ᠬᠦᠷᠡᠯ ᠬᠡ ᠬᠡ - ᠪᠠᠢ ᠹᠦ ᠢᠦᠢХүрэл гэ гэ-Бай фу юй ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠦᠷᠡᠯ ᠬᠡ ᠬᠡ - ᠪᠠᠢ ᠹᠦ ᠢᠦᠢХүрэл гэ гэ-Бай фу юй

ᠬᠦᠷᠡᠯ ᠬᠡ ᠬᠡ - ᠪᠠᠢ ᠹᠦ ᠢᠦᠢХүрэл гэ гэ-Бай фу юй

2025-07-05

275

ᠬᠦᠷᠡᠯ ᠬᠡ ᠬᠡ

  ᠬᠣᠷᠴᠢᠨ ᠠᠷᠠᠳ ᠤ᠋ᠨ ᠳᠠᠭᠤᠤ  
     
      ᠳᠠᠭᠤᠴᠢᠨ᠄ ᠪᠠᠢ ᠹᠦ ᠢᠦᠢ 
 
 ᠴᠠᠭᠠᠨ ᠰᠠᠭᠠᠷᠠᠯ ᠡᠯᠵᠢᠭᠡᠨ ᠳ᠋ᠦ᠍ ᠪᠡᠨ ᠡᠮᠡᠭᠡᠯ ᠢ᠋ ᠪᠡᠨ ᠳᠠᠷᠤᠯ᠎ᠠ ᠬᠦᠢ  
 ᠰᠠᠭᠠᠳᠠ ᠶ᠋ᠢᠨ ᠭᠤᠯᠢᠷ ᠱᠣᠣᠪᠢᠩ ᠲᠠᠢ ᠬᠣᠶᠠᠭᠤᠯᠠ ᠶ᠋ᠢ ᠰᠠᠪᠠᠯᠠᠭᠠᠳ ᠠᠪᠤᠯ᠎ᠠ ᠬᠦᠢ   
 ᠰᠠᠨᠠᠭᠠᠨ ᠤ᠋ ᠬᠥᠮᠦᠨ ᠰᠸᠪᠸᠯᠮ᠎ᠠ ᠭᠣᠯᠣᠣ ᠪᠠᠨ ᠡᠷᠭᠢᠵᠦ ᠦᠵᠡᠬᠦ ᠪᠡᠷ ᠣᠴᠢᠨ᠎ᠠ ᠭᠡᠳ   
 ᠴᠠᠭᠠᠲᠠᠢ ᠠᠢᠯ ᠤ᠋ᠨ ᠵᠠᠮ ᠢ᠋ᠶ᠋ᠠᠷ ᠢ᠋ᠶ᠋ᠠᠨ ᠣᠷᠣᠭᠠᠳ ᠰᠠᠵᠢᠯᠠᠭᠤᠯᠵᠤ ᠶᠠᠪᠤᠨ᠎ᠠ ᠬᠦᠢ ᠂   

 ᠬᠠᠷ᠎ᠠ ᠴᠤ᠌ ᠰᠠᠭᠠᠷᠠᠯ ᠡᠯᠵᠢᠭᠡ ᠶ᠋ᠢ ᠪᠡᠨ ᠤᠨᠤᠭᠠᠳ ᠭᠠᠷᠤᠯ᠎ᠠ ᠬᠦᠢ   
 ᠬᠠᠯᠠ ᠰᠢᠦ ᠲᠣᠷᠭ᠎ᠠ᠂ ᠬᠠᠢ ᠶᠠᠨ ᠲᠠᠮᠠᠬᠢ ᠪᠠᠨ ᠪᠠᠭᠯᠠᠭᠠᠳ ᠠᠪᠤᠯ᠎ᠠ ᠬᠦᠢ   
 ᠬᠠᠢᠷᠠᠲᠠᠢ ᠬᠥᠮᠦᠨ ᠰᠸᠪᠸᠯᠮ᠎ᠠ ᠭᠣᠯᠣᠣ ᠪᠠᠨ ᠡᠷᠭᠢᠵᠦ ᠦᠵᠡᠬᠦ ᠪᠡᠷ ᠣᠴᠢᠨ᠎ᠠ ᠭᠡᠳ   
 ᠬᠠᠲᠠᠭᠤ ᠣᠯᠣᠮ ᠤ᠋ᠨ ᠢ᠋ᠶ᠋ᠠᠨ ᠵᠠᠮ ᠢ᠋ᠶ᠋ᠠᠷ ᠢ᠋ᠶ᠋ᠠᠨ ᠣᠷᠣᠭᠠᠳ ᠬᠠᠲᠠᠷᠢᠭᠤᠯᠵᠤ ᠶᠠᠪᠤᠨ᠎ᠠ ᠬᠦᠢ ᠂    

 ᠵᠡᠭᠦᠦ ᠤᠲᠠᠰᠤ ᠪᠠᠨ ᠭᠠᠷᠭᠠᠭᠠᠳ ᠣᠶᠣᠬᠤᠯᠠᠷ ᠳ᠋ᠧᠩ ᠳ᠋ᠤᠩ ᠲᠠᠢ ᠬᠦᠢ
 ᠵᠦᠢᠲᠡᠢ ᠲᠥᠷᠥᠭᠰᠡᠨ ᠬᠦᠷᠡᠯ ᠬᠡ ᠬᠡ ᠢᠷᠡᠯ᠎ᠡ ᠶᠦᠮ ᠪᠠ ᠬᠦᠢ  
 ᠵᠦᠢᠲᠡᠢ ᠲᠥᠷᠥᠭᠰᠡᠨ ᠬᠦᠷᠡᠯ ᠬᠡ ᠬᠡ ᠪᠡᠨ ᠪᠣᠳᠣᠵᠤ ᠰᠠᠨᠠᠭᠠᠳ ᠢᠷᠡᠪᠡᠯ ᠬᠦᠢ   
 ᠶ᠋ᠢᠨ ᠳ᠋ᠤᠸᠠᠨ ᠲᠣᠷᠭᠠᠨ ᠳᠡᠪᠡᠯ ᠢ᠋ ᠪᠡᠨ ᠵᠥᠷᠢᠭᠦᠦ ᠪᠤᠷᠤᠭᠤ ᠬᠠᠳᠬᠤᠨ᠎ᠠ ᠬᠦᠢ ᠂   

 ᠦᠢᠯᠡ ᠤᠲᠠᠰᠤ ᠪᠠᠨ ᠣᠶᠣᠶ᠎ᠠ ᠭᠡᠬᠦᠯᠡᠷ ᠳ᠋ᠧᠩ ᠳ᠋ᠤᠩ ᠲᠠᠢ ᠬᠦᠢ  
 ᠡᠪᠯᠢᠭ ᠲᠥᠷᠥᠭᠰᠡᠨ ᠬᠦᠷᠡᠯ ᠬᠡ ᠬᠡ ᠢᠷᠡᠯ᠎ᠡ ᠶᠦᠮ ᠪᠠ ᠬᠦᠢ   
 ᠡᠪᠯᠢᠭ ᠲᠥᠷᠥᠭᠰᠡᠨ ᠬᠦᠷᠡᠯ ᠬᠡ ᠬᠡ ᠪᠡᠨ ᠰᠠᠨᠠᠵᠤ ᠪᠣᠳᠣᠭᠠᠳ ᠢᠷᠡᠪᠡᠯ ᠳᠠ   
 ᠥᠭᠡᠳᠡᠩ ᠲᠣᠷᠭᠠᠨ ᠳᠡᠪᠡᠯ ᠢ᠋ ᠪᠡᠨ ᠡᠨᠳᠡᠭᠦᠦ ᠪᠤᠷᠤᠭᠤ ᠬᠠᠳᠬᠤᠨ᠎ᠠ ᠬᠦᠢ ᠂  

 ᠶᠠᠪᠤᠭᠠᠳ ᠶᠠᠪᠤᠭᠠᠳ ᠬᠦᠷᠬᠦ ᠴᠤ᠌ ᠦᠭᠡᠢ ᠨᠢ ᠶᠠᠩᠰᠢᠪ ᠤ᠋ᠨ ᠭᠣᠣᠯ ᠬᠦᠢ   
 ᠶᠠᠭᠠᠷᠠᠭᠠᠳ ᠶᠠᠭᠠᠷᠠᠭᠠᠳ ᠪᠣᠯᠬᠤ ᠴᠤ᠌ ᠦᠭᠡᠢ ᠨᠢ ᠰᠠᠨᠠᠭᠰᠠᠨ ᠰᠡᠳᠬᠢᠯ ᠬᠦᠢ  
 ᠰᠠᠨᠠᠭᠠᠳ ᠰᠠᠨᠠᠭᠠᠳ ᠲᠡᠰᠬᠦ ᠴᠤ᠌ ᠦᠭᠡᠢ ᠨᠢ ᠰᠠᠢᠬᠠᠨ ᠲᠥᠷᠥᠭᠰᠡᠨ ᠰᠸᠪᠸᠯᠮ᠎ᠠ   
 ᠰᠠᠪᠠᠭᠠᠳ ᠰᠠᠪᠠᠭᠠᠳ ᠶᠠᠪᠤᠬᠤ ᠴᠤ᠌ ᠦᠭᠡᠢ ᠨᠢ ᠰᠠᠭᠠᠷᠠᠯ ᠡᠯᠵᠢᠭᠡ ᠬᠦᠢ ᠂  

    ᠦᠰᠦᠭ ᠬᠠᠲᠠᠵᠤ ᠦᠰᠦᠭ ᠠᠮᠢᠯᠠᠭᠤᠯᠤᠭᠰᠠᠨ ᠨᠢ᠄ ᠥᠨᠢᠮᠥ᠋ᠩᠬᠡ 
    ᠬᠢᠨᠠᠭᠴᠢ ᠪᠠᠭᠰᠢ᠄ ᠢᠷᠡᠭᠡᠳᠦᠢ   
    ᠪᠢᠴᠢᠯᠭᠡ ᠵᠢᠷᠤᠭ ᠢ᠋ ᠣᠯᠬᠣᠨᠤᠳ ᠠᠶᠤᠰᠢ ᠵᠠᠰᠠᠪᠠ