠦ ᠬᠠᠭᠠᠨ ᠪᠤᠷᠬᠠᠨ᠎ᠠ ᠮᠥᠷᠭᠥᠮᠦ᠃
ᠢᠯᠠᠵᠤ ᠲᠡᠭᠦᠰ ᠨᠥᠭᠴᠢᠭᠰᠡᠨ ᠲᠡᠭᠦᠨᠴᠢᠯᠡᠨ ᠢᠷᠡᠭᠰᠡᠨ ᠲᠡᠢᠨ ᠢ᠋ ᠳᠠᠷᠤᠭᠰᠠᠨ ᠦᠨᠡᠬᠡᠷ ᠲᠤᠭᠤᠯᠤᠭᠰᠠᠨ 
ᠰᠠᠯᠠ ᠮᠣᠳᠣᠨ ᠤ᠋ ᠡᠷᠬᠡᠲᠦ ᠬᠠᠮᠤᠭ᠎ᠠ ᠴᠡᠴᠡᠭ ᠳᠡᠯᠭᠡᠷᠡᠭᠰᠡᠨ ᠪᠤᠷᠬᠠᠨ᠎ᠠ ᠮᠥᠷᠭᠥᠮᠦ᠃ 
ᠢᠯᠠᠵᠤ ᠲᠡᠭᠦᠰ ᠨᠥᠭᠴᠢᠭᠰᠡᠨ ᠲᠡᠭᠦᠨᠴᠢᠯᠡᠨ ᠢᠷᠡᠭᠰᠡᠨ ᠲᠡᠢᠨ ᠢ᠋ ᠳᠠᠷᠤᠭᠰᠠᠨ 
ᠦᠨᠡᠬᠡᠷ ᠲᠤᠭᠤᠯᠤᠭᠰᠠᠨ ᠱᠠᠭᠵᠠᠮᠤᠨᠢ ᠪᠤᠷᠬᠠᠨ᠎ᠠ ᠮᠥᠷᠭᠥᠮᠦ᠃ 
ᠢᠯᠠᠵᠤ ᠲᠡᠭᠦᠰ ᠨᠥᠭᠴᠢᠭᠰᠡᠨ ᠲᠡᠭᠦᠨᠴᠢᠯᠡᠨ ᠢᠷᠡᠭᠰᠡᠨ ᠲᠡᠢᠨ ᠢ᠋ ᠳᠠᠷᠤᠭᠰᠠᠨ 
ᠦᠨᠡᠬᠡᠷ ᠲᠤᠭᠤᠯᠤᠭᠰᠠᠨ ᠡᠷᠳᠡᠨᠢ ᠶ᠋ᠢᠨ ᠣᠬᠢ ᠬᠠᠭᠠᠨ ᠪᠤᠷᠬᠠᠨ᠎ᠠ ᠮᠥᠷᠭᠥᠮᠦ᠃ 
ᠢᠯᠠᠵᠤ ᠲᠡᠭᠦᠰ ᠨᠥᠭᠴᠢᠭᠰᠡᠨ ᠲᠡᠭᠦᠨᠴᠢᠯᠡᠨ ᠢᠷᠡᠭᠰᠡᠨ ᠲᠡᠢᠨ ᠢ᠋ ᠳᠠᠷᠤᠭᠰᠠᠨ 
ᠦᠨᠡᠬᠡᠷ ᠲᠤᠭᠤᠯᠤᠭᠰᠠᠨ ᠰᠠᠮᠠᠨᠳᠠᠪᠠᠳᠠᠷᠢ ᠪᠤᠷᠬᠠᠨ᠎ᠠ ᠮᠥᠷᠭᠥᠮᠦ᠃ 
ᠢᠯᠠᠵᠤ ᠲᠡᠭᠦᠰ ᠨᠥᠭᠴᠢᠭᠰᠡᠨ ᠲᠡᠭᠦᠨᠴᠢᠯᠡᠨ ᠢᠷᠡᠭᠰᠡᠨ ᠲᠡᠢᠨ ᠢ᠋ ᠳᠠᠷᠤᠭᠰᠠᠨ 
ᠦᠨᠡᠬᠡᠷ ᠲᠤᠭᠤᠯᠤᠭᠰᠠᠨ ᠪᠢᠷᠤᠽᠠᠨᠠ ᠪᠤᠷᠬᠠᠨ᠎ᠠ ᠮᠥᠷᠭᠥᠮᠦ᠃ 
ᠢᠯᠠᠵᠤ ᠲᠡᠭᠦᠰ ᠨᠥᠭᠴᠢᠭᠰᠡᠨ ᠲᠡᠭᠦᠨᠴᠢᠯᠡᠨ ᠢᠷᠡᠭᠰᠡᠨ ᠲᠡᠢᠨ ᠢ᠋ ᠳᠠᠷᠤᠭᠰᠠᠨ 
ᠦᠨᠡᠬᠡᠷ ᠲᠤᠭᠤᠯᠤᠭᠰᠠᠨ ᠳᠡᠯᠭᠡᠷ ᠨᠢᠳᠦᠲᠦ ᠤᠳᠪᠠᠯᠠ ᠶ᠋ᠢᠨ ᠦᠨᠦᠷ ᠦ᠋ᠨ ᠣᠬᠢ ᠬᠠᠭᠠᠨ ᠪᠤᠷᠬᠠᠨ᠎ᠠ ᠮᠥᠷᠭᠥᠮᠦ᠃ 
ᠲᠡᠳᠡᠭᠡᠷ ᠲᠣᠷ ᠮᠥᠷᠭᠥᠭᠡᠳ᠃ 
ᠢᠯᠠᠵᠤ ᠲᠡᠭᠦᠰ ᠨᠥᠭᠴᠢᠭᠰᠡᠨ ᠲᠡᠭᠦᠨᠴᠢᠯᠡᠨ ᠢᠷᠡᠭᠰᠡᠨ ᠦ᠌ ᠦᠰᠨᠢᠷ ᠡᠴᠡ ᠭᠠᠷᠤᠭᠰᠠᠨ ᠴᠠᠭᠠᠨ ᠰᠢᠬᠦᠷᠳᠠᠢ 
ᠪᠣᠰᡂᠠ᠎ᠠ ᠦᠯᠦ ᠢᠯᠠᠭᠳᠠᠬᠤ᠃ ᠶᠡᠬᠡᠳᠡ ᠬᠠᠷᠢᠭᠤᠯᠤᠭᠴᠢ ᠪᠥᠭᠡᠳ ᠪᠦᠳᠢ ᠨᠠᠷ ᠤ᠋ᠨ ᠬᠠᠮᠤᠭ ᠠᠳᠠ ᠶ᠋ᠢ ᠭᠡᠰᠬᠡᠭᠴᠢ᠃ 
ᠪᠤᠰᠤᠳ ᠤ᠋ᠨ ᠬᠠᠮᠤᠭ ᠠᠷᠸᠢᠰ ᠲᠠᠷᠨᠢᠰ ᠢ᠋ ᠣᠭᠲᠣᠯᠤᠭᠴᠢ᠃ 
ᠴᠠᠭ ᠪᠤᠰᠤ ᠶ᠋ᠢᠨ ᠬᠠᠮᠤᠭ ᠦᠬᠦᠯ ᠢ᠋ ᠬᠠᠷᠢᠭᠤᠯᠤᠭᠴᠢ᠃ 
ᠠᠮᠢᠲᠠᠨ ᠢ᠋ ᠠᠯᠠᠬᠤᠢ ᠬᠢᠭᠡᠳ ᠬᠦᠯᠢᠶᠡᠰᠤᠨ ᠪᠦᠭᠦᠳᠡ ᠡᠴᠡ ᠭᠡᠲᠦᠯᠭᠡᠭᠴᠢ᠃ 
ᠣᠷᠢᠯᠠᠬᠤᠢ ᠪᠠ᠃ᠮᠠᠭᠤ ᠵᠡᠭᠦᠳᠦᠨ ᠪᠠ᠃ᠮᠠᠭᠤ ᠢᠷᠣ᠎ᠠ ᠪᠦᠭᠦᠳᠡ ᠶ᠋ᠢ ᠬᠠᠷᠢᠭᠤᠯᠤᠭᠴᠢ᠃ 
ᠶᠠᠭᠴᠠ ᠷᠠᠭᠴᠠ ᠶ᠋ᠢᠨ ᠬᠠᠮᠤᠭ ᠠᠳᠠᠰ ᠢ᠋ ᠡᠪᠳᠡᠭᠴᠢ᠃ 
ᠨᠠᠶᠠᠨ ᠳᠥᠷᠪᠡᠨ ᠮᠢᠩᠭᠠᠨ ᠲᠣᠭᠠᠲᠠᠨ ᠠᠳᠠᠰ ᠢ᠋ ᠡᠪᠳᠡᠭᠴᠢ᠃ 
ᠬᠣᠷᠢᠨ ᠨᠠᠢ᠍ᠮᠠᠨ ᠨᠠᠭᠴᠠᠳᠠᠷ  ᠢ᠋ ᠪᠠᠶᠠᠰᠬᠠᠭᠴᠢ᠃ᠨᠠᠢ᠍ᠮᠠᠨ ᠶᠡᠬᠡ ᠭᠠᠷᠠᠭ ᠢ᠋ ᠡᠪᠳᠡᠭᠴᠢ᠃
ᠬᠠᠮᠤᠭ ᠳᠠᠢᠰᠤᠨ ᠢ᠋ ᠬᠠᠷᠢᠭᠤᠯᠤᠭᠴᠢ᠃ᠥᠷᠢᠭᠦᠦ ᠪᠠ ᠣᠷᠢᠯᠠᠬᠤᠢ ᠪᠠ᠃ 
ᠮᠠᠭᠤ ᠵᠡᠭᠦᠳᠦᠨ ᠪᠦᠭᠦᠳᠡ ᠶ᠋ᠢ ᠡᠪᠳᠡᠭᠴᠢ᠃ᠬᠠᠮᠤᠭ ᠬᠣᠣᠷ᠎ᠠ ᠮᠡᠰᠡ ᠪᠠ ᠭᠠᠯ ᠤᠰᠤᠨ ᠠ᠋ᠴᠠ ᠬᠠᠷᠢᠭᠤᠯᠤᠭᠴᠢ᠃ 
ᠮᠠᠭᠤ ᠵᠠᠶᠠᠭᠠᠨ ᠤ᠋ ᠬᠠᠮᠤᠭ ᠠᠶᠤᠯ ᠠ᠋ᠴᠠ ᠭᠡᠲᠦᠯᠭᠡᠭᠴᠢ᠅ 
ᠪᠣᠰᡂᠠ᠎ᠠ ᠦᠯᠦ ᠢᠯᠠᠭᠳᠠᠬᠤ᠃ ᠶᠡᠬᠡ ᠲᠣᠭᠰᠢᠨ᠃
ᠶᠡᠬᠡ ᠬᠤᠨᠳᠤᠷ ᠶᠡᠬᠡ ᠬᠦᠴᠦᠲᠡᠢ᠃ᠶᠡᠬᠡ ᠪᠠᠳᠠᠷᠠᠭᠴᠢ ᠶᠡᠬᠡ ᠵᠢᠪᠬᠤᠯᠠᠩᠲᠠᠢ᠃ 
ᠶᠡᠬᠡ ᠴᠠᠭᠠᠨ ᠪᠠᠳᠠᠷᠠᠭᠰᠠᠨ ᠡᠷᠢᠭᠡ ᠴᠠᠭᠠᠨ ᠳᠡᠪᠡᠯ ᠲᠡᠢ᠃ 
ᠬᠤᠲᠤᠭᠲᠠᠢ ᠭᠡᠲᠦᠯᠭᠡᠭᠴᠢ ᠬᠢᠯᠢᠩ ᠠᠭᠤᠷᠢᠯᠳᠦ᠃ 
ᠢᠯᠠᠭᠤᠭᠰᠠᠨ ᠸᠴᠢᠷ ᠡᠷᠢᠭᠡ ᠭᠡᠮᠡᠨ ᠠᠯᠳᠠᠷᠰᠢᠭᠰᠠᠨ᠃
ᠯᠢᠩᠬᠤ᠎ᠠ ᠶ᠋ᠢᠨ ᠢᠯᠡ ᠪᠡᠯᠭᠡ ᠸᠴᠢᠷ ᠪᠡᠯᠭᠡᠲᠦ᠃ ᠪᠣᠰᡂᠠ᠎ᠠ ᠦᠯᠦ ᠢᠯᠠᠭᠳᠠᠬᠤ ᠡᠷᠢᠬᠡᠳᠦ᠃ 
ᠸᠴᠢᠷ ᠬᠣᠰᠢᠭᠤ ᠲᠠᠢ ᠮᠠᠰᠢ ᠦᠵᠦᠭᠦᠷᠬᠡᠭᠴᠢ᠃ ᠠᠮᠤᠷᠯᠢᠭᠰᠠᠨ ᠲᠡᠭᠷᠢᠨᠠᠷ᠎ᠠ ᠲᠠᠬᠢᠭᠳᠠᠭᠰᠠᠨ᠃ 
ᠠᠮᠤᠷᠯᠢᠭᠰᠠᠨ ᠠᠯᠲᠠᠨ ᠡᠷᠢᠬᠡᠳᠠᠢ᠃ ᠶᠡᠬᠡ ᠴᠠᠭᠠᠨ ᠪᠠᠳᠠᠷᠠᠭᠰᠠᠨ ᠴᠠᠭᠠᠨ ᠳᠡᠪᠡᠯ ᠲᠡᠢ᠃ 
ᠬᠤᠲᠤᠭᠲᠠᠢ ᠭᠡᠲᠦᠯᠭᠡᠭᠴᠢ ᠶᠡᠬᠡ ᠬᠦᠴᠦᠲᠡᠢ᠃ ᠸᠴᠢᠷ ᠥᠪᠡᠷ᠎ᠡ ᠬᠣᠯᠪᠣᠭᠠᠲᠠᠢ ᠬᠢᠭᠡᠳ ᠃ 
ᠸᠴᠢᠷ ᠵᠠᠯᠠᠭᠤ ᠤᠬᠠᠭᠠᠨ ᠢ᠋ ᠪᠠᠷᠢᠭᠴᠢ᠃ᠸᠴᠢᠷᠪᠠᠨᠢ ᠤᠬᠠᠭᠠᠨᠲᠤ ᠠᠯᠲᠠᠨ ᠡᠷᠢᠬᠡᠳᠠᠢ᠃
ᠬᠥᠰᠤᠮᠪᠠ ᠥᠩᠭᠡᠲᠦ ᠪᠠ ᠡᠷᠳᠡᠨᠢ ᠪᠠ᠃ ᠭᠡᠢᠭᠦᠯᠦᠭᠴᠢ ᠸᠴᠢᠷ ᠦᠰᠨᠢᠷᠳᠥ ᠭᠡᠮᠡᠨ ᠠᠯᠳᠠᠷᠰᠢᠭᠰᠠᠨ᠃ 
ᠮᠣᠳᠣᠷ ᠬᠢᠭᠡᠳ ᠲᠠᠷᠨᠢᠰ ᠤ᠋ᠨ ᠴᠢᠭᠤᠯᠭᠠᠨ᠃
ᠲᠡᠳᠡ ᠪᠦᠭᠦᠳᠡ ᠪᠡᠷ ᠪᠠ ᠪᠦᠷᠢᠨ ᠨᠥᠬᠥᠷ ᠯᠦ᠍ᠭᠡ ᠰᠡᠯᠲᠡ ᠪᠠ ᠬᠠᠮᠤᠭ ᠠᠮᠢᠲᠠᠨ ᠢ᠋ ᠰᠠᠬᠢᠨ ᠰᠣᠶᠣᠷᠬ᠎ᠠ ᠅ 
ᠣᠮ ᠰᠠᠷᠸᠠ ᠳ᠋ᠠᠲ᠋ᠠᠭᠠᠳᠦ ᠦᠰᠨᠢᠬ᠎ᠠ ᠰᠸᠳᠠ ᠳ᠋ᠠᠪᠠᠳ᠋ᠸᠷᠢ ᠬᠣᠩ ᠳ᠋ᠦᠷᠤᠮ ᠾᠢᠷᠢᠰᠳᠦᠮ᠃ 
ᠽᠠᠮᠪᠠᠨᠠᠭᠠᠷᠢ ᠬᠣᠩ ᠳ᠋ᠦᠷᠦᠮ ᠾᠢᠷᠢᠰᠳᠦᠮ᠃ ᠳ᠋ᠠᠮᠪᠠᠨᠠᠭᠠᠷᠢ ᠬᠣᠩ ᠳ᠋ᠦᠷᠦᠮ ᠾᠢᠷᠢᠰᠳᠦᠮ᠃ 
ᠮᠤᠬᠠᠨᠠᠭᠠᠷᠢ ᠬᠣᠩ ᠳ᠋ᠦᠷᠥᠮ ᠾᠢᠷᠢᠰᠳᠦᠮ᠃ ᠯᠠᠮᠪᠠᠨᠠᠭᠠᠷᠢ ᠬᠣᠩ ᠳ᠋ᠦᠷᠦᠮ ᠾᠢᠷᠢᠰᠳᠤᠮ᠃ 
ᠪᠠᠬᠠᠨᠠᠭᠠᠷᠢ ᠬᠣᠩ ᠳ᠋ᠦᠷᠦᠮ ᠾᠢᠷᠢᠰᠳᠤᠮ᠃ᠪᠠᠷᠠ ᠪᠢᠺᠠ ᠪᠠᠭᠴᠠᠨᠠᠭᠠᠷᠢ ᠬᠣᠩ ᠳ᠋ᠦᠷᠥᠮ ᠾᠢᠷᠢᠰᠳᠦᠮ᠃
ᠰᠠᠷᠸᠠ ᠳ᠋ᠦᠰᠳᠡ ᠪᠠᠷᠠ ᠳ᠋ᠦᠰᠳᠠᠨᠠᠮ ᠳ᠋ᠠᠮᠪᠠᠨᠠᠭᠠᠷᠢ ᠬᠣᠩ ᠳ᠋ᠦᠷᠦᠮ ᠾᠢᠷᠢᠰᠳᠦᠮ᠃ 
ᠰᠠᠷᠸᠠ ᠶᠠᠭᠴᠠ ᠷᠠᠭᠴᠠ ᠰᠠᠭᠠᠷ ᠬᠠᠨᠠᠮ ᠪᠢᠳᠤᠮᠰᠠᠨᠠᠭᠠᠷᠢ ᠬᠣᠩ ᠳ᠋ᠦᠷᠦᠮ ᠾᠢᠷᠢᠰᠳᠦᠮ᠃ 
ᠰᠠᠷᠸᠠ ᠪᠡᠷᠢ ᠪᠢᠳᠠᠶᠠ ᠽᠢᠳᠠᠨᠠᠭᠠᠷᠢ ᠬᠣᠩ ᠳ᠋ᠦᠷᠦᠮ ᠾᠢᠷᠢᠰᠳᠦᠮ᠃ 
ᠽᠠᠳ᠋ᠥ᠋ᠷ ᠰᠢᠳᠢᠨᠠᠮ ᠭᠠᠷᠬ᠎ᠠ ᠰᠠᠬ᠎ᠠ ᠰᠡᠷᠡᠨᠡᠮ ᠪᠢᠳᠤᠮᠰᠠᠨᠠᠭᠠᠷᠢ ᠬᠣᠩ ᠳ᠋ᠦᠷᠦᠮ ᠾᠢᠷᠢᠰᠳᠤᠮ᠃ 
ᠠᠰᠳᠠ ᠪᠢᠮᠱᠠᠳᠢᠨᠠᠮ ᠨᠠᠭᠴᠠ ᠳ᠋ᠠᠷᠠᠨᠠᠮ ᠪᠠᠷᠠ ᠰᠠᠳᠠᠨᠠᠭᠠᠷᠢ ᠬᠣᠩ ᠳ᠋ᠦᠷᠦᠮ ᠾᠢᠷᠢᠰᠳᠦᠮ᠃ 
ᠠᠰᠳᠠᠨᠠᠮ ᠮᠠᠬ᠎ᠠ ᠭᠠᠷᠬᠠᠨᠠᠮ ᠪᠢᠳᠤᠮᠰᠠᠨᠠᠭᠠᠷᠢ ᠬᠣᠩ ᠳ᠋ᠦᠷᠦᠮ ᠾᠢᠷᠢᠰᠳᠦᠮ ᠃ 
ᠷᠠᠭᠴᠠ ᠷᠠᠭᠴᠠ ᠮᠠᠮ ᠰᠠᠷᠸᠠ ᠰᠠᠳᠤᠮᠽᠠ ᠅ ᠢᠯᠠᠵᠤ ᠲᠡᠭᠦᠰ ᠨᠥᠭᠴᠢᠭᠰᠡᠨ ᠲᠡᠭᠦᠨᠴᠢᠯᠡᠨ 
ᠢᠷᠡᠭᠰᠡᠨ ᠦ᠌ ᠦᠰᠨᠢᠷ ᠡᠴᠡ ᠭᠠᠷᠤᠭᠰᠠᠨ ᠴᠠᠭᠠᠨ ᠰᠢᠬᠦᠷᠳᠠᠢ᠃ 
ᠸᠴᠢᠷ ᠦᠰᠨᠢᠷᠳᠦ ᠶᠡᠬᠡᠳᠡ ᠬᠠᠷᠢᠭᠤᠯᠤᠭᠴᠢ᠃ ᠶᠡᠬᠡ ᠮᠢᠩᠭᠠᠨ ᠭᠠᠷ ᠲᠠᠢ᠃ᠶᠡᠬᠡ ᠮᠢᠩᠭᠠᠨ ᠲᠡᠷᠢᠭᠦᠲᠡᠢ᠃ 
ᠶᠡᠬᠡ ᠵᠠᠭᠤᠨ ᠮᠢᠩᠭᠠᠨ ᠬᠦᠯᠳᠢ ᠨᠢᠳᠦ ᠲᠡᠢ᠃ ᠴᠤᠴᠠᠯ ᠦᠭᠡᠢ ᠪᠠᠳᠠᠷᠠᠩᠭᠤᠢ ᠴᠤᠯᠤ ᠲᠠᠢ᠃ 
ᠠᠬᠤᠢ ᠶᠡᠬᠡ ᠸᠴᠢᠷ ᠢ᠋ᠶ᠋ᠡᠷ ᠭᠤᠷᠪᠠᠨ ᠭᠠᠵᠠᠷ ᠤ᠋ᠨ ᠮᠠᠨᠳᠠᠯ ᠳ᠋ᠤᠷ ᠪᠢ ᠬᠢᠭᠡᠳ ᠬᠠᠮᠤᠭ ᠠᠮᠢᠲᠠᠨ ᠢ᠋ 
ᠰᠠᠢᠨ ᠠᠮᠤᠭᠤᠯᠠᠩ ᠪᠣᠯᠭᠠᠲᠤᠭᠠᠢ᠃ ᠮᠠᠭᠠᠳ ᠢ᠋ᠶ᠋ᠠᠷ ᠣᠮᠣᠷᠬᠠᠭᠴᠢ ᠸᠴᠢᠷᠳᠦ᠃ 
ᠭᠡᠭᠡᠨ ᠨᠢᠳᠦᠨ ᠠᠯᠲᠠᠨ ᠮᠡᠲᠦ ᠭᠡᠷᠡᠯᠲᠡᠢ᠃ ᠴᠠᠭᠠᠨ ᠡᠬᠡ ᠸᠴᠢᠷ ᠠᠯᠬᠤᠮ ᠲᠡᠭᠦᠯᠳᠡᠷ᠃ 
ᠪᠠᠳᠮ᠎ᠠ ᠶ᠋ᠢᠨ ᠨᠢᠳᠦᠨ ᠰᠠᠷᠠᠨ ᠭᠡᠷᠡᠯ ᠭᠠᠷᠤᠭᠴᠢ᠃ ᠪᠤᠷᠬᠠᠨ ᠴᠣᠭᠲᠤ ᠲᠡᠭᠦᠨᠴᠢᠯᠡᠨ ᠨᠢᠳᠦᠲᠦ᠃ 
ᠸᠴᠢᠷ ᠨᠠᠷᠠᠨ ᠭᠡᠷᠡᠯ ᠯᠦᠭᠡ ᠲᠡᠭᠦᠯᠳᠡᠷ᠃ᠲᠡᠭᠦᠨᠴᠢᠯᠡᠨ ᠰᠠᠷᠠᠨ ᠸᠴᠢᠷ ᠪᠠᠷᠢᠭᠴᠢ᠃ 
ᠠᠷᠸᠢᠰ ᠬᠢᠭᠡᠳ ᠮᠣᠳᠣᠷ ᠯᠤᠭ᠎ᠠ᠃ ᠲᠠᠷᠨᠢᠰ ᠤ᠋ᠨ ᠴᠢᠭᠤᠯᠭᠠᠨ ᠲᠡᠳᠡᠨ ᠢ᠋ᠶ᠋ᠡᠷ᠃ 
ᠪᠢ ᠬᠢᠭᠡᠳ ᠬᠠᠮᠤᠭ ᠠᠮᠢᠲᠠᠨ ᠢ᠋ ᠬᠠᠮᠤᠭ ᠠ᠋ᠴᠠ ᠰᠠᠬᠢᠨ ᠰᠣᠶᠣᠷᠬ᠎ᠠ᠅ 
ᠣᠮ ᠷᠢ ᠾᠢ ᠭᠠᠨᠠ ᠪᠠᠷᠠ ᠱᠠᠰᠳᠠ ᠰᠠᠷᠸᠠ ᠳ᠋ᠠᠲ᠋ᠠᠭᠠᠳᠦ ᠦᠰᠨᠢᠬ᠎ᠠ ᠰᠸᠳᠠ ᠳ᠋ᠠᠪᠠᠳ᠋ᠸᠷᠢ ᠬᠣᠩ ᠳ᠋ᠦᠷᠦᠮ᠃ 
ᠽᠠᠮᠪᠠᠨᠠᠭᠠᠷᠢ ᠬᠣᠩ ᠳ᠋ᠦᠷᠦᠮ᠃ ᠳ᠋ᠠᠮᠪᠠᠨᠠᠭᠠᠷᠢ ᠬᠣᠩ ᠳ᠋ᠦᠷᠦᠮ᠃ ᠮᠠᠬ᠎ᠠ ᠪᠢᠳᠠᠶᠠ ᠰᠠᠮ ᠪᠠᠭᠴᠠᠨᠠᠭᠠᠷᠢ ᠬᠣᠩ ᠳ᠋ᠦᠷᠦᠮ᠃ 
ᠪᠠᠷᠠ ᠪᠢᠳᠠᠶᠠ ᠰᠠᠮ ᠪᠠᠭᠴᠠᠨᠠᠭᠠᠷᠢ ᠬᠣᠩ ᠳ᠋ᠦᠷᠦᠮ᠃ ᠰᠠᠷᠸᠠ ᠳ᠋ᠦᠰᠳᠠᠨᠠᠮ ᠳ᠋ᠠᠮᠪᠠᠨᠠᠭᠠᠷᠢ ᠬᠣᠩ ᠳ᠋ᠦᠷᠦᠮ᠃ 
ᠰᠠᠷᠸᠠ ᠶᠠᠭᠴᠠ ᠷᠠᠭᠴᠠ ᠰᠠᠭᠠᠷ ᠬᠠᠨᠠᠮ ᠪᠢᠳᠦᠮᠰᠠᠨᠠᠭᠠᠷᠢ ᠬᠣᠩ ᠳ᠋ᠦᠷᠦᠮ᠃ 
ᠽᠡᠳ᠋ᠦ᠋ᠷᠰᠢᠳᠢᠨᠠᠮ ᠭᠠᠷᠬ᠎ᠠ ᠰᠠᠬ᠎ᠠ ᠰᠡᠷᠡᠨᠡᠮ ᠪᠢᠳᠤᠮᠰᠠᠨᠠᠭᠠᠷᠢ ᠬᠣᠩ ᠳ᠋ᠦᠷᠦᠮ᠃ 
ᠠᠰᠳᠠ ᠪᠢᠮᠱᠠᠳᠢᠨᠠᠮ ᠨᠠᠭᠴᠠ ᠳ᠋ᠠᠷᠠᠨᠠᠮ ᠪᠠᠷᠠ ᠰᠠᠳᠠᠨᠠᠭᠠᠷᠢ ᠬᠣᠩ ᠳ᠋ᠦᠷᠦᠮ᠃ 
ᠠᠰᠳᠠᠨᠠᠮ ᠮᠠᠬ᠎ᠠ ᠭᠠᠷᠬᠠᠨᠠᠮ ᠪᠢᠳᠤᠮᠰᠠᠨᠠᠭᠠᠷᠢ ᠬᠣᠩ ᠳ᠋ᠦᠷᠦᠮ᠃ 
ᠬᠣᠩ ᠬᠣᠩ ᠫᠠᠳ ᠫᠠᠳ ᠷᠠᠭᠴᠠ ᠷᠠᠭᠴᠠ ᠮᠠᠮ ᠰᠤᠤᠬ᠎ᠠ ᠅ 
ᠢᠯᠠᠵᠤ ᠲᠡᠭᠦᠰ ᠨᠥᠭᠴᠢᠭᠰᠡᠨ ᠲᠡᠭᠦᠨᠴᠢᠯᠡᠨ ᠢᠷᠡᠭᠰᠡᠨ ᠦ᠌ ᠦᠰᠨᠢᠷ ᠡᠴᠡ ᠭᠠᠷᠤᠭᠰᠠᠨ ᠴᠠᠭᠠᠨ ᠰᠢᠬᠦᠷᠳᠠᠢ 
ᠸᠴᠢᠷ ᠦᠰᠨᠢᠷᠳᠦ ᠶᠡᠬᠡᠳᠡ ᠬᠠᠷᠢᠭᠤᠯᠤᠭᠴᠢ᠃ᠶᠡᠬᠡ ᠮᠢᠩᠭᠠᠨ ᠭᠠᠷ ᠲᠠᠢ᠃ 
ᠶᠡᠬᠡ ᠮᠢᠩᠭᠠᠨ ᠲᠡᠷᠢᠭᠦᠲᠡᠢ᠃ ᠶᠡᠬᠡ ᠵᠠᠭᠤᠨ ᠮᠢᠩᠭᠠᠨ ᠬᠦᠯᠳᠢ ᠨᠢᠳᠦ ᠲᠡᠢ᠃ 
ᠴᠤᠴᠠᠯ ᠦᠭᠡᠢ ᠪᠠᠳᠠᠷᠠᠩᠭᠤᠢ ᠴᠣᠯᠤᠳᠠᠢ᠃ᠠᠬᠤᠢ ᠶᠡᠬᠡ ᠸᠴᠢᠷ ᠢ᠋ᠶ᠋ᠡᠷ ᠭᠤᠷᠪᠠᠨ ᠭᠠᠵᠠᠷ ᠤ᠋ᠨ ᠮᠠᠨᠳᠠᠯ ᠳ᠋ᠤᠷ᠃ 
ᠪᠢ ᠬᠢᠭᠡᠳ ᠬᠠᠮᠤᠭ ᠠᠮᠢᠲᠠᠨ ᠢ᠋᠃ ᠬᠠᠭᠠᠨ ᠤ᠋ ᠠᠶᠤᠯ᠃ ᠬᠤᠯᠠᠭᠠᠢ ᠶ᠋ᠢᠨ ᠠᠶᠤᠯ᠃
ᠭᠠᠯ ᠤ᠋ᠨ ᠠᠶᠤᠯ᠃ᠤᠰᠤᠨ ᠤ᠋ ᠠᠶᠤᠯ᠃ᠬᠣᠣᠷ᠎ᠠ ᠶ᠋ᠢᠨ ᠠᠶᠤᠯ᠃ ᠮᠡᠰᠡ ᠶ᠋ᠢᠨ ᠠᠶᠤᠯ᠃
ᠴᠢᠨᠠᠳᠤᠰ ᠤ᠋ᠨ ᠴᠡᠷᠢᠭ ᠦ᠋ᠨ ᠴᠢᠭᠤᠯᠭᠠᠨ ᠤ᠋ ᠠᠶᠤᠯ᠃ᠵᠤᠳ ᠤ᠋ᠨ ᠠᠶᠤᠯ᠃ᠳᠠᠢᠰᠤᠨ ᠤ᠋ ᠠᠶᠤᠯ᠃
ᠠᠶᠤᠩᠭ᠎ᠠ ᠪᠠᠭᠤᠬᠤ ᠶ᠋ᠢᠨ ᠠᠶᠤᠯ᠃ ᠴᠠᠭ ᠪᠤᠰᠤ ᠶ᠋ᠢᠨ ᠦᠬᠦᠯ ᠦ᠋ᠨ ᠠᠶᠤᠯ᠃ 
ᠭᠠᠵᠠᠷ ᠬᠥᠳᠡᠯᠭᠦᠢ ᠶ᠋ᠢᠨ ᠠᠶᠤᠯ᠃ᠣᠳᠣᠨ ᠰᠤᠮᠤᠨ ᠤᠨᠠᠬᠤ ᠶ᠋ᠢᠨ ᠠᠶᠤᠯ᠃ 
ᠬᠠᠭᠠᠨ ᠤ᠋ ᠵᠠᠰᠠᠭ ᠤ᠋ᠨ ᠠᠶᠤᠯ᠃ ᠲᠡᠭᠷᠢ ᠶ᠋ᠢᠨ ᠠᠶᠤᠯ᠃ ᠯᠤᠤᠰ ᠤ᠋ᠨ ᠠᠶᠤᠯ᠃ 
ᠭᠢᠯᠪᠡᠯᠭᠡᠨ ᠦ᠌ ᠠᠶᠤᠯ᠃ ᠭᠠᠷᠤᠳᠢ ᠶ᠋ᠢᠨ ᠠᠶᠤᠯ᠃ ᠬᠢᠯᠢᠩᠲᠦ ᠠᠷᠢᠶᠠᠲᠠᠨ ᠤ᠋ ᠠᠶᠤᠯ ᠪᠠ᠃ 
ᠲᠡᠭᠷᠢ ᠶ᠋ᠢᠨ ᠠᠳᠠ᠃ ᠯᠤᠤᠰ ᠤ᠋ᠨ ᠠᠳᠠ᠃ ᠠᠰᠤᠷᠢ ᠶ᠋ᠢᠨ ᠠᠳᠠ᠃ 
ᠬᠡᠢ ᠲᠡᠭᠷᠢ ᠶ᠋ᠢᠨ ᠠᠳᠠ᠃ᠭᠠᠷᠤᠳᠢ ᠶ᠋ᠢᠨ ᠠᠳᠠ᠃ᠭᠠᠨᠳᠠᠷᠢ ᠶ᠋ᠢᠨ ᠠᠳᠠ᠃ 
ᠭᠢᠨᠠᠷᠢ ᠶ᠋ᠢᠨ ᠠᠳᠠ᠃ ᠮᠠᠬᠤᠷᠠᠬᠢ ᠶ᠋ᠢᠨ ᠠᠳᠠ᠃ ᠶᠠᠭᠴᠠ ᠶ᠋ᠢᠨ ᠠᠳᠠ᠃ ᠷᠠᠭᠴᠠ ᠶ᠋ᠢᠨ ᠠᠳᠠ᠃
ᠪᠢᠷᠢᠳ ᠦ᠋ᠨ ᠠᠳᠠ᠃ ᠪᠢᠱᠠᠽᠢ ᠶ᠋ᠢᠨ ᠠᠳᠠ᠃ ᠪᠦᠳᠢ ᠶ᠋ᠢᠨ ᠠᠳᠠ᠃ ᠬᠦᠮᠪᠡᠨᠳᠢ ᠶ᠋ᠢᠨ ᠠᠳᠠ᠃
ᠪᠦᠲᠡᠨᠢ ᠶ᠋ᠢᠨ ᠠᠳᠠ᠃ᠭᠠᠳᠠᠪᠥ᠋ᠳᠠᠨᠢ ᠶ᠋ᠢᠨ ᠠᠳᠠ ᠃ ᠰᠠᠭᠠᠨᠳᠢ ᠶ᠋ᠢᠨ ᠠᠳᠠ᠃ 
ᠣᠳᠮᠠᠳᠢ ᠶ᠋ᠢᠨ ᠠᠳᠠ᠃ ᠽᠠᠶ᠎ᠠ ᠶ᠋ᠢᠨ ᠠᠳᠠ᠃ ᠠᠪᠰᠮᠠᠷᠢ ᠶ᠋ᠢᠨ ᠠᠳᠠ᠃ ᠤᠰᠳᠠᠷᠠᠬᠢ ᠶ᠋ᠢᠨ ᠠᠳᠠ᠃
ᠷᠠᠭᠢᠨᠢ ᠶ᠋ᠢᠨ ᠠᠳᠠ᠃ ᠷᠢᠸᠠᠳᠢ ᠶ᠋ᠢᠨ ᠠᠳᠠ᠃ ᠡᠷᠯᠢᠭ ᠦ᠋ᠨ ᠠᠳᠠ᠃ ᠱᠠᠭᠦᠨᠢ ᠶ᠋ᠢᠨ ᠠᠳᠠ᠃
ᠡᠬᠡᠨᠡᠷ ᠢ᠋ ᠪᠠᠶᠠᠰᠬᠠᠭᠴᠢ ᠶ᠋ᠢᠨ ᠠᠳᠠ᠃ ᠪᠦᠭᠦᠳᠡ ᠳᠡ ᠶᠠᠪᠤᠭᠴᠢ ᠶ᠋ᠢᠨ ᠠᠳᠠ᠃
ᠠᠯᠠᠮᠪᠠᠬᠢ ᠶ᠋ᠢᠨ ᠠᠳᠠᠰ᠃ ᠭᠠᠳᠠᠨᠳᠠᠨᠢ ᠶ᠋ᠢᠨ ᠠᠳᠠᠰ ᠠ᠋ᠴᠠ ᠨᠠᠮᠠᠶ᠋ᠢ ᠰᠠᠢᠨ ᠠᠮᠤᠭᠤᠯᠠᠩ ᠪᠣᠯᠭᠠᠲᠤᠭᠠᠢ ᠅ 
ᠥᠩᠭᠡ ᠢᠳᠡᠭᠴᠢᠨ᠃ᠤᠮᠠᠢ ᠢᠳᠡᠭᠴᠢᠨ᠃ ᠴᠢᠰᠤᠨ ᠤᠤᠭᠤᠭᠴᠢᠨ᠃ ᠬᠣᠷᠢᠭᠤ ᠲᠣᠰᠣᠨ ᠢᠳᠡᠭᠴᠢᠨ᠃ 
ᠮᠢᠬ᠎ᠠ ᠢᠳᠡᠭᠴᠢᠨ᠃ ᠥᠭᠡᠬᠦᠨ ᠢᠳᠡᠭᠴᠢᠨ᠃ ᠴᠢᠮᠥᠭᠡ ᠢᠳᠡᠭᠴᠢᠨ᠃ ᠨᠢᠷᠠᠢ ᠢᠳᠡᠭᠴᠢᠨ᠃ 
ᠠᠮᠢᠨ ᠪᠣᠯᠢᠶᠠᠭᠴᠢᠨ᠃ ᠪᠥᠭᠡᠯᠵᠢᠰᠦᠨ ᠢᠳᠡᠭᠴᠢᠨ᠃ᠪᠠᠭᠠᠰᠤᠨ ᠢᠳᠡᠭᠴᠢᠨ᠃ ᠰᠢᠭᠡᠰᠦᠨ ᠤᠤᠭᠤᠭᠴᠢᠨ᠃ 
ᠪᠤᠷᠲᠠᠭ ᠰᠤᠪᠠᠭ ᠤ᠋ᠨ ᠤᠷᠤᠰᠬᠠᠯ ᠤᠤᠭᠤᠭᠴᠢᠨ᠃ ᠦᠯᠡᠭᠰᠡᠨ ᠢ᠋ ᠢᠳᠡᠭᠴᠢᠨ᠃ ᠰᠢᠯᠦᠰᠦᠨ ᠤᠤᠭᠤᠭᠴᠢᠨ᠃
ᠨᠢᠰᠦᠨ ᠢᠳᠡᠭᠴᠢᠨ᠃ᠴᠠᠷ ᠢᠳᠡᠭᠴᠢᠨ᠃ᠪᠤᠷᠲᠠᠭ ᠢᠳᠡᠭᠴᠢᠨ᠃ ᠪᠠᠯᠢᠩ ᠢᠳᠡᠭᠴᠢᠨ᠃ 
ᠡᠷᠢᠭᠡ ᠢᠳᠡᠭᠴᠢᠨ᠃ ᠬᠦᠵᠢ ᠢᠳᠡᠭᠴᠢᠨ᠃ ᠰᠡᠳᠬᠢᠯ ᠪᠣᠯᠢᠶᠠᠭᠴᠢᠨ᠃ ᠴᠡᠴᠡᠭ ᠢᠳᠡᠭᠴᠢᠨ᠃
ᠦᠷ᠎ᠡ ᠢᠳᠡᠭᠴᠢᠨ᠃ ᠲᠠᠷᠢᠶᠠᠨ ᠢᠳᠡᠭᠴᠢᠨ᠃ ᠲᠦᠯᠡᠰᠢ ᠢᠳᠡᠭᠴᠢᠨ ᠦ᠌ ᠠᠳᠠᠰ ᠠ᠋ᠴᠠ ᠨᠠᠮᠠᠶ᠋ᠢ  ᠰᠠᠬᠢᠲᠤᠭᠠᠢ ᠅
ᠲᠡᠳᠡ ᠪᠦᠭᠦᠳᠡ ᠶ᠋ᠢᠨ ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃ 
ᠭᠠᠳᠠᠰᠤᠨ ᠢ᠋ᠶ᠋ᠠᠷ ᠬᠠᠳᠠᠮᠤᠢ᠃ ᠪᠦᠭᠦᠳᠡ ᠳᠡ ᠭᠦᠶᠦᠭᠴᠢ ᠶ᠋ᠢᠨ ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃
ᠭᠠᠳᠠᠰᠤᠨ ᠢ᠋ᠶ᠋ᠠᠷ ᠬᠠᠳᠠᠮᠤᠢ᠃ ᠷᠠᠬᠢᠨᠢ ᠶ᠋ᠢᠨ ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃ 
ᠭᠠᠳᠠᠰᠤᠨ ᠢ᠋ᠶ᠋ᠠᠷ ᠬᠠᠳᠠᠮᠤᠢ᠃ᠮᠡᠬᠡᠰᠥᠸᠠᠷᠢ ᠶ᠋ᠢᠨ ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃ 
ᠭᠠᠳᠠᠰᠤᠨ ᠢ᠋ᠶ᠋ᠠᠷ ᠬᠠᠳᠠᠮᠤᠢ᠃ ᠠᠷᠠᠸᠠᠨᠢ ᠶ᠋ᠢᠨ ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃ 
ᠭᠠᠳᠠᠰᠤᠨ ᠢ᠋ᠶ᠋ᠠᠷ ᠬᠠᠳᠠᠮᠤᠢ᠃ᠭᠠᠷᠤᠳᠢ ᠯᠤᠭ᠎ᠠ ᠬᠠᠮᠲᠤ ᠨᠢᠭᠡᠨ ᠦ᠌ ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃ 
ᠭᠠᠳᠠᠰᠤᠨ ᠢ᠋ᠶ᠋ᠠᠷ ᠬᠠᠳᠠᠮᠤᠢ᠃ ᠶᠡᠬᠡ ᠬᠠᠷ᠎ᠠ ᠶ᠋ᠢᠨ ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃
ᠭᠠᠳᠠᠰᠤᠨ ᠢ᠋ᠶ᠋ᠠᠷ ᠬᠠᠳᠠᠮᠤᠢ᠃ᠡᠬᠡᠨᠡᠷ ᠦ᠋ᠨ ᠴᠢᠭᠤᠯᠭᠠᠨ ᠤ᠋ ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃ 
ᠭᠠᠳᠠᠰᠤᠨ ᠢ᠋ᠶ᠋ᠠᠷ ᠬᠠᠳᠠᠮᠤᠢ᠃ᠬᠥᠮᠦᠨ ᠭᠠᠪᠠᠯᠠᠳᠦ ᠶ᠋ᠢᠨ ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃ 
ᠭᠠᠳᠠᠰᠤᠨ ᠢ᠋ᠶ᠋ᠠᠷ ᠬᠠᠳᠠᠮᠤᠢ᠃ ᠽᠠᠶᠠ ᠭᠠᠷᠤ ᠮᠠᠲ᠋ᠤ ᠭᠠᠷᠤ ᠬᠢᠭᠡᠳ ᠬᠠᠮᠤᠭ ᠲᠤᠰᠠ ᠪᠦᠲᠦᠭᠡᠭᠴᠢ ᠶ᠋ᠢᠨ 
ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃ 
ᠭᠠᠳᠠᠰᠤᠨ ᠢ᠋ᠶ᠋ᠠᠷ ᠬᠠᠳᠠᠮᠤᠢ᠃ᠳᠥᠷᠪᠡᠨ ᠥᠬᠢᠨ ᠳᠡᠭᠦᠦ ᠨᠠᠷ ᠤ᠋ᠨ ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃ 
ᠭᠠᠳᠠᠰᠤᠨ ᠢ᠋ᠶ᠋ᠠᠷ ᠬᠠᠳᠠᠮᠤᠢ᠃ ᠪᠢᠷᠢᠩᠭᠢᠷᠢᠳᠢ ᠬᠢᠭᠡᠳ ᠪᠠᠶᠠᠰᠬᠠᠭᠴᠢ ᠡᠷᠬᠡᠲᠦ ᠪᠠ᠃
ᠭᠠᠨᠠᠪᠠᠳᠢ ᠯᠤᠭ᠎ᠠ ᠬᠠᠮᠲᠤ ᠨᠢᠭᠡᠨ ᠦ᠌ ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃ 
ᠭᠠᠳᠠᠰᠤᠨ ᠢ᠋ᠶ᠋ᠠᠷ ᠬᠠᠳᠠᠮᠤᠢ᠃(ᠨᠢᠴᠦᠭᠦᠨ ᠰᠢᠷᠮᠠᠨᠢ ) ᠶ᠋ᠢᠨ ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃ 
ᠭᠠᠳᠠᠰᠤᠨ ᠢ᠋ᠶ᠋ᠠᠷ ᠬᠠᠳᠠᠮᠤᠢ᠃ᠬᠢᠷᠭᠠᠭᠰᠠᠨ ᠰᠢᠷᠮᠠᠨᠢ ᠶ᠋ᠢᠨ ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃ 
ᠭᠠᠳᠠᠰᠤᠨ ᠢ᠋ᠶ᠋ᠠᠷ ᠬᠠᠳᠠᠮᠤᠢ᠃ᠲᠡᠢᠨ ᠢ᠋ ᠳᠠᠷᠤᠭᠰᠠᠨ ᠤ᠋ ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃ 
ᠭᠠᠳᠠᠰᠤᠨ ᠢ᠋ᠶ᠋ᠠᠷ ᠬᠠᠳᠠᠮᠤᠢ᠃ᠲᠠᠴᠢᠶᠠᠩᠭᠤᠢ ᠠ᠋ᠴᠠ ᠬᠠᠭᠠᠴᠠᠭᠰᠠᠨ ᠤ᠋ ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃ 
ᠭᠠᠳᠠᠰᠤᠨ ᠢ᠋ᠶ᠋ᠠᠷ ᠬᠠᠳᠠᠮᠤᠢ᠃ᠶᠢᠷᠲᠢᠨᠴᠦ ᠶ᠋ᠢᠨ ᠡᠷᠬᠡᠲᠦ ᠨᠥᠬᠥᠳ ᠰᠡᠯᠲᠡ ᠶ᠋ᠢᠨ ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃ 
ᠭᠠᠳᠠᠰᠤᠨ ᠢ᠋ᠶ᠋ᠠᠷ ᠬᠠᠳᠠᠮᠤᠢ᠃ ᠭᠠᠷ ᠲᠠᠭᠠᠨ ᠸᠴᠢᠷᠳᠦ ᠨᠥᠬᠥᠳ ᠰᠡᠯᠲᠡ ᠶ᠋ᠢᠨ ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃ 
ᠭᠠᠳᠠᠰᠤᠨ ᠢ᠋ᠶ᠋ᠠᠷ ᠬᠠᠳᠠᠮᠤᠢ᠃ᠡᠷ᠎ᠡ ᠡᠮ᠎ᠡ ᠵᠠᠷᠤᠳᠠᠰᠤᠨ ᠬᠢᠭᠡᠳ ᠪᠣᠭᠣᠯ ᠰᠢᠪᠡᠭᠴᠢᠨ ᠦ᠌ ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃ 
ᠭᠠᠳᠠᠰᠤᠨ ᠢ᠋ᠶ᠋ᠠᠷ ᠬᠠᠳᠠᠮᠤᠢ᠃ ᠠᠷᠰᠢ ᠶ᠋ᠢᠨ ᠬᠠᠮᠤᠭ ᠴᠢᠭᠤᠯᠭᠠᠨ ᠤ᠋ ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃ 
ᠭᠠᠳᠠᠰᠤᠨ ᠢ᠋ᠶ᠋ᠠᠷ ᠬᠠᠳᠠᠮᠤᠢ᠃ ᠲᠡᠭᠷᠢ ᠶ᠋ᠢᠨ ᠬᠠᠮᠤᠭ ᠴᠢᠭᠤᠯᠭᠠᠨ ᠤ᠋ ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃ 
ᠭᠠᠳᠠᠰᠤᠨ ᠢ᠋ᠶ᠋ᠠᠷ ᠬᠠᠳᠠᠮᠤᠢ᠃ ᠦᠯᠦ ᠵᠣᠬᠢᠬᠤᠢ ᠶ᠋ᠢ ᠢᠳᠡᠭᠴᠢᠨ ᠦ᠌ ᠦᠢᠯᠡᠳᠦᠭᠰᠡᠨ ᠠᠷᠸᠢᠰ ᠲᠠᠷᠨᠢ ᠶ᠋ᠢ ᠣᠭᠲᠣᠯᠤᠮᠤᠢ᠃ 
ᠭᠠᠳᠠᠰᠤᠨ ᠢ᠋ᠶ᠋ᠠᠷ ᠬᠠᠳᠠᠮᠤᠢ᠃ᠢᠯᠠᠵᠤ ᠲᠡᠭᠦᠰ ᠨᠥᠭᠴᠢᠭᠰᠡᠨ ᠲᠡᠭᠦᠨᠴᠢᠯᠡᠨ ᠢᠷᠡᠭᠰᠡᠨ ᠦ᠌ ᠦᠰᠨᠢᠷ ᠡᠴᠡ ᠭᠠᠷᠤᠭᠰᠠᠨ 
ᠴᠠᠭᠠᠨ ᠰᠢᠬᠦᠷᠳᠠᠢ᠃ ᠬᠠᠮᠤᠭ ᠪᠤᠷᠬᠠᠨ ᠪᠣᠳᠢᠰᠠᠳ᠋ᠸ᠎ᠠ ᠨᠠᠷ ᠢ᠋ᠶ᠋ᠠᠷ ᠮᠥᠷᠭᠥᠭᠳᠡᠭᠰᠡᠨ᠎ᠡ ᠮᠥᠷᠭᠥᠮᠦ᠃ 
ᠪᠢ ᠬᠢᠭᠡᠳ ᠬᠠᠮᠤᠭ ᠠᠮᠢᠲᠠᠨ ᠢ᠋ ᠰᠠᠬᠢᠨ ᠰᠣᠶᠣᠷᠬ᠎ᠠ᠃ ᠰᠠᠬᠢᠨ ᠰᠣᠶᠣᠷᠬ᠎ᠠ ᠅ 
ᠣᠮ ᠠᠰᠸᠳᠠ ᠠᠨᠠ ᠯᠠᠷᠭ᠎ᠠ ᠪᠠᠷᠠᠪᠠ ᠫᠦ ᠳᠡ ᠪᠢᠺᠠ ᠰᠸᠳᠠ ᠳ᠋ᠠᠪᠠᠳᠸᠷᠢ᠃ ᠣᠮ ᠽᠤᠯᠠ ᠽᠤᠯᠠ᠃ 
ᠺᠠᠳᠠ ᠺᠠᠳᠠ᠃ᠬᠠᠨᠠ ᠬᠠᠨᠠ᠃ ᠳ᠋ᠠᠬ᠎ᠠ ᠳ᠋ᠠᠬ᠎ᠠ᠃ ᠳ᠋ᠠᠷᠠ ᠳ᠋ᠠᠷᠠ᠃ ᠪᠢᠳᠠᠷᠠ ᠪᠢᠳᠠᠷᠠ᠃ᠼᠢᠨᠳᠠ ᠼᠢᠨᠳᠠ᠃ 
ᠪᠢᠨᠲᠠ ᠪᠢᠨᠲᠠ᠃ ᠬᠣᠩ ᠬᠣᠩ ᠫᠠᠳ ᠫᠠᠳ ᠰᠤᠤᠬ᠎ᠠ ᠅ ᠵᠢᠷᠦᠬᠡᠨ ᠪᠣᠯᠠᠢ᠃ ᠾᠢ ᠾᠢ ᠫᠠᠳ᠃ 
ᠬᠣᠣ ᠬᠣᠣ ᠫᠠᠳ᠃ ᠠᠮᠤᠭᠠᠶᠠ ᠫᠠᠳ᠃ ᠠᠪᠠᠷ ᠳ᠋ᠢᠬᠠᠳᠠᠶᠠ ᠫᠠᠳ᠃ ᠪᠠᠷᠠᠳᠠᠶᠠ ᠫᠠᠳ᠃ ᠪᠠᠷᠠ ᠪᠠᠷᠠᠳᠠᠶᠠ ᠫᠠᠳ᠃ ᠪᠠᠷᠠᠳᠢᠩ ᠬᠢᠷᠠᠳᠠᠶᠠ ᠫᠠᠳ᠃ ᠠᠰᠥ᠋ᠷᠠ ᠪᠢᠳᠠᠷᠠ ᠪᠠᠨᠠᠭᠠᠷᠠᠶᠠ ᠫᠠᠳ᠃ 
ᠪᠠᠷᠠ ᠪᠢᠳᠠᠷᠠ ᠪᠠᠨᠠᠭᠠᠷᠠᠶᠠ ᠫᠠᠳ᠃ᠰᠠᠷᠸᠠ ᠳ᠋ᠢᠸᠢ ᠪᠠᠶᠠ ᠫᠠᠳ᠃ ᠰᠠᠷᠸᠠ ᠨᠠᠬᠢ ᠪᠠᠶᠠ ᠫᠠᠳ᠃ 
ᠰᠠᠷᠸᠠ ᠷᠠᠭᠴᠠᠰᠸᠢ ᠪᠠᠶᠠ ᠫᠠᠳ᠃ ᠰᠠᠷᠸᠠ ᠪᠦᠳᠢ ᠪᠠᠶᠠ ᠫᠠᠳ᠃ ᠰᠠᠷᠸᠠ ᠪᠢᠷᠳᠢ ᠪᠠᠶᠠ ᠫᠠᠳ᠃ 
ᠰᠠᠷᠸᠠ ᠪᠢᠱᠠᠽᠸ ᠪᠠᠶᠠ ᠫᠠᠳ᠃ ᠰᠠᠷᠸᠠ ᠭᠦᠮᠪᠠᠨᠳᠢ ᠪᠠᠶᠠ ᠫᠠᠳ᠃ ᠰᠠᠷᠸᠠ ᠪᠦᠲᠡᠨᠢ ᠪᠠᠶᠠ ᠫᠠᠳ᠃ 
ᠰᠠᠷᠸᠠ ᠭᠠᠳᠠ ᠪᠦᠲᠡᠨᠢ ᠪᠠᠶᠠ ᠫᠠᠳ᠃ᠰᠠᠷᠸᠠ ᠭᠠᠨᠳᠢ ᠪᠠᠶᠠ ᠫᠠᠳ᠃ᠰᠠᠷᠸᠠ ᠦᠮᠮᠡᠳᠢ ᠪᠠᠶᠠ ᠫᠠᠳ᠃ 
ᠰᠠᠷᠸᠠ ᠽᠠᠶᠸ ᠪᠠᠶᠠ ᠫᠠᠳ᠃ᠰᠠᠷᠸᠠ ᠠᠸᠠᠰᠮᠠᠷᠢ ᠪᠠᠶᠠ ᠫᠠᠳ᠃ ᠰᠠᠷᠸᠠ ᠣᠰᠳᠠᠷᠠᠬᠢ ᠪᠠᠶᠠ ᠫᠠᠳ᠃ 
ᠰᠠᠷᠸᠠ ᠷᠠᠭᠢᠨᠢ ᠪᠠᠶᠠ ᠫᠠᠳ᠃ ᠰᠠᠷᠸᠠ ᠷᠢᠸᠠᠳᠢ ᠪᠠᠶᠠ ᠫᠠᠳ᠃ᠰᠠᠷᠸᠠ ᠶᠠᠮᠠᠶᠸ ᠪᠠᠶᠠ ᠫᠠᠳ᠃ 
ᠰᠠᠷᠸᠠ ᠱᠠᠭᠦᠨᠢ ᠪᠠᠶᠠ ᠫᠠᠳ᠃ ᠰᠠᠷᠸᠠ ᠮᠠᠳᠢᠷᠢ ᠨᠠᠨᠳᠢᠬᠢ ᠪᠠᠶᠠ ᠫᠠᠳ᠃ ᠰᠠᠷᠸᠠ ᠭᠠᠮᠪᠦ ᠬᠢᠮᠠᠨᠢ ᠪᠠᠶᠠ ᠫᠠᠳ᠃ 
ᠰᠠᠷᠸᠠ ᠠᠯᠮᠪᠡᠬᠢ ᠪᠠᠶᠠ ᠫᠠᠳ᠃ ᠰᠠᠷᠸᠠ ᠭᠠᠳᠠᠳᠠᠨᠢ ᠪᠠᠶᠠ ᠫᠠᠳ᠃ ᠰᠠᠷᠸᠠ ᠭᠠᠨᠳᠠᠷᠢ ᠪᠠᠶᠠ ᠫᠠᠳ᠃ 
ᠰᠠᠷᠸᠠ ᠠᠰᠥ᠋ᠷᠢ ᠪᠠᠶᠠ ᠫᠠᠳ᠃ᠰᠠᠷᠸᠠ ᠬᠢᠨᠨᠠᠷᠢ ᠪᠠᠶᠠ ᠫᠠᠳ᠃ ᠰᠠᠷᠸᠠ ᠭᠠᠷᠤᠳᠢ ᠪᠠᠶᠠ ᠫᠠᠳ᠃ 
ᠰᠠᠷᠸᠠ ᠮᠠᠬᠤᠤ  ᠷᠠᠬᠢ ᠪᠠᠶᠠ ᠫᠠᠳ᠃ᠰᠠᠷᠸᠠ ᠶᠠᠭᠴᠸ ᠪᠠᠶᠠ ᠫᠠᠳ᠃ᠰᠠᠷᠸᠠ ᠳ᠋ᠦᠷᠯᠡᠮ ᠭᠢᠳᠢ ᠪᠠᠶᠠ ᠫᠠᠳ᠃ 
ᠰᠠᠷᠸᠠ ᠳ᠋ᠦᠪᠡᠷᠡ ᠴᠢᠳᠢ ᠪᠠᠶᠠ ᠫᠠᠳ᠃ ᠰᠠᠷᠸᠠ ᠽᠤᠷᠢ ᠪᠠᠶᠠ ᠫᠠᠳ᠃ ᠰᠠᠷᠸᠠ ᠦᠪᠡᠳᠠᠷᠢ ᠪᠠᠶᠠ ᠫᠠᠳ᠃ 
ᠰᠠᠷᠸᠠ ᠦᠪᠡᠰᠡᠷᠬᠢ ᠪᠠᠶᠠ ᠫᠠᠳ᠃ ᠰᠠᠷᠸᠠ  ᠬᠢᠷᠳᠠᠶᠠ  ᠭᠠᠷᠮᠠᠨᠢ  ᠭᠠ  ᠺᠤᠷᠳᠢ  ᠪᠠᠶᠠ ᠫᠠᠳ᠃
ᠬᠢᠷᠠᠨᠠ  ᠪᠢᠳᠠᠳᠢ  ᠪᠠᠶᠠ ᠫᠠᠳ᠃ᠽᠢᠼᠠᠪᠢᠷᠱᠠᠭ᠎ᠠ ᠰᠠᠷᠸᠠ  ᠳ᠋ᠦᠱᠠᠽᠠᠷ  ᠳ᠋ᠸᠳᠢ ᠪᠠᠶᠠ ᠫᠠᠳ᠃ 
ᠰᠠᠷᠸᠠ ᠳ᠋ᠦᠷᠪᠥ᠋ᠭᠳᠢ ᠪᠠᠶᠠ ᠫᠠᠳ᠃ ᠰᠠᠷᠸᠠ ᠳ᠋ᠢᠷᠲ᠋ᠢᠬᠢ  ᠪᠠᠶᠠ ᠫᠠᠳ᠃ 
ᠰᠠᠷᠸᠠ  ᠱᠠᠷᠮᠠᠨᠢ  ᠪᠠᠶᠠ ᠫᠠᠳ᠃ᠰᠠᠷᠸᠠ ᠪᠡᠲᠡᠭᠢ ᠪᠠᠶᠠ ᠫᠠᠳ᠃ᠰᠠᠷᠸᠠ  ᠪᠢᠳᠢᠶᠠ  ᠳ᠋ᠠᠷᠢ  ᠪᠠᠶᠠ ᠫᠠᠳ᠃ 
ᠽᠠᠶᠠ ᠭᠠᠷᠠᠮᠠ  ᠳ᠋ᠦᠭᠠᠷᠠ  ᠰᠠᠷᠸᠠ ᠠᠷᠲ᠋ᠠ ᠰᠠᠳᠠᠬᠢ  ᠵᠣᠣ   ᠪᠢᠳᠢᠶᠠ   ᠽᠢᠷᠢ  ᠪᠠᠶᠠ ᠫᠠᠳ᠃ 
ᠽᠡᠳᠥ᠋ᠷ  ᠵᠣᠣ  ᠪᠡᠭᠢᠨᠢ  ᠪᠠᠶᠠ ᠫᠠᠳ᠃ ᠪᠠᠽᠠᠷ ᠭᠣᠮᠠᠷᠢᠶᠠ  ᠪᠠᠽᠠᠷ  ᠭᠦᠯᠡᠨᠳᠠᠷᠢ ᠪᠠᠳᠢᠶᠠ ᠽᠠᠷᠢ ᠪᠠᠶᠠ ᠫᠠᠳ᠃ 
ᠰᠠᠷᠸᠠ ᠮᠠᠬ᠎ᠠ ᠪᠠᠷᠳᠢᠮ ᠬᠢᠷᠢ ᠪᠠᠶᠠ ᠫᠠᠳ᠃ ᠪᠠᠽᠠᠷ  ᠱᠠᠮᠭᠠᠯᠠᠶᠠ  ᠪᠠᠷᠳᠢᠮ  ᠬᠢᠷᠠ  ᠷᠠᠨᠽᠠᠶᠠ  ᠫᠠᠳ᠃ 
ᠮᠠᠬ᠎ᠠ ᠭᠠᠯᠠᠶᠠ ᠮᠠᠳᠢᠷᠢ ᠭᠠᠨᠠ ᠨᠡᠮᠡᠰ ᠭᠢᠷᠳᠠᠶᠠ ᠫᠠᠳ ᠅ ᠪᠠᠷᠬ᠎ᠠ ᠮᠠᠨᠢᠶᠸ ᠫᠠᠳ᠃ ᠪᠢᠰᠨᠠ ᠪᠢᠶᠧ ᠫᠠᠳ᠃ 
ᠮᠠᠬ᠎ᠠ ᠱᠣᠷᠢᠶᠸ ᠫᠠᠳ᠃ᠷᠤᠳᠢᠷᠢᠶᠸ ᠫᠠᠳ᠃ ᠮᠠᠬ᠎ᠠ ᠭᠠᠯᠢᠶᠸ ᠫᠠᠳ᠃ ᠽᠠᠮᠥ᠋ᠨ  ᠳ᠋ᠢᠶᠧ ᠫᠠᠳ᠃ 
ᠭᠣᠮᠠᠷᠢᠶᠸ ᠫᠠᠳ᠃ ᠪᠠᠷᠠ ᠾᠢᠶᠸ ᠫᠠᠳ᠃ ᠢᠨᠳᠢᠷᠢᠶᠸ ᠫᠠᠳ᠃ ᠠᠭᠨᠢᠶᠸ ᠫᠠᠳ᠃ ᠶᠠᠮᠠᠶᠸ ᠫᠠᠳ᠃ 
ᠨᠢᠷᠢᠳᠢᠶᠸ ᠫᠠᠳ᠃ ᠪᠠᠷᠤᠢ ᠨᠠᠶᠸ ᠫᠠᠳ᠃ ᠮᠠᠷᠤᠢ  ᠳ᠋ᠢᠶᠧ ᠫᠠᠳ᠃ ᠰᠤᠮᠠᠶᠸ ᠫᠠᠳ᠃ 
ᠢᠱᠠᠨᠢᠶᠸ ᠫᠠᠳ᠃ ᠭᠠᠯᠠ ᠳ᠋ᠠᠨᠳᠢᠶᠸ ᠫᠠᠳ᠃ ᠭᠠᠯᠠ ᠷᠠ ᠳ᠋ᠢᠷᠢᠶᠸ ᠫᠠᠳ᠃ 
ᠶᠠᠮᠠ ᠳ᠋ᠠᠨᠳᠢᠶᠸ ᠫᠠᠳ᠃ ᠷᠠ ᠳ᠋ᠢᠷᠢᠶᠸ ᠫᠠᠳ᠃ ᠭᠠᠪᠠᠯᠢᠶᠸ ᠫᠠᠳ᠃ᠠᠳᠢ ᠮᠦᠭᠳᠢ ᠱᠠᠮᠠ ᠱᠠᠨᠠ
ᠪᠠᠰᠸᠨᠢᠶᠸ ᠫᠠᠳ᠃ ᠣᠮ ᠺᠣᠳᠤᠮ ᠪᠠᠨᠳᠠ ᠪᠠᠨᠳᠠ᠃ ᠷᠠᠭᠴᠠ ᠷᠠᠭᠴᠠ ᠮᠠᠮ ᠰᠤᠤᠬ᠎ᠠ ᠅ 
ᠠᠯᠢ ᠬᠡᠨ ᠠᠮᠢᠲᠠᠨ ᠨᠠᠳᠤᠷ ᠬᠣᠣᠷᠯᠠᠬᠤᠢ ᠪᠠ ᠬᠣᠣᠷᠯᠠᠬᠤᠢ ᠰᠡᠳᠬᠢᠯᠲᠡᠨ ᠪᠠ᠃ 
ᠳᠣᠭᠰᠢᠨ ᠪᠠ ᠳᠣᠭᠰᠢᠨ ᠰᠡᠳᠬᠢᠯᠲᠡᠨ ᠪᠠ᠃ ᠵᠠᠨᠤᠬᠤᠢ ᠪᠠ ᠵᠠᠨᠤᠬᠤᠢ ᠰᠡᠳᠬᠢᠯᠲᠡᠨ ᠪᠠ᠃ 
ᠬᠢᠮᠤᠷᠠᠬᠤᠢ ᠪᠠ ᠬᠢᠮᠤᠷᠠᠬᠤᠢ ᠰᠡᠳᠬᠢᠯᠲᠡᠨ ᠪᠠ᠃ ᠣᠷᠢᠯᠠᠬᠤᠢ ᠪᠠ ᠣᠷᠢᠯᠠᠬᠤᠢ ᠰᠡᠳᠬᠢᠯᠲᠡᠨ 
ᠨᠤᠬᠦᠳ ᠢ᠋ ᠠᠰᠠᠷᠠᠬᠤᠢ ᠰᠡᠳᠬᠢᠯᠲᠡᠨ ᠪᠣᠯᠭᠠᠵᠤ᠃ᠪᠢ ᠬᠢᠭᠡᠳ ᠬᠠᠮᠤᠭ ᠠᠮᠢᠲᠠᠨ ᠢ᠋ ᠰᠠᠬᠢᠨ ᠰᠣᠶᠣᠷᠬ᠎ᠠ᠃ 
ᠵᠠᠭᠤᠨ ᠨᠠᠰᠤᠯᠠᠬᠤ ᠪᠣᠯᠲᠤᠭᠠᠢ᠃ ᠵᠠᠭᠤᠨ ᠨᠠᠮᠤᠷ ᠢ᠋ ᠦᠵᠡᠬᠦ ᠪᠣᠯᠲᠤᠭᠠᠢ᠃ ᠶᠠᠭᠴᠠ ᠬᠢᠭᠡᠳ 
ᠠᠯᠢᠮᠠᠳ ᠡᠨᠳᠡᠰ  ᠥᠩᠭᠡ  ᠢᠳᠡᠰᠢᠳᠡᠨ᠃ ᠰᠦᠷ ᠵᠢᠪᠬᠤᠯᠠᠩ ᠪᠤᠯᠢᠶᠠᠭᠴᠢᠳ᠃ ᠤᠮᠠᠢ  ᠢᠳᠡᠰᠢᠳᠡᠨ᠃ 
ᠴᠢᠰᠤᠨ ᠤᠤᠭᠤᠭᠴᠢᠳ᠃ᠬᠣᠷᠢᠭᠤ ᠲᠣᠰᠣᠨ ᠢᠳᠡᠰᠢᠳᠡᠨ᠃ ᠮᠢᠬ᠎ᠠ  ᠢᠳᠡᠰᠢᠳᠡᠨ᠃ ᠥᠭᠡᠬᠦᠨ  ᠢᠳᠡᠰᠢᠳᠡᠨ᠃ 
ᠴᠢᠮᠥᠭᠡ ᠢᠳᠡᠰᠢᠳᠡᠨ᠃ ᠨᠢᠷᠠᠢ  ᠢᠳᠡᠰᠢᠳᠡᠨ᠃ ᠠᠮᠢᠨ ᠪᠤᠯᠢᠶᠠᠭᠴᠢᠳ᠃ ᠦᠯᠡᠭᠰᠡᠨ ᠢ᠋  ᠢᠳᠡᠰᠢᠳᠡᠨ᠃ 
ᠪᠠᠯᠢᠩ ᠢᠳᠡᠰᠢᠳᠡᠨ᠃ ᠡᠷᠢᠭᠡ ᠢᠳᠡᠰᠢᠳᠡᠨ᠃ ᠦᠨᠦᠷ  ᠢᠳᠡᠰᠢᠳᠡᠨ᠃ ᠬᠦᠵᠢ  ᠢᠳᠡᠰᠢᠳᠡᠨ᠃ 
ᠴᠡᠴᠡᠭ ᠢᠳᠡᠰᠢᠳᠡᠨ᠃ ᠦᠷ᠎ᠡ ᠢᠳᠡᠰᠢᠳᠡᠨ᠃ ᠲᠠᠷᠢᠶᠠᠨ ᠢᠳᠡᠰᠢᠳᠡᠨ᠃ ᠲᠦᠯᠡᠰᠢ ᠢᠳᠡᠰᠢᠳᠡᠨ᠃ 
ᠦᠭᠡᠷᠢ ᠢᠳᠡᠰᠢᠳᠡᠨ᠃ ᠪᠠᠭᠠᠰᠤᠨ ᠢᠳᠡᠰᠢᠳᠡᠨ᠃ ᠰᠢᠭᠡᠰᠦᠨ ᠤᠤᠭᠤᠭᠴᠢᠳ᠃ᠰᠢᠯᠦᠰᠦᠨ ᠤᠤᠭᠤᠭᠴᠢᠳ᠃ 
ᠪᠥᠭᠡᠯᠵᠢᠰᠦᠨ ᠢᠳᠡᠰᠢᠳᠡᠨ᠃ ᠨᠢᠰᠦᠨ ᠢᠳᠡᠰᠢᠳᠡᠨ᠃ ᠴᠠᠷ  ᠢᠳᠡᠰᠢᠳᠡᠨ᠃ ᠪᠤᠷᠲᠠᠭ ᠢᠳᠡᠰᠢᠳᠡᠨ᠃ 
ᠪᠤᠷᠲᠠᠭ ᠰᠤᠪᠠᠭ ᠤ᠋ᠨ ᠤᠷᠤᠰᠬᠠᠯ ᠤᠤᠭᠤᠭᠴᠢᠳ ᠪᠠ᠃ ᠵᠠᠨᠤᠬᠤᠢ ᠰᠡᠳᠬᠢᠯᠲᠡᠨ᠃ ᠬᠣᠣᠷᠯᠠᠬᠤᠢ ᠰᠡᠳᠬᠢᠯᠲᠡᠨ᠃ 
ᠲᠣᠭᠰᠢᠨ ᠰᠡᠳᠬᠢᠯᠲᠡᠨ᠃ ᠬᠢᠮᠤᠷᠬᠤ  ᠰᠡᠳᠬᠢᠯᠲᠡᠨ᠃ ᠣᠷᠢᠯᠠᠬᠤ ᠰᠡᠳᠬᠢᠯᠲᠡ ᠪᠠ᠃ ᠲᠡᠭᠷᠢ ᠶ᠋ᠢᠨ  ᠡᠨᠳᠡᠰ᠃ 
ᠯᠤᠤᠰ ᠤ᠋ᠨ ᠡᠨᠳᠡᠰ᠃ ᠠᠰᠤᠷᠢ ᠶ᠋ᠢᠨ  ᠡᠨᠳᠡᠰ᠃ ᠶᠠᠭᠴᠠ ᠶ᠋ᠢᠨ  ᠡᠨᠳᠡᠰ᠃ ᠷᠠᠭᠴᠠ ᠶ᠋ᠢᠨ ᠡᠨᠳᠡᠰ᠃ 
ᠪᠦᠳᠢ ᠶ᠋ᠢᠨ ᠡᠨᠳᠡᠰ᠃ ᠪᠢᠷᠢᠳ ᠦ᠋ᠨ ᠡᠨᠳᠡᠰ᠃ ᠪᠢᠱᠠᠽᠢ ᠶ᠋ᠢᠨ  ᠡᠨᠳᠡᠰ᠃ ᠬᠥᠮᠪᠡᠨᠳᠢ ᠶ᠋ᠢᠨ ᠡᠨᠳᠡᠰ᠃ 
ᠪᠦᠲᠡᠨᠢ ᠶ᠋ᠢᠨ ᠡᠨᠳᠡᠰ᠃ ᠭᠠᠳᠠᠪᠥ᠋ᠳᠠᠨᠢ  ᠶ᠋ᠢᠨ ᠡᠨᠳᠡᠰ᠃ ᠰᠠᠭᠠᠨᠳᠢ  ᠶ᠋ᠢᠨ ᠡᠨᠳᠡᠰ᠃ ᠤᠳᠮᠠᠳᠢ  ᠶ᠋ᠢᠨ  ᠡᠨᠳᠡᠰ᠃ 
ᠽᠠᠶ᠎ᠠ ᠶ᠋ᠢᠨ ᠡᠨᠳᠡᠰ᠃ ᠠᠪᠰᠮᠠᠷᠢ ᠶ᠋ᠢᠨ ᠠᠳᠠᠰ᠃ ᠣᠰᠳᠠᠷᠠᠬᠢ ᠶ᠋ᠢᠨ ᠠᠳᠠᠰ᠃ ᠷᠠᠭᠢᠨᠢ ᠶ᠋ᠢᠨ ᠠᠳᠠᠰ᠃ 
ᠷᠢᠸᠠᠳᠢ ᠶ᠋ᠢᠨ ᠠᠳᠠᠰ᠃ ᠡᠷᠯᠢᠭ ᠦ᠋ᠨ ᠠᠳᠠᠰ᠃ ᠱᠠᠭᠦᠨᠢ ᠶ᠋ᠢᠨ ᠠᠳᠠᠰ᠃ ᠡᠬᠡᠨᠡᠷ ᠢ᠋ ᠪᠠᠶᠠᠰᠬᠠᠭᠴᠢ ᠶ᠋ᠢᠨ ᠠᠳᠠᠰ᠃ 
ᠪᠦᠭᠦᠳᠡ ᠳᠡ ᠶᠠᠪᠤᠭᠴᠢ ᠶ᠋ᠢᠨ ᠡᠨᠳᠡᠰ᠃ ᠠᠯᠠᠮᠪᠡᠬᠢ  ᠶ᠋ᠢᠨ ᠡᠨᠳᠡᠰ᠃ 
ᠭᠠᠳᠠᠨᠳᠠᠨᠢ ᠶ᠋ᠢᠨ ᠡᠨᠳᠡᠰ ᠠ᠋ᠴᠠ ᠨᠠᠮᠠᠶ᠋ᠢ ᠰᠠᠬᠢᠨ ᠰᠣᠶᠣᠷᠬ᠎ᠠ ᠅
ᠵᠠᠭᠤᠨ ᠨᠠᠰᠤᠯᠠᠬᠤ ᠪᠣᠯᠲᠤᠭᠠᠢ᠃ᠵᠠᠭᠤᠨ ᠨᠠᠮᠤᠷ  ᠦᠵᠡᠬᠦ  ᠪᠣᠯᠲᠤᠭᠠᠢ᠃ ᠨᠢᠭᠡᠨ ᠡᠳᠦᠷ ᠦ᠋ᠨ ᠬᠢᠵᠢᠭ᠃ 
ᠬᠣᠶᠠᠷ ᠡᠳᠦᠷ ᠦ᠋ᠨ ᠬᠢᠵᠢᠭ᠃ ᠭᠤᠷᠪᠠᠨ ᠡᠳᠦᠷ ᠦ᠋ᠨ ᠬᠢᠵᠢᠭ᠃ ᠳᠥᠷᠪᠡᠨ ᠡᠳᠦᠷ ᠦ᠋ᠨ ᠬᠢᠵᠢᠭ᠃ 
ᠳᠣᠯᠣᠭᠠᠨ ᠡᠳᠦᠷ ᠦ᠋ᠨ ᠬᠢᠵᠢᠭ᠃ ᠨᠠᠰᠤᠳᠠ ᠶ᠋ᠢᠨ ᠬᠢᠵᠢᠭ᠃ ᠲᠡᠰᠳᠡᠰᠢ ᠦᠭᠡᠢ ᠬᠢᠵᠢᠭ᠃ 
ᠪᠦᠳᠢ ᠨᠠᠷ ᠤ᠋ᠨ ᠬᠢᠵᠢᠭ᠃ ᠬᠡᠢ ᠡᠴᠡ ᠪᠣᠯᠤᠭᠰᠠᠨ᠃ ᠰᠢᠷ᠎ᠠ ᠠ᠋ᠴᠠ ᠪᠣᠯᠤᠭᠰᠠᠨ᠃ ᠪᠠᠳᠬᠠᠨ ᠠ᠋ᠴᠠ ᠪᠣᠯᠤᠭᠰᠠᠨ᠃ 
ᠬᠤᠷᠠᠭᠰᠠᠨ ᠠ᠋ᠴᠠ ᠪᠣᠯᠤᠭᠰᠠᠨ᠃ ᠬᠠᠮᠤᠭ ᠬᠢᠵᠢᠭ ᠡᠪᠡᠳᠴᠢᠨ ᠪᠠ᠃ ᠳᠡᠭᠡᠳᠦ ᠶ᠋ᠢᠨ ᠡᠪᠡᠳᠴᠢᠨ ᠢ᠋ ᠠᠷᠢᠯᠭᠠᠨ ᠰᠣᠶᠣᠷᠬ᠎ᠠ ᠅ 
ᠥᠷᠥᠭᠡᠯᠡ ᠪᠡᠶ᠎ᠡ ᠡᠪᠡᠳᠴᠢᠨ᠃ ᠭᠤᠤᠯᠭᠢᠬᠤᠢ  ᠡᠪᠡᠳᠴᠢᠨ᠃ ᠨᠢᠳᠦᠨ ᠡᠪᠡᠳᠴᠢᠨ᠃ ᠬᠠᠪᠠᠷ ᠡᠪᠡᠳᠴᠢᠨ᠃ ᠠᠮᠠᠨ ᠡᠪᠡᠳᠴᠢᠨ᠃ 
ᠬᠣᠭᠣᠯᠠᠢ ᠡᠪᠡᠳᠴᠢᠨ᠃ ᠵᠢᠷᠦᠬᠡᠨ ᠡᠪᠡᠳᠴᠢᠨ᠃ ᠬᠥᠭᠡᠮᠡᠢ ᠡᠪᠡᠳᠴᠢᠨ᠃ ᠴᠢᠬᠢᠨ ᠡᠪᠡᠳᠴᠢᠨ᠃ 
ᠰᠢᠳᠦᠨ ᠡᠪᠡᠳᠴᠢᠨ᠃ ᠪᠤᠢᠯᠠ ᠡᠪᠡᠳᠴᠢᠨ᠃ ᠲᠠᠷᠢᠬᠢᠨ ᠡᠪᠡᠳᠴᠢᠨ᠃ ᠬᠠᠪᠢᠷᠭ᠎ᠠ ᠡᠪᠡᠳᠴᠢᠨ᠃ 
ᠨᠢᠷᠤᠭᠤᠨ ᠡᠪᠡᠳᠴᠢᠨ᠃ ᠬᠡᠪᠡᠯᠢ ᠡᠪᠡᠳᠴᠢᠨ᠃ ᠪᠡᠯᠬᠦᠭᠡᠰᠦᠨ ᠡᠪᠡᠳᠴᠢᠨ᠃ ᠤᠰᠤᠨ ᠤ᠋ ᠮᠥᠷ ᠡᠪᠡᠳᠴᠢᠨ᠃ 
ᠭᠤᠶ᠎ᠠ ᠡᠪᠡᠳᠴᠢᠨ᠃ ᠰᠢᠯᠪᠢ ᠡᠪᠡᠳᠴᠢᠨ᠃ ᠭᠠᠷ ᠡᠪᠡᠳᠴᠢᠨ᠃ ᠬᠥᠯ ᠡᠪᠡᠳᠴᠢᠨ᠃ ᠦᠶᠡᠰ ᠡᠪᠡᠳᠴᠢᠨ᠃
ᠭᠡᠰᠢᠭᠦᠨ ᠡᠪᠡᠳᠴᠢᠨ ᠢ᠋ ᠰᠠᠢᠲᠤᠷ ᠠᠷᠢᠯᠭᠠᠨ ᠰᠣᠶᠣᠷᠬ᠎ᠠ ᠅ ᠴᠠᠭᠠᠨ  ᠰᠢᠬᠦᠷᠳᠠᠢ  ᠸᠴᠢᠷ  ᠦᠰᠨᠢᠷᠳᠦ 
ᠶᠡᠬᠡᠳᠡ ᠬᠠᠷᠢᠭᠤᠯᠤᠭᠴᠢ ᠡᠭᠦᠨ ᠢ᠋ᠶ᠋ᠡᠷ᠃ᠠᠷᠪᠠᠨ ᠬᠣᠶᠠᠷ ᠪᠠᠷ᠎ᠠ ᠠ᠋ᠴᠠ ᠢᠨᠠᠭᠰᠢᠳᠠ᠃ ᠪᠦᠳᠢ᠃ ᠪᠢᠳᠡᠷ᠃
ᠷᠠᠭᠢᠨᠢ᠃ ᠶᠠᠭᠴᠠ ᠷᠠᠭᠴᠠ ᠬᠢᠭᠡᠳ᠃ ᠬᠢᠵᠢᠭ᠃ ᠨᠠᠮᠤᠷᠰᠦ᠃ ᠬᠥᠷᠲᠦᠩᠭᠡ᠃ ᠨᠠᠷᠢᠨ ᠬᠦᠪᠳᠦᠷᠦ᠃ 
ᠬᠠᠮ ᠶᠠᠷ᠎ᠠ᠃ ᠬᠦᠵᠦᠭᠦᠨ᠎ᠡ ᠶᠠᠷ᠎ᠠ᠃ ᠨᠢᠳᠦᠲᠦ ᠶᠠᠷ᠎ᠠ᠃ ᠲᠦᠯᠢᠩᠭᠡᠷ᠃ ᠭᠠᠯ ᠬᠠᠪᠤᠳᠠᠷ᠃ ᠬᠠᠮᠠᠭᠤ᠃ 
ᠪᠣᠭᠣᠮ᠎ᠠ᠃ ᠬᠠᠳᠠᠶᠠᠷ᠃ ᠰᠣᠴᠢᠬᠤ᠃ ᠬᠠᠨᠢᠶᠠᠳᠤᠨ᠃ ᠠᠮᠢ ᠪᠦᠲᠦᠬᠦ᠃ᠤᠬᠠᠭ᠎ᠠ ᠦᠭᠡᠢ ᠪᠣᠯᠬᠤ᠃ 
ᠡᠷᠳᠡᠨᠢ ᠶ᠋ᠢᠨ ᠬᠣᠣᠷ᠎ᠠ᠃ᠬᠣᠯᠢᠭᠰᠠᠨ ᠬᠣᠣᠷ᠎ᠠ᠃ ᠵᠠᠰᠠᠯ ᠪᠠ᠃ ᠭᠠᠯ ᠤᠰᠤᠨ ᠪᠠ᠃ ᠰᠠᠮᠠᠭᠤ ᠪᠠ᠃ 
ᠰᠢᠮᠨᠤᠰ ᠪᠠ᠃ ᠬᠦᠯᠢᠶᠡᠰᠦᠨ ᠪᠠ᠃ᠳᠠᠢᠰᠤᠨ ᠪᠠ᠃ ᠬᠣᠣᠷᠯᠠᠯ ᠪᠠ᠃ ᠴᠠᠭ ᠪᠤᠰᠤ ᠶ᠋ᠢᠨ ᠦᠬᠦᠯ ᠪᠠ᠃ 
ᠵᠥᠭᠡᠢ᠃ ᠳ᠋ᠢᠷᠢᠮᠠᠪᠥ᠋ᠭ᠎ᠠ᠃ ᠳ᠋ᠢᠷᠢᠯᠠᠳᠠ᠃ᠬᠢᠯᠢᠨᠴᠡᠲᠦ ᠬᠣᠷᠣᠬᠠᠢ᠃ ᠮᠣᠭᠠᠢ᠃ ᠰᠣᠯᠣᠩᠭ᠎ᠠ᠃ ᠠᠷᠰᠯᠠᠨ᠃ 
ᠪᠠᠷᠰ᠃ ᠥᠲᠡᠭᠡ᠃ ᠰᠢᠷᠠᠯᠭ᠎ᠠ᠃ ᠤᠳᠤᠰ᠃ᠮᠠᠲᠠᠷ ᠲᠡᠷᠢᠭᠦᠲᠡᠨ ᠠᠮᠢᠲᠠᠨ ᠠ᠋ᠴᠠ ᠰᠠᠬᠢᠨ ᠰᠣᠶᠣᠷᠬ᠎ᠠ ᠅ 
ᠲᠡᠳᠡ ᠪᠦᠭᠦᠳᠡ ᠶ᠋ᠢᠨ ᠠᠷᠸᠢᠰ ᠲᠠᠷᠨᠢ ᠶ᠋ᠢ ᠬᠦᠯᠢᠶᠦ᠃
ᠪᠤᠰᠤᠳ ᠪᠦᠭᠦᠳᠡ ᠶ᠋ᠢᠨ ᠠᠷᠸᠢᠰ ᠲᠠᠷᠨᠢ ᠶ᠋ᠢ ᠬᠦᠯᠢᠶᠦ᠃ ᠵᠠᠪᠰᠠᠷ ᠢ᠋ ᠬᠦᠯᠢᠶᠦ᠃
ᠳ᠋ᠠᠳᠶᠠᠲ᠋ᠠ᠃ ᠣᠮ ᠠᠨᠠᠯᠢ ᠠᠨᠠᠯᠢ᠃ ᠺᠠᠰᠸᠮᠢ ᠺᠠᠰᠸᠮᠢ᠃ ᠪᠸᠷᠢ ᠪᠸᠷᠢ᠃ 
ᠰᠤᠮᠢ ᠰᠤᠮᠢ᠃ ᠱᠠᠨᠳᠢ ᠱᠠᠨᠳᠢ᠃ ᠳ᠋ᠠᠨᠳᠢ ᠳ᠋ᠠᠨᠳᠢ᠃ ᠪᠢᠺᠠᠳᠢ ᠪᠢᠺᠠᠳᠢ᠃ ᠪᠢᠷᠢ ᠪᠢᠷᠢ᠃ᠳ᠋ᠢᠸᠢ ᠪᠠᠽᠠᠷ ᠳ᠋ᠠᠷᠢ᠃
ᠪᠠᠨᠳᠠ ᠪᠠᠨᠳᠠᠨᠢ᠃ ᠪᠠᠽᠠᠷᠪᠠᠨᠢ ᠫᠠᠳ᠃ᠣᠮ ᠬᠣᠩ ᠬᠣᠩ  ᠳ᠋ᠦᠷᠦᠮ  ᠺᠣᠳᠤᠮ ᠫᠠᠳ  ᠰᠤᠤᠬ᠎ᠠ᠃ 
ᠨᠠᠮᠠᠶ᠋ᠢ ᠰᠠᠬᠢᠭᠲᠤᠨ  ᠰᠤᠤᠬ᠎ᠠ᠃ ᠣᠮ  ᠪᠠᠽᠠᠷᠪᠠᠨᠢ  ᠪᠠᠨᠳᠠ  ᠪᠠᠨᠳᠠ  ᠪᠠᠽᠠᠷ  ᠪᠠᠰᠢᠨᠠ ᠯᠠᠮᠠ ᠰᠠᠷᠸᠠ
ᠳ᠋ᠦᠰᠳᠡᠮ ᠪᠢᠨᠠᠶᠠᠭᠠᠮ᠃ ᠬᠣᠩ ᠬᠣᠩ ᠫᠠᠳ ᠫᠠᠳ ᠰᠤᠤᠬ᠎ᠠ ᠅ ᠴᠢᠬᠤᠯᠠ ᠵᠢᠷᠦᠬᠡᠨ ᠲᠠᠷᠨᠢ ᠪᠣᠯᠠᠢ᠃ 
ᠰᠠᠢᠪᠠᠷ ᠣᠳᠤᠭᠰᠠᠨ ᠢ᠋ ᠦᠵᠡᠬᠦᠶ᠎ᠡ ᠢᠯᠠᠭᠤᠭᠰᠠᠨ ᠤ᠋ ᠦᠰᠨᠢᠷ ᠡᠴᠡ᠃ 
ᠰᠠᠢᠲᠤᠷ ᠲᠥᠷᠥᠭᠰᠡᠨ ᠬᠠᠮᠤᠭ ᠢᠯᠭᠤᠭᠰᠠᠳ ᠤ᠋ᠨ ᠡᠬᠡ ᠴᠠᠭᠠᠨ ᠰᠢᠬᠦᠷᠳᠠᠢ᠃ 
ᠨᠡᠷ᠎ᠡ ᠶ᠋ᠢᠨ ᠲᠡᠳᠦᠢ ᠰᠣᠨᠣᠰᠤᠭᠰᠠᠨ ᠢ᠋ᠶ᠋ᠠᠷ ᠠᠷᠸᠢᠰ ᠲᠠᠷᠨᠢ ᠶ᠋ᠢᠨ ᠭᠠᠯ ᠤ᠋ᠨ ᠳᠥᠯᠥ ᠪᠡᠷ᠃ 
ᠰᠢᠮᠨᠤᠰ ᠤ᠋ᠳ ᠢ᠋ ᠲᠦᠯᠡᠭᠴᠢ ᠠᠮᠤᠭᠤᠯᠠᠩ ᠭᠠᠷᠬᠤ ᠶ᠋ᠢᠨ ᠦᠯᠡᠮᠵᠢ ᠪᠤᠷᠬᠠᠨ᠃ 
ᠲᠣᠳᠣ ᠴᠠᠭᠠᠨ ᠢᠳᠡᠷ ᠮᠠᠰᠢ ᠳᠡᠯᠭᠡᠷᠡᠭᠰᠡᠨ ᠵᠠᠯᠠᠭᠤ ᠰᠠᠷᠠᠨ ᠤ᠋᠃ 
ᠵᠢᠷᠦᠬᠡᠨ ᠡᠴᠡ ᠭᠠᠷᠤᠭᠰᠠᠨ ᠪᠣᠰᠣᠤ᠌ᠨ᠋᠎ᠠ ᠦᠯᠦ ᠴᠢᠳᠠᠭᠳᠠᠬᠤ᠃ 
ᠬᠥᠮᠦᠨ ᠪᠠ ᠬᠥᠮᠦᠨ ᠪᠤᠰᠤ ᠶ᠋ᠢᠨ ᠪᠥᠳᠢ ᠡᠴᠡ ᠪᠣᠯᠤᠭᠰᠠᠨ᠃ 
ᠬᠠᠮᠤᠭ ᠬᠠᠷᠰᠢ ᠶ᠋ᠢ ᠠᠮᠤᠷᠯᠢᠭᠤᠯᠤᠨ ᠰᠠᠢᠨ ᠴᠢᠭᠤᠯᠭᠠᠨ ᠢ᠋ ᠬᠣᠴᠣᠷᠤᠯ ᠦᠭᠡᠢ ᠰᠣᠶᠣᠷᠬ᠎ᠠ᠃ 
ᠢᠯᠠᠩᠭᠤᠶ᠎ᠠ ᠴᠢᠨᠠᠳᠤᠰ ᠤ᠋ᠨ ᠲᠣᠭᠰᠢᠨ ᠰᠠᠨᠠᠯ ᠪᠠᠷᠢᠯ ᠢ᠋ᠶ᠋ᠠᠷ᠃ 
ᠭᠤᠷᠪᠠᠨ ᠡᠭᠦᠳᠡᠨ ᠢ᠋ ᠳᠠᠷᠤᠨ ᠬᠠᠪ ᠵᠠᠰᠠᠯ ᠬᠦᠯᠢᠶᠡᠰᠦᠨ ᠲᠡᠷᠢᠭᠦᠲᠡᠨ᠃ 
ᠴᠢᠬᠤᠯᠠ ᠬᠥᠨᠥᠭᠡᠯ ᠳ᠋ᠦ᠍ᠷ ᠦᠯᠦ ᠬᠦᠷᠲᠡᠨ ᠴᠢᠨᠠᠭᠰᠢ ᠬᠠᠷᠢᠭᠤᠯᠬᠤ ᠦᠢᠯᠡ ᠪᠡᠷ᠃ 
ᠪᠠ ᠪᠦᠷᠢᠨ ᠨᠥᠬᠥᠳ ᠢ᠋ ᠬᠠᠮᠤᠭ ᠠ᠋ᠴᠠ ᠰᠠᠬᠢᠨ ᠰᠣᠶᠣᠷᠬ᠎ᠠ ᠅ ᠭᠤᠷᠪᠠᠨᠲᠠ᠃
ᠬᠡᠨ ᠢ᠋ᠶ᠋ᠡᠷ ᠲᠡᠭᠦᠨᠴᠢᠯᠡᠨ ᠢᠷᠡᠭᠰᠡᠨ ᠦ᠌ ᠦᠰᠨᠢᠷ ᠡᠴᠡ ᠭᠠᠷᠤᠭᠰᠠᠨ ᠴᠠᠭᠠᠨ  ᠰᠢᠬᠦᠷᠳᠠᠢ  ᠪᠣᠰᠤᠤᠨ᠋᠎ᠠ 
ᠦᠯᠦ ᠢᠯᠠᠭᠳᠠᠬᠤ ᠵᠢᠴᠢ ᠬᠠᠷᠢᠭᠤᠯᠤᠭᠴᠢ ᠠᠷᠸᠢᠰ  ᠲᠠᠷᠨᠢᠰ  ᠤ᠋ᠨ ᠬᠠᠲᠤᠨ ᠡᠭᠦᠨ ᠢ᠋ ᠤᠢᠰᠤᠨ ᠳ᠋ᠤᠷ ᠪᠠ᠃ 
ᠪᠥᠰ ᠲᠣᠷ ᠪᠠ᠃ ᠮᠣᠳᠣᠨ ᠤ᠋ ᠳᠣᠷᠣᠰᠤᠨ ᠳ᠋ᠤᠷ ᠪᠢᠴᠢᠭᠡᠳ᠃ ᠪᠡᠶ᠎ᠡ ᠳ᠋ᠦ᠍ᠷ ᠪᠠ᠃ ᠬᠦᠵᠦᠭᠦᠨ ᠳ᠋ᠦ᠍ᠷ ᠵᠡᠭᠦᠬᠦ ᠪᠠ᠃ 
ᠤᠩᠰᠢᠪᠠᠰᠤ ᠲᠡᠷᠡ ᠬᠡᠵᠢᠶ᠎ᠡ ᠠᠮᠢᠳᠤ ᠠᠲᠠᠯ᠎ᠠ᠃ᠮᠡᠰᠡ ᠳ᠋ᠦ᠍ᠷ ᠦᠯᠦ ᠬᠦᠷᠲᠡᠶᠦ᠃ᠬᠣᠣᠷ᠎ᠠ ᠳ᠋ᠤᠷ ᠦᠯᠦ ᠬᠦᠷᠲᠡᠶᠦ᠃ 
ᠭᠠᠯ ᠳ᠋ᠤᠷ ᠦᠯᠦ ᠬᠦᠷᠲᠡᠶᠦ᠃ᠤᠰᠤᠨ ᠳ᠋ᠤᠷ ᠦᠯᠦ ᠬᠦᠷᠲᠡᠶᠦ᠃ᠡᠷᠳᠡᠨᠢ ᠶ᠋ᠢᠨ ᠬᠣᠣᠷ᠎ᠠ ᠳ᠋ᠤᠷ ᠦᠯᠦ ᠬᠦᠷᠲᠡᠶᠦ᠃ 
ᠬᠣᠯᠢᠭᠰᠠᠨ ᠬᠣᠣᠷ᠎ᠠ ᠳ᠋ᠤᠷ ᠦᠯᠦ ᠬᠦᠷᠲᠡᠶᠦ᠃ ᠵᠠᠰᠠᠯ ᠳ᠋ᠤᠷ ᠦᠯᠦ ᠬᠦᠷᠲᠡᠶᠦ᠃ 
ᠴᠠᠭ ᠪᠤᠰᠤ ᠶ᠋ᠢᠨ ᠦᠬᠦᠯ ᠢ᠋ᠶ᠋ᠡᠷ ᠦᠯᠦ ᠦᠬᠦᠬᠦ ᠪᠣᠯᠤᠶᠤ᠃
ᠬᠠᠮᠤᠭ ᠠᠳᠠ ᠲᠣᠳᠬᠠᠷ ᠪᠤᠷᠤᠭᠤ ᠲᠠᠳᠠᠭᠴᠢᠳ ᠢ᠋ᠶ᠋ᠠᠷ ᠪᠠᠶᠠᠰᠤᠯᠴᠠᠬᠤ ᠪᠣᠯᠤᠶᠤ᠃ 
ᠵᠠᠭᠤᠨ ᠮᠢᠩᠭᠠᠨ ᠨᠠᠶᠠᠳ  ᠬᠦᠯᠳᠢ  ᠲᠣᠭᠠᠲᠠᠨ ᠨᠠᠶᠠᠨ ᠳᠥᠷᠪᠡᠨ ᠸᠴᠢᠷ ᠢᠵᠠᠭᠤᠷᠲᠠᠨ ᠬᠢᠭᠡᠳ᠃ 
ᠪᠦᠲᠦᠭᠰᠡᠨ ᠥᠬᠢᠨ ᠲᠡᠭᠷᠢ ᠨᠠᠷ ᠢ᠋ᠶ᠋ᠠᠷ ᠲᠡᠭᠦᠨ᠎ᠡ ᠨᠠᠰᠤᠳᠠ ᠵᠣᠬᠢᠯᠳᠤᠨ᠃ ᠰᠠᠬᠢᠬᠤ ᠪᠠ᠃ 
ᠠᠪᠤᠷᠠᠬᠤ ᠪᠠ᠃ ᠨᠢᠭᠤᠨ ᠦᠢᠯᠡᠳᠦᠭᠡᠳ᠃ ᠲᠡᠳᠡᠭᠡᠷ ᠦ᠋ᠨ ᠰᠡᠳᠬᠢᠯ ᠳ᠋ᠦ᠍ᠷ ᠣᠷᠣᠬᠤ ᠪᠠ᠃ 
ᠪᠠᠶᠠᠰᠬᠤ ᠪᠠᠷ ᠪᠣᠯᠤᠶᠤ᠃ ᠨᠠᠶᠠᠨ ᠳᠥᠷᠪᠡᠨ ᠮᠢᠩᠭᠠᠨ ᠲᠣᠭᠠᠲᠠᠨ ᠶᠡᠬᠡ ᠭᠠᠯᠠᠪ ᠨᠤᠭᠤᠳ ᠲᠤᠷ 
ᠲᠥᠷᠥᠯ ᠢ᠋ᠶ᠋ᠡᠨ ᠳᠤᠷᠠᠳᠬᠤ ᠪᠣᠯᠤᠶᠤ᠃ ᠵᠢᠷᠠᠨ ᠳᠥᠷᠪᠡᠨ ᠸᠴᠢᠷ ᠡᠮ᠎ᠡ ᠵᠠᠷᠤᠳᠠᠰᠤᠨ ᠢ᠋ᠶ᠋ᠠᠷ ᠨᠠᠰᠤᠳᠠ 
ᠣᠭᠣᠭᠠᠲᠠ ᠲᠡᠳᠬᠦᠬᠦ ᠪᠣᠯᠤᠶᠤ᠃ᠬᠡᠵᠢᠶ᠎ᠡ ᠪᠡᠷ ᠶᠠᠭᠴᠠ ᠪᠢᠷᠢᠳ ᠪᠢᠱᠡᠴᠢ ᠪᠦᠲᠡᠨᠢ  ᠭᠠᠳᠠᠪᠥ᠋ᠳᠠᠨᠢ  ᠳ᠋ᠤᠷ 
ᠦᠯᠦ ᠲᠥᠷᠥᠬᠦ ᠪᠣᠯᠤᠶᠤ᠃ ᠥᠭᠡᠬᠦ ᠬᠥᠮᠦᠨ ᠦᠯᠦ ᠪᠣᠯᠤᠶᠤ᠃ᠲᠣᠭᠠᠯᠠᠰᠢ ᠦᠭᠡᠢ ᠴᠠᠭᠯᠠᠰᠢ ᠦᠭᠡᠢ 
ᠭᠠᠩᠭ᠎ᠠ ᠮᠥᠷᠡᠨ ᠦ᠌ ᠬᠤᠮᠠᠬᠢ ᠶ᠋ᠢᠨ ᠲᠣᠭᠠᠲᠠᠨ ᠢᠯᠠᠵᠤ ᠲᠡᠭᠦᠰ ᠨᠥᠭᠴᠢᠭᠰᠡᠨ 
ᠪᠣᠷᠠᠬᠤᠨ ᠤ᠋ ᠪᠤᠶᠠᠨ ᠤ᠋ ᠴᠣᠭᠴᠠ ᠯᠤᠭ᠎ᠠ ᠲᠡᠭᠦᠯᠳᠡᠷ ᠪᠣᠯᠤᠶᠤ᠃ 
ᠭᠠᠩᠭ᠎ᠠ ᠮᠥᠷᠡᠨ ᠦ᠌ ᠬᠤᠮᠠᠬᠢ ᠶ᠋ᠢᠨ ᠲᠣᠭᠠᠲᠠᠨ ᠢᠯᠠᠵᠤ ᠲᠡᠭᠦᠰ ᠨᠥᠭᠴᠢᠭᠰᠡᠨ 
ᠪᠣᠷᠠᠬᠤᠨ ᠪᠣᠳᠢᠰᠠᠳ᠋ᠸ᠎ᠠ ᠨᠠᠷ ᠢ᠋ᠶ᠋ᠠᠷ ᠰᠠᠬᠢᠬᠤ ᠪᠠ᠃ ᠠᠪᠤᠷᠠᠬᠤ ᠪᠠ᠃ 
ᠨᠢᠭᠤᠨ ᠦᠢᠯᠡᠳᠦᠭᠡᠳ᠃ ᠲᠡᠳᠡᠭᠡᠷ ᠦ᠋ᠨ ᠰᠡᠳᠬᠢᠯ ᠳ᠋ᠦ᠍ᠷ ᠣᠷᠣᠬᠤ ᠪᠠ ᠪᠠᠶᠠᠰᠬᠤ ᠪᠠᠷ ᠪᠣᠯᠤᠶᠤ᠃ 
ᠬᠠᠮᠤᠭ ᠲᠡᠭᠦᠨᠴᠢᠯᠡᠨ ᠢᠷᠡᠭᠰᠡᠳ ᠦ᠋ᠨ ᠦᠰᠨᠢᠷ ᠡᠴᠡ ᠭᠠᠷᠤᠭᠰᠠᠨ ᠴᠠᠭᠠᠨ ᠰᠢᠬᠦᠷᠳᠠᠢ ᠪᠣᠰᠣᠤ᠌ᠨ᠌᠎ᠠ ᠦᠯᠦ 
ᠢᠯᠠᠭᠳᠠᠬᠤ ᠵᠢᠴᠢ ᠬᠠᠷᠢᠭᠤᠯᠤᠭᠴᠢ ᠠᠷᠸᠢᠰ ᠲᠠᠷᠨᠢᠰ ᠤ᠋ᠨ ᠬᠠᠲᠤᠨ ᠡᠭᠦᠨ ᠢ᠋ ᠪᠠᠷᠢᠪᠠᠰᠤ᠃ 
ᠠᠷᠢᠭᠤᠨ ᠡᠰᠡ ᠶᠠᠪᠤᠭᠰᠠᠨ ᠢ᠋ᠶ᠋ᠠᠷ ᠠᠷᠢᠭᠤᠨ ᠶᠠᠪᠤᠭᠰᠠᠨ ᠪᠣᠯᠤᠶᠤ᠃ 
ᠴᠢᠳᠠᠵᠤ ᠡᠰᠡ ᠦᠢᠯᠡᠳᠦᠭᠰᠡᠨ ᠢ᠋ᠶ᠋ᠡᠷ ᠴᠢᠳᠠᠵᠤ ᠦᠢᠯᠡᠳᠦᠭᠰᠡᠨ ᠪᠣᠯᠤᠶᠤ᠃ 
ᠠᠷᠢᠭᠤᠨ ᠪᠤᠰᠤ ᠪᠠᠷ ᠠᠷᠢᠭᠤᠨ ᠪᠣᠯᠤᠶᠤ᠃ᠪᠠᠴᠠᠭ ᠡᠰᠡ ᠪᠠᠷᠢᠭᠰᠠᠨ ᠢ᠋ᠶ᠋ᠠᠷ ᠪᠠᠴᠠᠭ ᠪᠠᠷᠢᠭᠰᠠᠨ ᠪᠣᠯᠤᠶᠤ᠃ 
ᠲᠠᠪᠤᠨ ᠵᠠᠪᠰᠠᠷ ᠦᠭᠡᠢ ᠶ᠋ᠢ ᠦᠢᠯᠡᠳᠦᠭᠰᠡᠨ ᠢ᠋ᠶ᠋ᠡᠷ ᠠᠷᠢᠯᠬᠤ ᠪᠣᠯᠤᠶᠤ᠃
ᠡᠷᠲᠡᠨ ᠦ᠌ ᠦᠢᠯᠡ ᠶ᠋ᠢᠨ ᠲᠦᠢᠳᠬᠡᠷ ᠢ᠋ᠶ᠋ᠡᠷ ᠬᠣᠴᠣᠷᠤᠯ ᠦᠭᠡᠢ ᠪᠠᠷᠠᠭᠳᠠᠬᠤ ᠪᠣᠯᠤᠶᠤ᠃ 
ᠢᠵᠠᠭᠤᠷᠲᠠᠨ ᠤ᠋ ᠬᠥᠪᠡᠭᠦᠨ ᠪᠠ ᠢᠵᠠᠭᠤᠷᠲᠠᠨ ᠤ᠋ ᠥᠬᠢᠨ᠃ 
ᠬᠥᠪᠡᠭᠦᠨ ᠬᠦᠰᠡᠭᠴᠢ ᠬᠡᠨ ᠵᠠᠷᠢᠮ ᠤ᠋ᠳ ᠲᠡᠭᠦᠨᠴᠢᠯᠡᠨ ᠢᠷᠡᠭᠰᠡᠨ ᠦ᠌ 
ᠦᠰᠨᠢᠷ ᠡᠴᠡ ᠭᠠᠷᠤᠭᠰᠠᠨ ᠴᠠᠭᠠᠨ ᠰᠢᠬᠦᠷᠳᠠᠢ ᠵᠢᠴᠢ ᠬᠠᠷᠢᠭᠤᠯᠤᠭᠴᠢ᠃ 
ᠠᠷᠸᠢᠰ ᠲᠠᠷᠨᠢᠰ ᠤ᠋ᠨ ᠬᠠᠲᠤᠨ ᠡᠭᠦᠨ ᠢ᠋ ᠪᠠᠷᠢᠪᠠᠰᠤ ᠪᠠ᠃ ᠤᠩᠰᠢᠪᠠᠰᠤ ᠡᠯᠡ᠃ 
ᠬᠥᠪᠡᠭᠦᠨ ᠬᠦᠰᠡᠭᠴᠢᠳ ᠬᠥᠪᠡᠭᠦᠨ ᠣᠯᠤᠭᠠᠳ᠃ᠨᠠᠰᠤᠨ ᠪᠠ ᠪᠤᠶᠠᠨ ᠪᠠ ᠬᠦᠴᠦᠨ ᠢ᠋ ᠪᠡᠷ ᠮᠠᠰᠢ ᠣᠯᠤᠮᠤᠢ᠃
ᠡᠨᠳᠡ ᠡᠴᠡ ᠦᠬᠦᠨ ᠶᠡᠭᠦᠳᠬᠡᠵᠦ ᠰᠤᠺᠠᠸᠠᠳᠢ ᠶ᠋ᠢᠨ ᠶᠢᠷᠲᠢᠨᠴᠦ ᠳ᠋ᠦ᠍ᠷ ᠲᠥᠷᠥᠬᠦ ᠪᠣᠯᠤᠶᠤ ᠅ 
ᠬᠥᠮᠦᠨ ᠦ᠌ ᠡᠪᠡᠳᠴᠢᠨ᠃ ᠮᠠᠯ ᠤ᠋ᠨ ᠬᠢᠷᠠᠮ᠃ ᠭᠠᠮᠰᠢᠭ ᠡᠪᠡᠳᠴᠢᠨ᠃ ᠬᠥᠨᠥᠭᠡᠯ᠃ ᠬᠣᠣᠷ ᠪᠠ᠃ 
ᠬᠠᠯᠳᠠᠬᠤ ᠡᠪᠡᠳᠴᠢᠨ᠃ ᠬᠠᠮᠤᠭ ᠬᠢᠮᠤᠷᠠᠯ ᠪᠠ᠃ᠴᠢᠨᠠᠳᠤᠰ ᠤ᠋ᠨ ᠴᠡᠷᠢᠭ ᠦ᠋ᠨ ᠴᠢᠭᠤᠯᠭᠠᠨ ᠢᠷᠡᠬᠦᠢ ᠪᠦᠭᠦᠳᠡ ᠳ᠋ᠦ᠍ᠷ᠃ 
ᠲᠡᠭᠦᠨᠴᠢᠯᠡᠨ ᠢᠷᠡᠭᠰᠡᠨ ᠦ᠌ ᠦᠰᠨᠢᠷ ᠡᠴᠡ ᠭᠠᠷᠤᠭᠰᠠᠨ ᠴᠠᠭᠠᠨ ᠰᠢᠬᠦᠷᠳᠠᠢ ᠨᠡᠷᠡᠲᠦ ᠪᠣᠰᠤᠤᠨ᠌᠎ᠡ 
ᠦᠯᠦ ᠢᠯᠠᠭᠳᠠᠬᠤ ᠵᠢᠴᠢ ᠬᠠᠷᠢᠭᠤᠯᠤᠭᠴᠢ ᠠᠷᠸᠢᠰ ᠲᠠᠷᠨᠢᠰ ᠤ᠋ᠨ ᠬᠠᠲᠤᠨ ᠡᠭᠦᠨ ᠢ᠋᠃ 
ᠲᠤᠭ ᠤ᠋ᠨ ᠦᠵᠦᠭᠦᠷ᠎ᠡ ᠤᠶᠠᠵᠤ᠃ᠶᠡᠬᠡ ᠡᠷᠭᠦᠯ ᠬᠦᠨᠳᠦᠯᠡᠯ ᠢ᠋ᠶ᠋ᠡᠷ ᠲᠠᠬᠢᠯ ᠢ᠋ ᠶᠡᠬᠡᠳᠡ ᠦᠢᠯᠡᠳᠦᠭᠡᠳ᠃ 
ᠬᠠᠮᠤᠭ ᠪᠠᠯᠭᠠᠰᠤᠨ ᠤ᠋ ᠡᠭᠦᠳᠡᠨ ᠳ᠋ᠦ᠍ᠷ ᠪᠠ᠃ ᠪᠠᠯᠭᠠᠳ ᠲᠤᠷ ᠪᠠ᠃ᠪᠠᠯᠭᠠᠰᠤᠨ ᠳ᠋ᠤᠷ ᠪᠠ᠃ 
ᠠᠢᠯ ᠳ᠋ᠤᠷ ᠪᠠ᠃ ᠰᠢᠯᠳᠡᠬᠡᠨ ᠳ᠋ᠦ᠍ᠷ ᠪᠠ᠃ ᠬᠡᠢᠳ ᠦ᠋ᠨ ᠣᠷᠣᠨ ᠳ᠋ᠤᠷ ᠪᠠᠢᠭᠤᠯᠬᠤ ᠪᠣᠯᠠᠢ᠃ 
ᠬᠤᠲᠤᠭᠲᠤ ᠪᠣᠰᠤᠤᠨ᠌᠎ᠡ ᠦᠯᠦ ᠢᠯᠠᠭᠳᠠᠬᠤ ᠵᠢᠴᠢ ᠬᠠᠷᠢᠭᠤᠯᠤᠭᠴᠢ ᠠᠷᠸᠢᠰ ᠲᠠᠷᠨᠢᠰ ᠤ᠋ᠨ ᠬᠠᠲᠤᠨ ᠡᠭᠦᠨ ᠢ᠋᠃ 
ᠶᠡᠬᠡ ᠡᠷᠭᠦᠯ ᠬᠦᠨᠳᠦᠯᠡᠯ ᠢ᠋ ᠦᠢᠯᠡᠳᠦᠭᠡᠳ᠃ ᠪᠠᠢᠭᠤᠯᠪᠠᠰᠤ ᠪᠠᠢᠭᠤᠯᠤᠭᠠᠳ ᠰᠡᠴᠡ ᠪᠠᠢᠯᠳᠤᠭᠠᠨ ᠢ᠋ ᠠᠮᠤᠷᠯᠢᠭᠤᠯᠬᠤ ᠪᠣᠯᠤᠶᠤ᠃ 
ᠭᠠᠮᠰᠢᠭ ᠡᠪᠡᠳᠴᠢᠨ᠃ ᠬᠥᠨᠥᠭᠡᠯ᠃ ᠬᠣᠣᠷ ᠪᠠ᠃ ᠬᠠᠯᠳᠠᠬᠤᠢ ᠡᠪᠡᠳᠴᠢᠨ᠃ ᠬᠢᠮᠤᠷᠠᠯ ᠪᠠ᠃ 
ᠴᠢᠨᠠᠳᠤᠰ ᠤ᠋ᠨ ᠴᠡᠷᠢᠭ ᠦ᠋ᠨ ᠴᠢᠭᠤᠯᠭᠠᠨ ᠢᠷᠡᠬᠦᠢ ᠪᠦᠭᠦᠳᠡ ᠮᠠᠰᠢᠳᠠ ᠠᠮᠤᠷᠯᠢᠬᠤ ᠪᠣᠯᠤᠶᠤ ᠅ 
 ᠳ᠋ᠠᠳᠶᠠᠲ᠋ᠠ᠃ᠣᠮ ᠺᠣᠳᠤᠮ ᠪᠠᠨᠳᠠ ᠪᠠᠨᠳᠠ᠃ ᠮᠠᠮᠠ ᠷᠠᠭᠴᠠ ᠷᠠᠭᠴᠠ ᠰᠤᠤᠬ᠎ᠠ᠃ ᠣᠮ ᠺᠣᠳᠤᠮ ᠪᠠᠨᠳᠠ ᠪᠠᠨᠳᠠ᠃ 
ᠪᠠᠽᠠᠷ ᠮᠠᠮᠠ ᠷᠠᠭᠴᠠ ᠷᠠᠭᠴᠠ᠃ ᠪᠠᠽᠠᠷᠪᠠᠨᠢ ᠬᠣᠩ ᠫᠠᠳ ᠰᠤᠤᠬ᠎ᠠ᠃ 
ᠣᠮ ᠰᠠᠷᠸᠠ ᠳ᠋ᠠᠲ᠋ᠠᠭᠠᠳᠤ ᠦᠰᠨᠢᠬ᠎ᠠ ᠠᠨᠠᠯᠢ ᠠᠸᠠᠯᠤᠭᠢᠳᠢ ᠽᠦᠷᠨᠠᠳᠢ ᠽᠤᠷᠠᠰᠸᠢ᠃ 
ᠣᠮ ᠽᠤᠯᠠ ᠽᠤᠯᠠ᠃ ᠳᠠᠭ᠎ᠠ ᠳᠠᠭ᠎ᠠ᠃ ᠳ᠋ᠠᠷᠠ ᠳ᠋ᠠᠷᠠ᠃ ᠪᠢᠳᠠᠷᠠ ᠪᠢᠳᠠᠷᠠ᠃
ᠼᠢᠨᠳᠠ ᠼᠢᠨᠳᠠ᠃ ᠪᠢᠨᠲᠠ ᠪᠢᠨᠲᠠ᠃ ᠬᠣᠩ ᠬᠣᠩ ᠫᠠᠳ ᠫᠠᠳ ᠰᠤᠤᠬ᠎ᠠ᠃ 
ᠣᠮ ᠰᠠᠷᠸᠠ ᠳ᠋ᠠᠲ᠋ᠠᠭᠠᠳᠦ ᠦᠰᠨᠢᠬ᠎ᠠ ᠬᠣᠩ ᠫᠠᠳ ᠰᠤᠤᠬ᠎ᠠ᠃ ᠳ᠋ᠠᠳᠶᠠᠲ᠋ᠠ ᠣᠮ ᠠᠨᠠᠯᠢ ᠠᠨᠠᠯᠢ᠃ 
ᠺᠠᠰᠸᠮᠢ ᠺᠠᠰᠸᠮᠢ᠃ ᠪᠸᠷᠢ ᠪᠸᠷᠢ᠃ ᠰᠤᠮᠢ ᠰᠤᠮᠢ᠃ ᠰᠠᠷᠸᠠ ᠪᠦᠳ᠋ᠳ᠋ᠠ ᠠᠳᠢᠰᠲ᠋ᠠᠨᠠ ᠠᠳᠢᠰᠲ᠋ᠢᠳᠢ᠃ 
ᠰᠠᠷᠸᠠ ᠳ᠋ᠠᠲ᠋ᠠᠭᠠᠳᠦ ᠦᠰᠨᠢᠬ᠎ᠠ ᠰᠸᠳᠠ ᠳ᠋ᠠᠪᠠᠳ᠋ᠸᠷᠢ ᠬᠣᠩ ᠫᠠᠳ᠃ ᠬᠣᠩ ᠮᠠᠮᠠ ᠬᠣᠩ ᠨᠢ ᠰᠤᠤᠬ᠎ᠠ᠃
ᠬᠢᠵᠠᠭᠠᠯᠠᠯ ᠦᠭᠡᠢ ᠯᠤᠤᠰ ᠤ᠋ᠨ ᠬᠠᠭᠠᠨ ᠪᠠ᠃ ᠯᠠᠪᠠᠢ ᠲᠡᠳᠬᠦᠭᠴᠢ ᠯᠤᠤᠰ ᠤ᠋ᠨ ᠬᠠᠭᠠᠨ ᠪᠠ᠃ 
ᠶᠡᠬᠡ ᠬᠠᠷ᠎ᠠ ᠯᠤᠤᠰ ᠤ᠋ᠨ ᠬᠠᠭᠠᠨ ᠨᠤᠭᠤᠳ᠃ ᠴᠠᠭ ᠴᠠᠭ ᠲᠤᠷ ᠬᠤᠷ᠎ᠠ ᠣᠷᠣᠭᠤᠯᠤᠶᠤ᠃ 
ᠴᠠᠭ ᠴᠠᠭ ᠲᠤᠷ ᠡᠭᠦᠯᠡᠨ ᠢ᠋ ᠬᠤᠷᠢᠶᠠᠬᠤ ᠪᠠ᠃ ᠴᠠᠭ ᠴᠠᠭ ᠲᠤᠷ ᠯᠤᠤ ᠶ᠋ᠢᠨ ᠳᠠᠭᠤᠨ ᠢ᠋ ᠳᠠᠭᠤᠷᠢᠰᠬᠠᠬᠤ ᠪᠣᠯᠤᠶᠤ᠃
ᠬᠠᠮᠤᠭ ᠴᠢᠬᠤᠯᠠ ᠬᠥᠨᠥᠭᠡᠯ ᠳ᠋ᠦ᠍ᠷ ᠪᠤᠷᠬᠠᠨ ᠤ᠋ ᠶᠤᠺᠠ ᠶ᠋ᠢ ᠦᠢᠯᠡᠳᠴᠦ ᠭᠤᠷᠪᠠᠨᠲᠠ ᠤᠷᠢᠭᠳᠠᠬᠤᠢ᠃ 
ᠪᠤᠷᠬᠠᠨ ᠪᠣᠳᠢᠰᠠᠳ᠋ᠸ᠎ᠠ ᠨᠠᠷ ᠪᠠ᠃ᠲᠡᠭᠷᠢ ᠬᠥᠮᠦᠨ ᠠᠰᠤᠷᠢ ᠨᠠᠷ ᠭᠠᠨᠳᠠᠷᠢ ᠨᠠᠷ 
ᠰᠡᠯᠲᠡ ᠶᠢᠷᠲᠢᠨᠴᠦ ᠳ᠋ᠠᠬᠢᠨ  ᠳᠠᠭᠠᠨ  ᠪᠠᠶᠠᠰᠤᠭᠠᠳ᠃ 
ᠢᠯᠠᠵᠤ ᠲᠡᠭᠦᠰ ᠨᠥᠭᠴᠢᠭᠰᠡᠨ ᠦ᠌ ᠨᠣᠮᠯᠠᠭᠰᠠᠨ ᠢ᠋ ᠢᠯᠡᠳᠡ ᠮᠠᠭᠲᠠᠪᠠᠢ ᠅ 
 
ᠬᠠᠷᠢᠭᠤᠯᠭ᠎ᠠ ᠦᠢᠯᠡᠳᠬᠦ ᠢᠨᠤ᠃
ᠲᠡᠭᠦᠰ ᠢᠯᠠᠭᠤᠭᠰᠠᠨ ᠴᠠᠭᠠᠨ ᠰᠢᠬᠦᠷᠳᠠᠢ ᠪᠤᠷᠬᠠᠨ ᠪᠠ᠃ 
ᠠᠤᠭ᠎ᠠ ᠬᠦᠴᠦᠨ ᠨᠣᠬᠦᠳ ᠢᠨᠤ  ᠳᠥᠷᠪᠡᠯ ᠦᠭᠡᠢ ᠪᠣᠯᠤᠭᠠᠳ᠃ 
ᠨᠢᠭᠦᠯᠡᠰᠬᠦᠢ ᠶ᠋ᠢᠨ ᠢᠷᠦᠭᠡᠯ ᠦ᠋ᠨ ᠬᠦᠴᠦᠨ ᠪᠡᠬᠢ ᠶ᠋ᠢᠨ ᠲᠤᠯᠠᠳᠠ᠃ 
ᠪᠢ ᠪᠡᠷ ᠲᠠᠨ ᠳ᠋ᠤᠷ ᠰᠦᠰᠦᠭᠯᠡᠭᠡᠳ ᠵᠠᠯᠪᠠᠷᠢᠭᠰᠠᠨ ᠶᠣᠰᠣᠭᠠᠷ᠃
ᠪᠤᠷᠬᠠᠨ ᠪᠠᠭᠰᠢ ᠶ᠋ᠢᠨ ᠱᠠᠰᠢᠨ ᠠᠨᠤ ᠥᠷᠭᠡᠵᠢᠵᠦ ᠳᠡᠯᠭᠡᠷᠡᠨ᠃ 
ᠬᠠᠮᠤᠭ ᠡᠯ᠎ᠡ ᠠᠮᠢᠲᠠᠨ ᠢ᠋ ᠵᠢᠷᠭᠠᠯᠠᠩᠲᠤ ᠪᠣᠯᠲᠤᠭᠠᠢ᠃ 
ᠰᠢᠯᠳᠠᠭᠠᠨ᠎ᠠ ᠪᠠᠷᠢᠯᠳᠤᠭᠰᠠᠨ ᠥᠭᠯᠢᠭᠡ ᠶ᠋ᠢᠨ ᠡᠵᠡᠨ ᠰᠠᠯᠳᠠᠰ ᠤ᠋ᠨ᠃ 
ᠭᠤᠲᠤᠮᠰᠢᠭᠲᠤ ᠵᠣᠪᠠᠯᠠᠩ ᠢ᠋ ᠬᠠᠷᠢᠭᠤᠯᠤᠨ ᠰᠣᠶᠣᠷᠬ᠎ᠠ ᠅ 
ᠮᠠᠭᠤ ᠪᠡᠯᠭᠡ ᠵᠡᠭᠦᠳᠦᠨ ᠪᠠ ᠢᠷᠸᠠᠰ ᠤ᠋ᠳ ᠢ᠋ ᠬᠠᠷᠢᠭᠤᠯ᠃ 
ᠲᠡᠮᠳᠡᠭ ᠬᠢᠭᠡᠳ ᠮᠠᠭᠤ ᠰᠢᠳᠦᠨ ᠪᠠᠷᠢᠯᠳᠤᠯ ᠢ᠋ ᠬᠠᠷᠢᠭᠤᠯ᠃ 
ᠵᠡᠳᠬᠡᠷ ᠲᠡᠢᠨ ᠦ᠌ ᠮᠠᠭᠤ ᠰᠠᠨᠠᠯ ᠪᠠᠷᠢᠯᠳᠤᠯ ᠢ᠋ ᠬᠠᠷᠢᠭᠤᠯ᠃ 
ᠨᠠᠶᠠᠨ ᠳᠥᠷᠪᠡᠨ ᠮᠠᠭᠤ ᠢᠷᠣ᠎ᠠ ᠪᠦᠭᠦᠳᠡ ᠶ᠋ᠢ ᠬᠠᠷᠢᠭᠤᠯ᠃ 
ᠭᠤᠷᠪᠠᠨ ᠵᠠᠭᠤᠨ ᠵᠢᠷᠠᠨ ᠵᠦᠢᠯ ᠦ᠋ᠨ ᠭᠡᠨᠡᠳᠬᠡᠯ ᠢ᠋ ᠬᠠᠷᠢᠭᠤᠯ᠃ 
ᠳᠥᠷᠪᠡᠨ ᠵᠠᠭᠤᠨ ᠳᠥᠷᠪᠡᠨ ᠵᠦᠢᠯᠲᠦ ᠡᠪᠡᠳᠴᠢᠨ ᠢ᠋ ᠬᠠᠷᠢᠭᠤᠯ᠃
ᠲᠣᠳᠬᠠᠷ ᠵᠦᠢᠯ ᠦ᠋ᠨ ᠨᠠᠶᠠᠨ ᠮᠢᠩᠭᠠᠨ ᠲᠣᠭᠠᠲᠠᠨ ᠢ᠋ ᠬᠠᠷᠢᠭᠤᠯ᠃ 
ᠨᠢᠯᠬ᠎ᠠ ᠶ᠋ᠢᠨ ᠠᠷᠪᠠᠨ ᠲᠠᠪᠤᠨ ᠶᠡᠬᠡ ᠠᠳᠠᠰ ᠤ᠋ᠳ ᠢ᠋ ᠬᠠᠷᠢᠭᠤᠯ᠃ 
ᠴᠠᠭ ᠲᠤᠷ ᠪᠤᠰᠤ ᠨᠠᠢ᠍ᠮᠠᠨ ᠵᠦᠢᠯᠲᠦ ᠦᠬᠦᠯ ᠦ᠋ᠳ ᠢ᠋ ᠬᠠᠷᠢᠭᠤᠯ᠃ 
ᠳᠡᠭᠡᠷᠡᠬᠢ ᠰᠢᠮᠨᠤ ᠪᠣᠯᠵᠤ ᠬᠥᠳᠡᠯᠭᠦᠢ ᠶ᠋ᠢ ᠬᠠᠷᠢᠭᠤᠯ᠃ 
ᠳᠣᠣᠷᠠᠬᠢ ᠪᠤᠭ ᠪᠣᠯᠤᠨ ᠪᠣᠰᠬᠤᠢ ᠶ᠋ᠢ ᠬᠠᠷᠢᠭᠤᠯ᠃ 
ᠬᠠᠭᠠᠴᠠᠯᠠᠬᠤᠢ ᠶᠠᠷᠭᠠᠴᠢᠨ ᠤ᠋ ᠬᠤᠪᠢᠷᠠᠯ ᠢ᠋ ᠬᠠᠷᠢᠭᠤᠯ᠃ 
ᠡᠴᠢᠭᠡ ᠪᠠ ᠡᠪᠦᠭᠡᠳ ᠦ᠋ᠨ ᠬᠡᠭᠦᠷ ᠪᠤᠭ ᠢ᠋ ᠬᠠᠷᠢᠭᠤᠯ᠃ 
ᠬᠥᠮᠦᠨ ᠳ᠋ᠦ᠍ᠷ ᠡᠪᠡᠳᠴᠢᠨ ᠢ᠋ ᠲᠠᠯᠪᠢᠬᠤᠢ ᠶ᠋ᠢ ᠬᠠᠷᠢᠭᠤᠯ᠃ 
ᠮᠠᠯ ᠳ᠋ᠤᠷ ᠭᠠᠮᠰᠢᠭ ᠭᠠᠷᠤᠯᠭᠠᠨ ᠤ᠋ ᠦᠢᠯᠡᠳᠬᠦᠢ ᠶ᠋ᠢ ᠬᠠᠷᠢᠭᠤᠯ᠃ 
ᠲᠩᠷᠢᠨ ᠦ᠌ ᠴᠠᠯᠢᠶᠠᠰᠤᠨ ᠪᠣᠭᠣᠬᠤ ᠶ᠋ᠢ ᠬᠠᠷᠢᠭᠤᠯ᠃ 
ᠭᠠᠵᠠᠷ ᠠ᠋ᠴᠠ ᠬᠣᠣᠷᠲᠤ ᠰᠤᠮᠤ ᠬᠥᠳᠡᠯᠬᠦ ᠶ᠋ᠢ ᠬᠠᠷᠢᠭᠤᠯ᠃ 
ᠬᠦᠯᠢᠯ ᠮᠡᠩᠭᠡ ᠶ᠋ᠢᠨ ᠮᠠᠭᠤ ᠬᠠᠷᠰᠢ ᠪᠦᠭᠦᠳᠡ ᠶ᠋ᠢ ᠬᠠᠷᠢᠭᠤᠯ᠃ 
ᠬᠠᠷᠰᠢ ᠭᠠᠢ ᠪᠠ ᠭᠤᠲᠤᠭᠠᠭᠴᠢ ᠪᠤᠭ ᠪᠣᠰᠬᠤᠢ ᠶ᠋ᠢ ᠬᠠᠷᠢᠭᠤᠯ᠃ 
ᠬᠠᠷᠰᠢ ᠰᠢᠯᠲᠠᠭ ᠵᠡᠳᠬᠡᠷ ᠦ᠋ᠳ ᠢ᠋ ᠬᠣᠴᠣᠷᠤᠯ ᠦᠭᠡᠢ ᠬᠠᠷᠢᠭᠤᠯ᠃ 
ᠬᠠᠮᠤᠭ ᠰᠠᠢᠨ ᠤ᠋ ᠴᠢᠭᠤᠯᠭᠠᠨ ᠢ᠋ ᠬᠣᠴᠣᠷᠤᠯ ᠦᠭᠡᠢ ᠰᠣᠶᠣᠷᠬ᠎ᠠ ᠅ 
ᠬᠤᠲᠤᠭᠲᠤ ᠲᠡᠭᠦᠨᠴᠢᠯᠡᠨ ᠢᠷᠡᠭᠰᠡᠨ ᠦ᠌ ᠦᠰᠨᠢᠷ ᠡᠴᠡ ᠭᠠᠷᠤᠭᠰᠠᠨ ᠴᠠᠭᠠᠨ ᠰᠢᠬᠦᠷᠳᠠᠢ᠃ 
ᠪᠣᠰᠤᠤᠨ᠌᠎ᠡ ᠦᠯᠦ ᠢᠯᠠᠭᠳᠠᠬᠤ ᠶᠡᠬᠡᠳᠡ ᠬᠠᠷᠢᠭᠤᠯᠤᠭᠴᠢ ᠳᠡᠭᠡᠳᠦ ᠪᠦᠲᠦᠭᠰᠡᠨ ᠨᠡᠷᠡᠲᠦ ᠲᠠᠷᠨᠢ ᠲᠡᠭᠦᠰᠪᠡ ᠅ 
ᠠᠮᠤᠷᠵᠢᠭᠰᠠᠨ ᠨᠢᠭᠦᠯᠡᠰᠬᠦᠢ ᠦᠰᠨᠢᠷ ᠡᠴᠡ ᠲᠥᠷᠥᠭᠡᠳ᠃ 
ᠠᠮᠤᠷ ᠪᠤᠯᠬᠤᠢ ᠱᠠᠰᠢᠨ ᠨᠣᠮ ᠳ᠋ᠤᠷ ᠬᠣᠣᠷᠯᠠᠭᠴᠢᠨ ᠢ᠋ ᠡᠴᠦᠯᠭᠡᠨ᠃ 
ᠠᠮᠤᠷ ᠰᠠᠢᠨ ᠤ᠋ ᠠᠴᠢ ᠦᠷ᠎ᠡ ᠶ᠋ᠢ ᠴᠢᠬᠤᠯᠠᠳᠠ ᠥᠭᠭᠦᠭᠴᠢ᠃ 
ᠠᠮᠤᠷ ᠮᠠᠩᠯᠠᠢ ᠲᠤᠭᠠᠷᠵᠠᠨ ᠤ᠋ ᠦᠯᠵᠢ ᠬᠤᠲᠤᠭ ᠤᠷᠤᠰᠢ ᠅᠃ ᠅
 
  ᠰᠤᠳᠤᠷ ᠤᠨ ᠦᠰᠦᠭ  ᠢ ᠠᠮᠢᠯᠠᠭᠤᠯᠦᠭ᠍ᠴᠢ ᠄  ᠳᠡᠭᠰᠢᠮᠥ᠋ᠩᠬᠡ 
  ᠬᠢᠨᠡᠭ᠍ᠴᠢ᠄   ᠬᠡᠢᠮᠦᠷᠢ ᠰᠦᠯᠵᠢᠶ᠎ᠡ ᠶᠢᠨ ᠱᠠᠰᠢᠨ ᠰᠢᠲᠦᠯᠭᠡ  ᠬᠣᠯᠪᠣᠭ᠎ᠠ