ᠤᠢᠭᠤᠷᠵᠢᠨ ᠮᠣᠩᠭᠣᠯ ᠦᠰᠦᠭ ᠦ᠋ᠨ ᠡᠭᠦᠰᠦᠯ ᠭᠠᠷᠤᠯУйгуржин монгол өсгийн үүсэл гарал
ᠤᠢᠭᠤᠷᠵᠢᠨ ᠮᠣᠩᠭᠣᠯ ᠦᠰᠦᠭ ᠦ᠋ᠨ ᠡᠭᠦᠰᠦᠯ ᠭᠠᠷᠤᠯ
ᠤᠢᠭᠤᠷᠵᠢᠨ ᠮᠣᠩᠭᠣᠯ ᠦᠰᠦᠭ ᠦ᠋ᠨ ᠡᠭᠦᠰᠦᠯ ᠭᠠᠷᠤᠯ ᠤ᠋ᠨ ᠲᠤᠬᠠᠢ ᠲᠣᠪᠴᠢ ᠲᠠᠨᠢᠯᠴᠠᠭᠤᠯᠭ᠎ᠠ ᠵᠢᠴᠢ ᠡᠯ᠎ᠡ ᠢᠵᠠᠭᠤᠷ ᠡᠭᠦᠰᠦᠯ ᠦ᠋ᠨ ᠦᠰᠦᠭ ᠪᠢᠴᠢᠭ ᠦ᠋ᠨ ᠵᠢᠷᠤᠭ ᠬᠠᠪᠰᠤᠷᠤᠯᠲᠠ
ᠳᠡᠯᠡᠬᠡᠢ ᠶᠢᠷᠲᠢᠨᠴᠦ ᠶ᠋ᠢᠨ ᠦᠰᠦᠭ ᠪᠢᠴᠢᠭ ᠦ᠋ᠨ ᠡᠭᠦᠰᠦᠯ ᠭᠠᠷᠤᠯ ᠢ᠋ ᠶᠠᠷᠢᠬᠤ ᠳ᠋ᠤ᠌ ᠶᠡᠷᠦ ᠨᠢ ᠡᠷᠲᠡᠨ ᠦ᠌ ᠶᠸᠵᠢᠫᠲ ᠦ᠋ᠨ ᠳᠦᠷᠰᠦᠲᠦ ᠦᠰᠦᠭ ( HIEROGLYPHS ) ᠪᠣᠯᠤᠨ ᠮᠸᠰᠤᠫᠤᠲᠠᠮᠢᠶᠠ ᠶ᠋ᠢᠨ ᠱᠣᠪᠬᠣ ᠦᠰᠦᠭ ᠡᠴᠡ ᠰᠠᠯᠵᠤ ᠪᠣᠯᠣᠰᠢ ᠦᠭᠡᠢ ᠪᠢᠯᠡ ᠃ ᠡᠨᠡ ᠬᠣᠶᠠᠷ ᠦᠰᠦᠭ ᠪᠢᠴᠢᠭ ᠨᠢ ᠣᠳᠣᠬᠠᠨ ᠤ᠋ ᠰᠤᠳᠤᠯᠤᠯ ᠤ᠋ᠨ ᠦᠷ᠎ᠡ ᠳ᠋ᠦᠩ ᠳ᠋ᠦ᠍ ᠢᠯᠡᠷᠡᠭᠦᠯᠦᠭᠡᠳ ᠪᠠᠢᠭ᠎ᠠ ᠬᠠᠮᠤᠭ ᠡᠷᠲᠡᠨ ᠦ᠌ ᠲᠣᠭᠲᠠᠯᠴᠠᠭ᠎ᠠ ᠲᠠᠢ ᠦᠰᠦᠭ ᠪᠢᠴᠢᠭ ᠪᠣᠯᠬᠤ ᠶᠤᠮ ᠠ᠋ ᠃
※ ᠡᠷᠲᠡᠨ ᠦ᠌ ᠶᠸᠵᠢᠫᠲ ᠦ᠋ᠨ ᠳᠦᠷᠰᠦᠲᠦ ᠦᠰᠦᠭ ᠦ᠋ᠨ ᠡᠭᠦᠰᠦᠭᠰᠡᠨ ᠴᠠᠭ ( ᠮᠠᠨ ᠤ᠋ ᠡᠷᠡᠨ ᠡᠴᠡ ᠡᠮᠦᠨ᠎ᠡ 3300- 3100 ᠣᠨ ) ;
※ ᠮᠸᠰᠤᠫᠤᠲᠠᠮᠢᠶᠠ ᠶ᠋ᠢᠨ ᠱᠣᠪᠬᠣ ᠦᠰᠦᠭ ᠦ᠋ᠨ ᠡᠭᠦᠰᠦᠭᠰᠡᠨ ᠴᠠᠭ ( ᠮᠠᠨ ᠤ᠋ ᠡᠷᠡᠨ ᠡᠴᠡ ᠡᠮᠦᠨ᠎ᠡ 3200 ᠣᠨ );

※ ᠲᠤᠰ ᠵᠢᠷᠤᠭ ᠪᠣᠯ ᠮᠠᠨ ᠤ᠋ ᠡᠷᠡᠨ ᠡᠴᠡ ᠡᠮᠦᠨᠡᠬᠢ3 320—3150 ᠣᠨ ᠤ᠋ ᠬᠣᠭᠣᠷᠣᠨᠳᠣ ᠵᠣᠬᠢᠶᠠᠭᠳᠠᠭᠰᠠᠨ ᠡᠷᠲᠡᠨ ᠦ᠌ ᠶᠧᠵᠢᠫᠲ ᠦ᠋ᠨ ᠳᠦᠷᠰᠦᠲᠦ ᠦᠰᠦᠭ ᠰᠡᠢᠯᠦᠭᠰᠡᠨ ᠵᠠᠭᠠᠨ ᠤ᠋ ᠶᠠᠰᠤᠨ ᠱᠣᠰᠢᠭ᠎ᠠ ᠪᠣᠯᠤᠨ᠎ᠠ᠃

ᠮᠠᠨ ᠤ᠋ ᠡᠷᠡᠨ ᠡᠴᠡ ᠡᠮᠦᠨ᠎ᠡ ᠶ᠋ᠢᠨ 1900-1500 ᠣᠨ ᠤ᠋ ᠬᠣᠭᠣᠷᠣᠨᠳᠣ ᠡᠷᠲᠡᠨ ᠦ᠌ ᠶᠧᠵᠢᠫᠲ ᠦ᠋ᠨ ᠳᠦᠷᠰᠦᠲᠦ ᠦᠰᠦᠭ ᠢ᠋ ᠲᠠᠨᠢᠳᠠᠭ ᠰᠸᠨᠠᠢ ᠬᠣᠢᠭ ᠤ᠋ᠨ ᠠᠭᠤᠷᠬᠠᠢᠴᠢᠳ ( ᠲᠡᠢᠨ ᠦ᠌ ᠣᠯᠵᠠᠯᠠᠭᠳᠠᠭᠰᠠᠳ ) ᠨᠢ ᠡᠷᠲᠡᠨ ᠦ᠌ ᠶᠧᠵᠢᠫᠲ ᠦ᠋ᠨ ᠳᠦᠷᠰᠦᠲᠦ ᠦᠰᠦᠭ ᠢ᠋ ᠥᠪᠡᠷ ᠦ᠋ᠨ ᠢ᠋ᠶ᠋ᠡᠨ ᠰᠸᠮᠢᠲ SEMITIC ᠬᠡᠯᠡ ᠲᠡᠢ ᠤᠶᠠᠯᠳᠤᠭᠤᠯᠤᠨ ᠢᠵᠠᠭᠤᠷ ᠡᠷᠲᠡᠨ ᠦ᠌ ᠰᠸᠨᠠᠢ (PROTO-SINAITIC) ᠭᠡᠬᠦ 27-30 ᠣᠷᠴᠢᠮ ᠲᠣᠭᠲᠠᠪᠤᠷᠢ ᠦᠭᠡᠢ ᠴᠠᠭᠠᠨ ᠲᠣᠯᠣᠭᠠᠢ ᠪᠤᠶᠤ ᠭᠠᠯᠢᠭ ᠦᠰᠦᠭ ᠢ᠋ ᠵᠣᠬᠢᠶᠠᠭᠰᠠᠨ ᠲᠠᠯ᠎ᠠ ᠪᠠᠷ ᠣᠯᠠᠨ ᠡᠷᠳᠡᠮᠲᠡᠳ ᠰᠠᠨᠠᠯ ᠨᠢᠭᠡᠲᠡᠢ ᠪᠠᠢᠨ᠎ᠠ ᠃
ᠡᠭᠦᠨ ᠳ᠋ᠦ᠍ ᠬᠠᠮᠤᠭ ᠤ᠋ᠨ ᠠᠯᠳᠠᠷᠲᠠᠢ ᠨᠢ ᠰᠸᠷᠠᠪᠢᠲ ᠡᠯᠢ - ᠬᠠᠳᠢᠮ ᠬᠡᠮᠡᠬᠦ ᠠᠭᠤᠷᠬᠠᠢ ᠳ᠋ᠤ᠌ ᠣᠷᠣᠰᠢᠬᠤ ᠬᠠᠲ᠋ᠬᠣᠷ ᠰᠠᠬᠢᠭᠤᠯᠰᠤᠨ ᠳ᠋ᠤ᠌ ᠵᠣᠷᠢᠭᠤᠯᠤᠭᠰᠠᠨ ᠰᠦᠮ᠎ᠡ ᠶ᠋ᠢᠨ ᠳᠣᠲᠣᠷᠠᠬᠢ ᠴᠢᠯᠠᠭᠤᠨ ᠳ᠋ᠤ᠌ ᠰᠡᠢᠯᠦᠭᠰᠡᠨ ᠪᠢᠴᠢᠭᠡᠰᠦ ᠪᠣᠯᠤᠨ᠎ᠠ ᠃
ᠡᠨᠡᠬᠦ ᠴᠢᠯᠠᠭᠤᠨ ᠰᠡᠢᠯᠦᠮᠡᠯ ᠳ᠋ᠡᠬᠢ ᠦᠰᠦᠭ ᠦ᠋ᠨ ᠲᠠᠯ᠎ᠠ ᠪᠠᠷ ᠬᠢ ᠲᠠᠢᠯᠪᠤᠷᠢᠯᠠᠯᠲᠠ ᠳ᠋ᠤ᠌ ᠣᠯᠠᠨ᠎ᠠ ᠬᠠᠮᠤᠭ ᠤ᠋ᠨ ᠦᠨᠡᠯᠡᠭᠳᠡᠭᠰᠡᠨ ᠨᠢ \"TO BAALAT (LADY), THE MISTRESS\" ᠪᠣᠯᠤᠨ᠎ᠠ ᠃ ᠤᠳᠬ᠎ᠠ ᠨᠢ 《ᠡᠮᠡᠭᠲᠡᠢ ᠰᠠᠬᠢᠭᠤᠯᠰᠤᠨ ᠳ᠋ᠤ᠌ ᠬᠦᠨᠳᠦᠳᠬᠡᠨ ᠵᠣᠷᠢᠭᠤᠯᠪᠠ》᠃

ᠢᠵᠠᠭᠤᠷ ᠡᠷᠲᠡᠨ ᠦ᠌ ᠰᠸᠨᠠᠢ (PROTO-SINAITIC) ᠦᠰᠦᠭ ᠨᠢ ᠤᠯᠠᠷᠢᠨ ᠬᠥᠭᠵᠢᠭᠰᠡᠭᠡᠷ ᠰᠸᠮᠢᠲ SEMITIC ᠢᠵᠠᠭᠤᠷ ᠬᠡᠯᠡᠨ ᠳ᠋ᠦ᠍ ᠬᠢ ᠢᠵᠠᠭᠤᠷ ᠬᠠᠨᠠᠭᠠᠨ(PROTO-CANAANITE) ᠬᠡᠯᠡᠨ ᠦ᠌ ᠴᠠᠭᠠᠨ ᠲᠣᠯᠣᠭᠠᠢ ᠪᠣᠯᠤᠨ ᠬᠤᠪᠢᠷᠠᠵᠠᠢ ᠃ ᠡᠨᠡ ᠨᠢ ᠮᠠᠨ ᠤ᠋ ᠡᠷᠡᠨ ᠡᠴᠡ ᠡᠮᠦᠨᠡᠬᠢ 1600 - 1050 ᠣᠨ ᠤ᠋ ᠬᠣᠭᠣᠷᠣᠨᠳᠣ ᠪᠠᠢᠵᠤ 22-28 ᠣᠷᠴᠢᠮ ᠶᠠᠪᠤᠭᠠᠨ ᠳ᠋ᠤ᠌ ᠪᠠᠨ ᠲᠣᠭᠲᠠᠪᠤᠷᠢᠵᠢᠭᠰᠠᠨ ᠴᠠᠭᠠᠨ ᠲᠣᠯᠣᠭᠠᠢ ᠪᠣᠯᠤᠨ᠎ᠠ ᠃ ᠡᠨᠡᠬᠦ ᠢᠵᠠᠭᠤᠷ ᠬᠠᠨᠠᠭᠠᠨ (PROTO-CANAANITE) ᠬᠡᠯᠡᠨ ᠦ᠌ ᠴᠠᠭᠠᠨ ᠲᠣᠯᠣᠭᠠᠢ ᠨᠢ 1050 ᠣᠨ ᠠ᠋ᠴᠠ ᠡᠷᠲᠡᠨ ᠦ᠌ ᠹᠣᠸᠨᠢᠼᠢᠶᠠᠨ ᠴᠠᠭᠠᠨ ᠲᠣᠯᠣᠭᠠᠢ (PHOENICIAN ALPHABET) ᠪᠣᠯᠵᠤ ᠬᠤᠪᠢᠷᠠᠵᠠᠢ ᠃ ᠹᠣᠸᠨᠢᠼᠢᠶᠠᠨ ᠴᠠᠭᠠᠨ ᠲᠣᠯᠣᠭᠠᠢ ᠨᠢ (PHOENICIAN ALPHABET) ᠬᠣᠵᠢᠮ ᠨᠢ ᠡᠷᠲᠡᠨ ᠦ᠌ ᠭᠷᠢᠭ ᠂ ᠯᠠᠲ᠋ᠢᠨ ᠂ ᠠᠷᠠᠮᠢ ᠂ ᠢᠪᠷᠠᠢ ᠂ ᠠᠷᠠᠪ ᠵᠡᠷᠭᠡ ᠴᠠᠭᠠᠨ ᠲᠣᠯᠣᠭᠠᠢ ᠪᠣᠯᠤᠨ ᠬᠤᠪᠢᠷᠠᠵᠤ ᠬᠥᠭᠵᠢᠭᠰᠡᠨ ᠶᠦᠮ ᠃
ᠡᠭᠦᠨ ᠳ᠋ᠦ᠍ ᠡᠷᠲᠡᠨ ᠦ᠌ ᠠᠷᠠᠮᠢ ᠴᠠᠭᠠᠨ ᠲᠣᠯᠣᠭᠠᠢ (ᠮᠠᠨ ᠤ᠋ ᠡᠷᠡᠨ ᠡᠴᠡ ᠡᠮᠦᠨ᠎ᠡ 10 - ᠡᠮᠦᠨ᠎ᠡ 6 ᠳ᠋ᠤᠭᠠᠷ ᠵᠠᠭᠤᠨ) ᠨᠢ ᠮᠠᠨ ᠤ᠋ ᠮᠣᠩᠭᠣᠯ ᠬᠡᠯᠡᠨ ᠦ᠌ ᠡᠭᠦᠰᠦᠯ ᠭᠠᠷᠤᠯ ᠲᠠᠢ ᠬᠣᠯᠪᠣᠭ᠎ᠠ ᠲᠠᠢ ᠪᠠᠢᠳᠠᠭ ᠃
ᠳᠣᠣᠷᠠᠬᠢ ᠵᠢᠷᠤᠭ ᠪᠣᠯ ᠲᠸᠯ ᠹᠸᠺᠾᠷᠶᠸ TELL FEKHERYE ᠡᠴᠡ ᠣᠯᠳᠠᠭᠰᠠᠨ ᠮᠠᠨ ᠤ᠋ ᠡᠷᠡᠨ ᠡᠴᠡ ᠡᠮᠦᠨᠡᠬᠢ 9 ᠳ᠋ᠦ᠍ᠭᠡᠷ ᠵᠠᠭᠤᠨ ᠤ᠋ ᠳᠤᠮᠳᠠᠴᠢ ᠦᠶ᠎ᠡ ᠶ᠋ᠢᠨ ᠲᠢᠺᠣᠨᠲ᠋ᠢ - ᠨᠢᠨᠣᠷᠲ᠋ᠠ ᠬᠡᠮᠡᠬᠦ ᠨᠡᠷ᠎ᠡ ᠲᠡᠢ ᠠᠯᠳᠠᠷᠲᠤ ᠵᠠᠩᠵᠤᠨ ᠤ᠋ ᠴᠢᠯᠠᠭᠤᠨ ᠰᠡᠢᠯᠦᠮᠡᠯ ᠬᠥᠷᠥᠭ ᠪᠣᠯᠤᠨ᠎ᠠ ᠃ ᠲᠡᠭᠦᠨ ᠦ᠌ ᠳᠡᠪᠡᠯ ᠦ᠋ᠨ ᠳᠣᠣᠷᠠᠲᠤ ᠬᠡᠰᠡᠭ ᠲᠦ᠍ ᠡᠷᠲᠡᠨ ᠦ᠌ ᠠᠺᠺᠳ᠋ ᠴᠠᠭᠠᠨ ᠲᠣᠯᠣᠭᠠᠢ ᠪᠣᠯᠤᠨ ᠡᠷᠲᠡᠨ ᠦ᠌ ᠠᠷᠠᠮᠢ (PHOENICIAN ALPHABET) ᠴᠠᠭᠠᠨ ᠲᠣᠯᠣᠭᠠᠢ ᠪᠠᠷ ᠰᠡᠢᠯᠦᠭᠰᠡᠨ 20 ᠮᠥᠷᠲᠦ ᠠᠭᠤᠯᠭ᠎ᠠ ᠪᠠᠢᠳᠠᠭ ᠃

ᠡᠷᠲᠡᠨ ᠦ᠌ ᠠᠷᠠᠮᠢ ᠴᠠᠭᠠᠨ ᠲᠣᠯᠣᠭᠠᠢ ᠠ᠋ᠴᠠ ᠡᠵᠡᠨᠲᠦ ᠭᠦᠷᠦᠨ ᠦ᠌ ᠠᠷᠠᠮᠢ ᠴᠠᠭᠠᠨ ᠲᠣᠯᠣᠭᠠᠢ (ᠮᠠᠨ ᠤ᠋ ᠡᠷᠡᠨ ᠡᠴᠡ ᠡᠮᠦᠨ᠎ᠡ 6 - ᠡᠮᠦᠨ᠎ᠡ 3 ᠳ᠋ᠤᠭᠠᠷ ᠵᠠᠭᠤᠨ) ᠪᠣᠯᠤᠨ ᠰᠸᠷᠢᠶᠠ ᠴᠠᠭᠠᠨ ᠲᠣᠯᠣᠭᠠᠢ ᠭᠡᠵᠦ ᠬᠣᠶᠠᠷ ᠰᠠᠯᠪᠤᠷᠢ ᠰᠠᠯᠪᠤᠷᠢᠯᠠᠭᠰᠠᠨ ᠶᠤᠮ ᠃ ᠡᠭᠦᠨ ᠳ᠋ᠦ᠍ ᠡᠵᠡᠨᠲᠦ ᠭᠦᠷᠦᠨ ᠦ᠌ ᠠᠷᠠᠮᠢ ᠴᠠᠭᠠᠨ ᠲᠣᠯᠣᠭᠠᠢ ᠪᠣᠯ ᠳᠠᠷᠤᠢ ᠰᠣᠭᠳᠠ ᠦᠰᠦᠭ ᠦ᠋ᠨ ᠡᠬᠢ ᠡᠭᠦᠰᠪᠦᠷᠢ ᠶᠤᠮ ᠃ ᠭᠡᠬᠦ ᠳ᠋ᠦ᠍ ᠪᠡᠨ ᠰᠣᠭᠳᠠ ᠴᠠᠭᠠᠨ ᠲᠣᠯᠣᠭᠠᠢ ᠨᠢ ᠰᠢᠭᠤᠳ ᠮᠠᠨ ᠤ᠋ ᠡᠷᠡᠨ ᠦ᠌ ᠡᠮᠦᠨᠡᠬᠢ 3 ᠳ᠋ᠤᠭᠠᠷ ᠵᠠᠭᠤᠨ ᠠ᠋ᠴᠠ ᠡᠭᠦᠰᠦᠭᠰᠡᠨ ᠪᠢᠰᠢ ᠂ ᠬᠠᠷᠢᠨ ᠲᠤᠬᠠᠢ ᠶ᠋ᠢᠨ ᠦᠶ᠎ᠡ ᠳ᠋ᠦ᠍ ᠰᠣᠭᠳᠠᠨᠢᠶᠠ ᠬᠡᠮᠡᠬᠦ (SOGDIANA) ᠭᠠᠵᠠᠷ ᠲᠤ᠌ ᠡᠵᠡᠨᠲᠦ ᠭᠦᠷᠦᠨ ᠦ᠌ ᠠᠷᠠᠮᠢ ᠴᠠᠭᠠᠨ ᠲᠣᠯᠣᠭᠠᠢ ᠨᠢ ᠤᠷᠲᠤ ᠬᠤᠭᠤᠴᠠᠭᠠᠨ ᠳ᠋ᠤ᠌ ᠨᠤᠲᠤᠭᠰᠢᠨ ᠬᠤᠪᠢᠷᠠᠭᠠᠳ ᠂ ᠮᠠᠨ ᠤ᠋ ᠡᠷᠡᠨ ᠦ᠌ 1- 2 ᠳ᠋ᠤᠭᠠᠷ ᠵᠠᠭᠤᠨ ᠤ᠋ ᠠᠭᠤᠯᠵᠠᠷ ᠲᠤ᠌ ᠲᠤᠬᠠᠢ ᠶ᠋ᠢᠨ ᠭᠠᠵᠠᠷ ᠤ᠋ᠨ ᠦᠭᠡ ᠬᠡᠯᠡ ᠳ᠋ᠦ᠍ ᠵᠣᠬᠢᠴᠠᠭᠰᠠᠨ ᠰᠣᠭᠳᠠ ᠴᠠᠭᠠᠨ ᠲᠣᠯᠣᠭᠠᠢ ᠪᠣᠯᠤᠨ ᠪᠦᠷᠢᠯᠳᠦᠵᠡᠢ᠃
ᠳᠣᠣᠷᠠᠬᠢ ᠵᠢᠷᠤᠭ ᠪᠣᠯ ᠮᠠᠨ ᠤ᠋ ᠡᠷᠡᠨ ᠦ᠌ 2 ᠳ᠋ᠤᠭᠠᠷ ᠵᠠᠭᠤᠨ ᠤ᠋ ᠦᠶ᠎ᠡ ᠶ᠋ᠢᠨ ᠺᠠᠷᠠ- ᠢ -ᠮᠠᠽᠠᠷ (KARA‑I‑MAZAR INSCRIPTION) ᠬᠡᠮᠡᠬᠦ ᠰᠣᠭᠳᠠ ᠴᠠᠭᠠᠨ ᠲᠣᠯᠣᠭᠠᠢ ᠪᠠᠷ ᠰᠡᠢᠯᠦᠭᠰᠡᠨ ᠲᠡᠦᠬᠡᠨ ᠣᠯᠳᠠᠪᠤᠷᠢ ᠪᠣᠯᠤᠨ᠎ᠠ᠃

ᠰᠣᠭᠳᠠ ᠴᠠᠭᠠᠨ ᠲᠣᠯᠣᠭᠠᠢ ᠨᠢ ᠮᠠᠨ ᠤ᠋ ᠡᠷᠡᠨ ᠦ᠌ 100 - 1200 ᠣᠨ ᠪᠣᠯᠲᠠᠯ᠎ᠠ ᠳᠤᠮᠳᠠᠳᠤ ᠠᠽᠢᠶ᠎ᠠ ᠳ᠋ᠤ᠌ ᠬᠡᠷᠡᠭᠯᠡᠭᠳᠡᠭᠡᠳ ᠢᠷᠡᠭᠰᠡᠨ ᠠᠪᠠᠴᠤ ᠂ 800 - 1200 ᠣᠨ ᠤ᠋ ᠬᠣᠭᠣᠷᠣᠨᠳᠣ ᠪᠣᠯ ᠰᠡᠭᠦᠯ ᠦ᠋ᠨ ᠬᠤᠭᠤᠴᠠᠭ᠎ᠠ ᠨᠢ ᠪᠠᠢᠵᠤ ᠂ ᠠᠭᠠᠵᠢᠮ ᠢ᠋ᠶ᠋ᠠᠷ ᠬᠠᠭᠤᠴᠢᠨ ᠤᠢᠭᠤᠷ ᠴᠠᠭᠠᠨ ᠲᠣᠯᠣᠭᠠᠢ ᠳ᠋ᠤ᠌ ᠣᠷᠣᠯᠠᠭᠳᠠᠭᠰᠠᠨ ᠶᠤᠮ ᠃ ᠬᠠᠭᠤᠴᠢᠨ ᠤᠢᠭᠤᠷ ᠴᠠᠭᠠᠨ ᠲᠣᠯᠣᠭᠠᠢ ᠨᠢ 8 -15 ᠳ᠋ᠤᠭᠠᠷ ᠵᠠᠭᠤᠨ ᠤ᠋ ᠰᠡᠭᠦᠯᠴᠢ ᠦᠶ᠎ᠡ ᠪᠣᠯᠲᠠᠯ᠎ᠠ ᠬᠡᠷᠡᠭᠯᠡᠭᠳᠡᠭᠡᠳ ᠢᠷᠡᠭᠰᠡᠨ ᠶᠤᠮ ᠃
ᠳᠣᠣᠷᠠᠬᠢ ᠵᠢᠷᠤᠭ ᠪᠣᠯ ᠮᠣᠩᠭᠣᠯ ᠤᠯᠤᠰ ᠠ᠋ᠴᠠ ᠣᠯᠳᠠᠭᠰᠠᠨ ᠮᠠᠨ ᠤ᠋ ᠡᠷᠡᠨ ᠦ᠌ 750- 760 ᠣᠨ ᠤ᠋ ᠬᠣᠭᠣᠷᠣᠨᠳᠣ ᠰᠡᠢᠯᠦᠭᠰᠡᠨ ᠰᠢᠨ᠎ᠡ ᠤᠰᠤ ᠴᠢᠯᠠᠭᠤᠨ ᠬᠥᠰᠢᠶ᠎ᠡ ᠪᠣᠯᠤᠨ᠎ᠠ ᠂ ᠤᠢᠭᠤᠷ ᠤ᠋ᠨ ᠪᠠᠶᠠᠨ ᠴᠣᠷᠣ ᠬᠠᠭᠠᠨ ᠤ᠋ ᠵᠠᠷᠯᠢᠭ ᠢ᠋ᠶ᠋ᠠᠷ ᠪᠣᠰᠬᠠᠭᠰᠠᠨ ᠥᠪᠡᠷ ᠢ᠋ ᠪᠡᠨ ᠲᠠᠨᠢᠯᠴᠠᠭᠤᠯᠵᠤ ᠂ ᠬᠥᠬᠡ ᠲᠥᠷᠥᠭ ᠢ᠋ ᠢᠯᠠᠭᠰᠠᠨ ᠂ ᠶᠢᠰᠦᠨ ᠣᠭᠣᠰ ᠢ᠋ ᠬᠣᠷᠢᠶᠠᠨ ᠨᠢᠭᠡᠳᠬᠡᠭᠰᠡᠨ ᠂ ᠬᠠᠤᠯᠢ ᠶᠣᠰᠣᠨ ᠤ᠋ ᠳᠥᠷᠦᠲᠦ ᠤᠯᠤᠰ ᠢ᠋ ᠪᠠᠢᠭᠤᠯᠤᠭᠰᠠᠨ ᠪᠠ ᠳᠠᠩ ᠤᠯᠤᠰ ᠯᠤᠭ᠎ᠠ ᠶᠢᠨ ᠭᠠᠳᠠᠭᠠᠳᠤ ᠬᠠᠷᠢᠯᠴᠠᠭᠠᠨ ᠤ᠋ ᠲᠠᠯ᠎ᠠ ᠪᠠᠷ ᠪᠢᠴᠢᠭᠰᠡᠨ 50 ᠮᠥᠷᠲᠦ ᠬᠠᠭᠤᠴᠢᠨ ᠤᠢᠭᠤᠷ ᠪᠢᠴᠢᠭ ᠦ᠋ᠨ ᠬᠥᠰᠢᠶ᠎ᠡ ᠪᠣᠯᠤᠨ᠎ᠠ ᠃

ᠤᠢᠭᠤᠷ ᠤ᠋ᠨ ᠡᠪᠦᠭᠡ ᠳᠡᠭᠡᠳᠦᠰ ᠨᠢ 744 - 840 ᠣᠨ ᠤ᠋ ᠬᠣᠭᠣᠷᠣᠨᠳᠣ ᠮᠣᠩᠭᠣᠯ ᠤ᠋ᠨ ᠲᠠᠯ᠎ᠠ ᠨᠤᠲᠤᠭ ᠢ᠋ ᠡᠵᠡᠯᠡᠨ ᠣᠷᠬᠣᠨ ᠭᠣᠣᠯ ᠤ᠋ᠨ ᠬᠥᠪᠡᠭᠡᠨ ᠳ᠋ᠦ᠍ ᠤᠷᠲᠤ ᠪᠠᠯᠢᠭ ᠬᠣᠲᠠᠨ᠎ᠠ ᠨᠡᠢᠰᠯᠡᠵᠦ ᠲᠥᠷᠥ ᠭᠦᠷᠦᠨ ᠲᠡᠢ ᠪᠠᠢᠭᠰᠠᠨ ᠠ᠋ᠴᠠ 840 ᠣᠨ ᠳ᠋ᠤ᠌ ᠬᠢᠷᠭᠢᠰᠴᠤᠳ ᠲᠤ᠌ ᠡᠵᠡᠯᠡᠭᠳᠡᠭᠡᠳ ᠲᠦᠷᠹᠠᠨ ᠵᠦᠭ ᠨᠢᠭᠡ ᠬᠡᠰᠡᠭ ᠨᠢ ᠨᠡᠭᠦᠵᠦ ᠤᠢᠭᠤᠷ ᠸᠠᠩᠲᠤ ᠤᠯᠤᠰ ᠢ᠋ ᠪᠠᠢᠭᠤᠯᠵᠠᠢ ᠃ ᠦᠯᠡᠳᠡᠭᠰᠡᠨ ᠬᠢᠷᠭᠢᠰᠴᠤᠳ ᠨᠢ ᠬᠡᠳᠦᠢᠪᠡᠷ ᠤᠢᠭᠤᠷ ᠤ᠋ᠨ ᠬᠠᠭᠠᠨᠲᠤ ᠤᠯᠤᠰ ᠢ᠋ ᠡᠵᠡᠯᠡᠭᠰᠡᠨ ᠴᠦ᠍ ᠠᠷᠪᠠᠬᠠᠨ ᠵᠢᠯ ᠥᠩᠭᠡᠷᠡᠭᠡᠳ ᠮᠣᠩᠭᠣᠯ ᠤ᠋ᠨ ᠡᠯ᠎ᠡ ᠠᠢᠮᠠᠭ ᠪᠠ ᠬᠢᠳᠠᠨᠴᠤᠳ ᠢ᠋ ᠬᠠᠮᠢᠶᠠᠷᠴᠤ ᠳᠡᠢᠯᠬᠦ ᠦᠭᠡᠢ ᠪᠣᠯᠵᠤ ᠶᠸᠨᠢᠰᠠᠢ ᠮᠥᠷᠡᠨ ᠦ᠌ ᠨᠤᠲᠤᠭ ᠳᠡᠪᠢᠰᠬᠡᠷ ᠲᠦ᠍ ᠪᠡᠨ ᠪᠤᠴᠠᠭᠰᠠᠨ ᠪᠠᠢᠨ᠎ᠠ ᠃ ᠲᠡᠢᠮᠦ ᠡᠴᠡ ᠮᠣᠩᠭᠣᠯ ᠤ᠋ᠨ ᠲᠠᠯ᠎ᠠ ᠨᠤᠲᠤᠭ ᠮᠣᠩᠭᠣᠯ ᠤ᠋ᠨ ᠡᠯ᠎ᠡ ᠠᠢᠮᠠᠭ ᠥᠪᠡᠷ ᠥᠪᠡᠷ ᠢ᠋ᠶ᠋ᠡᠨ ᠭᠠᠵᠠᠷ ᠨᠤᠲᠤᠭ ᠬᠤᠪᠢᠶᠠᠨ ᠡᠵᠡᠯᠡᠭᠡᠳ ᠬᠢᠳᠠᠨ(ᠯᠢᠶᠣᠣ 907–1125) ᠤᠯᠤᠰ ᠤ᠋ᠨ ᠪᠦᠷᠢᠨ ᠪᠤᠰᠤ ᠡᠷᠬᠡᠰᠢᠶᠡᠯ ᠳᠣᠣᠷ᠎ᠠ ᠬᠠᠷᠢᠯᠴᠠᠨ ᠬᠡᠰᠡᠭᠯᠡᠨ ᠨᠣᠶᠠᠷᠬᠠᠭᠰᠠᠨ ᠪᠠᠢᠳᠠᠯ ᠲᠠᠢ ᠪᠠᠢᠵᠤ ᠂ ᠴᠢᠩᠭᠢᠰ ᠬᠠᠭᠠᠨ ᠠ᠋ᠴᠠ ᠶᠡᠬᠡ ᠮᠣᠩᠭᠣᠯ ᠬᠠᠭᠠᠨᠲᠤ ᠤᠯᠤᠰ ᠢ᠋ (1206 ᠣᠨ ) ᠪᠠᠢᠭᠤᠯᠬᠤ ᠦᠶ᠎ᠡ ᠳ᠋ᠦ᠍ ᠮᠣᠩᠭᠣᠯ ᠤ᠋ᠨ ᠡᠯ᠎ᠡ ᠠᠢᠮᠠᠭ ᠨᠢᠭᠡᠳᠴᠦ ᠬᠠᠤᠯᠢ ᠶᠣᠰᠣᠨ ᠤ᠋ ᠳᠥᠷᠦᠲᠦ ᠤᠯᠤᠰ ᠪᠣᠯᠵᠠᠢ ᠃
ᠴᠢᠩᠭᠢᠰ ᠬᠠᠭᠠᠨ 1204 ᠣᠨ ᠳ᠋ᠤ᠌ ᠨᠠᠢ᠍ᠮᠠᠨ ᠠᠢᠮᠠᠭ ᠢ᠋ ᠡᠷᠬᠡᠰᠢᠶᠡᠯ ᠳ᠋ᠦ᠍ ᠪᠡᠨ ᠣᠷᠣᠭᠤᠯᠵᠤ ᠂ ᠨᠠᠢ᠍ᠮᠠᠨ ᠠᠢᠮᠠᠭ ᠤ᠋ᠨ ᠲᠠᠲᠠᠲᠤᠩᠭ᠎ᠠ ᠶ᠋ᠢ ᠵᠠᠷᠯᠢᠭᠳᠠᠨ ᠲᠡᠳᠡᠨ ᠦ᠌ ᠬᠡᠷᠡᠭᠯᠡᠵᠦ ᠪᠠᠢᠭᠰᠠᠨ ᠬᠠᠭᠤᠴᠢᠨ ᠤᠢᠭᠤᠷ ᠴᠠᠭᠠᠨ ᠲᠣᠯᠣᠭᠠᠢ ᠶᠢᠨ ᠰᠠᠭᠤᠷᠢᠨ ᠳ᠋ᠤ᠌ ᠬᠡᠳᠦᠨ ᠡᠭᠡᠰᠢᠭ ᠭᠡᠢᠭᠦᠯᠦᠭᠴᠢ ᠨᠡᠮᠡᠭᠦᠯᠵᠦ ᠂ ᠮᠣᠩᠭᠣᠯ ᠬᠡᠯᠡᠨ ᠳ᠋ᠦ᠍ ᠲᠣᠬᠢᠷᠠᠭᠰᠠᠨ ᠣᠶᠢᠭᠣᠷᠵᠢᠨ ᠮᠣᠩᠭᠣᠯ ᠪᠢᠴᠢᠭ ᠦ᠋ᠨ ᠴᠠᠭᠠᠨ ᠲᠣᠯᠣᠭᠠᠢ ᠶ᠋ᠢ ᠵᠣᠬᠢᠶᠠᠯᠭᠠᠪᠠ ᠃
ᠢᠩᠭᠢᠭᠰᠡᠨ ᠢ᠋ᠶ᠋ᠡᠷ ᠮᠣᠩᠭᠣᠯᠴᠤᠳ ᠲᠣᠭᠲᠠᠪᠤᠷᠢᠲᠠᠢ ᠰᠢᠰᠲ᠋ᠧᠮᠵᠢᠭᠰᠡᠨ ᠥᠪᠡᠷ ᠦ᠋ᠨ ᠭᠡᠰᠡᠨ ᠦᠰᠦᠭ ᠪᠢᠴᠢᠭ ᠲᠡᠢ ᠪᠣᠯᠤᠭᠰᠠᠨ ᠪᠠᠢᠨ᠎ᠠ ᠃
ᠳᠣᠣᠷᠠᠬᠢ ᠵᠢᠷᠤᠭ ᠪᠣᠯ 1224-1225 ᠣᠨ ᠤ᠋ ᠦᠶ᠎ᠡ ᠶ᠋ᠢᠨ ᠴᠢᠩᠭᠢᠰ ᠦ᠋ᠨ ᠴᠢᠯᠠᠭᠤᠨ ᠪᠢᠴᠢᠭ (ᠶᠢᠰᠦᠩᠭᠡ ᠶ᠋ᠢᠨ ᠬᠥᠰᠢᠶ᠎ᠡ ᠭᠡᠵᠦ ᠪᠠᠰᠠ ᠬᠡᠯᠡᠳᠡᠭ ) ᠪᠣᠯᠤᠨ᠎ᠠ ᠃

ᠠᠭᠤᠯᠭ᠎ᠠ ᠄
ᠴᠢᠩᠭᠢᠰ ᠬᠠᠭᠠᠨ ᠢ
ᠰᠠᠷᠲᠠᠭᠤᠯ ᠢᠷᠭᠡᠨ ᠲᠠᠭᠤᠵᠤ ᠬᠠᠮᠤᠭ ᠮᠣᠩᠭᠣᠯ ᠤᠯᠤᠰ ᠤ᠋ᠨ
ᠨᠣᠶᠠᠳ ᠢ᠋ ᠪᠤᠬ᠎ᠠ ᠰᠣᠷᠬᠠᠢ ᠬᠤᠷᠠᠭᠰᠠᠨ ᠳ᠋ᠤ᠌
ᠶᠢᠰᠦᠩᠭᠡ ᠥᠨᠥᠳᠥᠷ ᠦ᠋ᠨ ᠭᠤᠷᠪᠠᠨ ᠵᠠᠭᠤᠨ ᠭᠤᠴᠢᠨ ᠲᠠᠪᠤᠨ ᠠᠯᠲᠠᠨ
ᠳ᠋ᠤᠷ ᠣᠨᠣᠭᠠᠯ᠎ᠠ
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
25-07-01
