ᠠᠶᠤᠰᠢ ᠶ᠋ᠢᠨ ᠮᠠᠭᠲᠠᠭᠠᠯ ᠬᠡᠮᠡᠬᠦ ᠣᠷᠣᠰᠢᠪᠠАйшын магтаал хэмээх оршив
ᠠᠶᠤᠰᠢ ᠶ᠋ᠢᠨ ᠮᠠᠭᠲᠠᠭᠠᠯ ᠬᠡᠮᠡᠬᠦ ᠣᠷᠣᠰᠢᠪᠠ

ᠣᠮ ᠠ ᠬᠣᠩ
ᠮᠠᠰᠢ ᠳᠡᠯᠭᠡᠷ ᠪᠠᠳᠮ᠎ᠠ ᠶ᠋ᠢᠨ ᠬᠦᠢᠰᠦᠨ ᠳ᠋ᠦ᠍ᠷ᠃
ᠮᠠᠰᠢ ᠲᠡᠷᠭᠡᠯ ᠰᠠᠷᠠᠨ ᠮᠠᠨᠳᠠᠯ ᠳ᠋ᠤᠷ᠃
ᠮᠠᠰᠢ ᠭᠡᠭᠡᠨ ᠲᠣᠳᠣ ᠾᠷᠢᠢ ᠡᠴᠡ᠃
ᠮᠠᠰᠢ ᠬᠤᠪᠢᠯᠤᠭᠰᠠᠨ ᠠᠶᠤᠰᠢ ᠅
ᠱ᠌ᠢᠷᠦᠨ ᠰᠦᠮᠪᠦᠷ ᠬᠦᠯᠳᠢ ᠨᠠᠷᠠᠨ ᠤ᠋᠃
ᠭᠡᠷᠡᠯ ᠲᠡᠭᠦᠰᠦᠭᠰᠡᠨ ᠪᠡᠶᠡᠲᠦ᠃
ᠠᠮᠤᠷᠯᠢᠩᠭᠤᠢ ᠯᠡᠭᠱᠠᠨ ᠨᠠᠢᠷᠠᠭ ᠤ᠋ᠨ ᠃
ᠴᠢᠮᠡᠭᠲᠦ ᠳᠡ ᠵᠠᠯᠪᠠᠷᠢᠮᠤ ᠪᠢ ᠅
ᠮᠣᠳᠣᠷ ᠢ᠋ᠶ᠋ᠠᠨ ᠲᠡᠭᠰᠢ ᠠᠭᠤᠯᠵᠤ᠃
ᠷᠠᠰᠢᠶᠠᠨᠲᠤ ᠬᠤᠮᠬ᠎ᠠ ᠪᠠᠷᠢᠵᠤ᠃
ᠦᠬᠦᠯ ᠦᠭᠡᠢ ᠶ᠋ᠢᠨ ᠤᠷᠲᠤ ᠨᠠᠰᠤᠨ ᠢ᠋᠃
ᠥᠭᠭᠦᠭᠴᠢ ᠳᠡ ᠵᠠᠯᠪᠠᠷᠢᠮᠤ ᠪᠢ ᠅
ᠳ᠋ᠠᠩᠰᠠᠯ ᠮᠡᠲᠦ ᠬᠠᠷ᠎ᠠ ᠦᠰᠦ ᠪᠡᠨ᠃
ᠣᠷᠣᠢ ᠳ᠋ᠠᠭᠠᠨ ᠦᠰᠨᠢᠷ ᠦᠢᠯᠡᠳᠴᠦ᠃
ᠭᠬᠢᠪ ᠦ᠋ᠨ ᠴᠡᠭᠡᠵᠢᠪᠴᠢ ᠬᠤᠷᠮᠤᠢᠪᠴᠢᠨ᠃
ᠨᠠᠢᠯᠵᠠᠭᠰᠠᠨᠠ ᠵᠠᠯᠪᠠᠷᠢᠮᠤ ᠪᠢ ᠅
ᠲᠢᠲᠢᠮ ᠰᠦᠢᠬᠡ ᠲᠤᠤᠰᠢᠯ ᠰᠢᠮᠦᠳᠦ᠃
ᠴᠠᠷᠪᠠᠭᠤᠪᠴᠢ ᠭᠠᠷ ᠤ᠋ᠨ ᠪᠠᠭᠤᠪᠴᠢ᠃
ᠬᠥᠯ ᠦ᠋ᠨ ᠪᠠᠭᠤᠪᠴᠢ ᠪᠦᠯᠡᠵᠡᠭ ᠃
ᠵᠡᠭᠦᠭᠰᠡᠨᠡ ᠵᠠᠯᠪᠠᠷᠢᠮᠤ ᠪᠢ ᠅
ᠲᠠᠪᠤᠨ ᠥᠩᠭᠡ ᠶ᠋ᠢᠨ ᠭᠡᠷᠡᠯ ᠳᠣᠲᠣᠷ᠎ᠠ ᠃
ᠸᠴᠢᠷ ᠵᠠᠪᠢᠯᠠᠯ ᠢ᠋ᠶ᠋ᠠᠷ ᠰᠠᠭᠤᠵᠤ᠃
ᠲᠡᠭᠷᠢ ᠯᠤᠤᠰ ᠤ᠋ᠨ ᠬᠠᠳ ᠢ᠋ᠶ᠋ᠠᠷ ᠮᠥᠷᠭᠥᠭᠰᠡᠨ᠃
ᠳᠡᠭᠡᠳᠦ ᠳᠡ ᠵᠠᠯᠪᠠᠷᠢᠮᠤ ᠪᠢ ᠅
ᠪᠠᠳᠮᠠᠷᠠᠭ᠎ᠠ ᠶ᠋ᠢᠨ ᠴᠣᠭ ᠤ᠋ᠨ ᠪᠡᠶᠡᠲᠦ᠃
ᠭᠠᠨᠳᠠᠷᠢᠰ ᠤ᠋ᠨ ᠳᠠᠭᠤᠨ ᠵᠠᠷᠯᠢᠬᠲᠦ᠃
ᠨᠠᠷᠠᠨ ᠮᠡᠲᠦ ᠭᠡᠭᠡᠨ ᠰᠡᠳᠬᠢᠯᠲᠦ ᠃
ᠢᠲᠡᠭᠡᠯ ᠳ᠋ᠦ᠍ᠷ ᠵᠠᠯᠪᠠᠷᠢᠮᠤ ᠪᠢ ᠅
ᠨᠡᠷ᠎ᠡ ᠶ᠋ᠢᠨ ᠲᠡᠳᠦᠢ ᠪᠡᠷ ᠴᠦ᠍ ᠴᠠᠭ ᠪᠤᠰᠤ ᠶ᠋ᠢᠨ᠃
ᠦᠬᠦᠯ ᠠᠶᠤᠯ ᠠ᠋ᠴᠠ ᠠᠪᠤᠷᠠᠨ᠃
ᠨᠠᠰᠤᠨ ᠪᠡᠯᠭᠡ ᠪᠢᠯᠢᠭ ᠥᠭᠭᠦᠭᠴᠢ ᠃
ᠠᠶᠤᠰᠢ ᠳ᠋ᠤᠷ ᠵᠠᠯᠪᠠᠷᠢᠮᠤ ᠪᠢ ᠅
ᠦᠵᠡᠨ ᠰᠣᠨᠣᠰᠪᠠᠴᠤ ᠲᠤᠰᠠᠲᠤ᠃
ᠠᠪᠤᠷᠠᠯ ᠤ᠋ᠨ ᠣᠷᠣᠨ ᠴᠢᠮᠠᠲᠦᠷ᠃
ᠡᠯᠪᠡᠷᠢᠭᠡᠳ ᠵᠠᠯᠪᠠᠷᠢᠮᠤ ᠪᠢ ᠃
ᠡᠨᠡᠷᠢᠭᠡᠳ ᠨᠠᠳᠤᠷ ᠠᠳᠢᠰᠯᠠᠨ᠅
ᠠᠬᠤ ᠴᠠᠭ ᠲᠤᠷ ᠤᠷᠲᠤ ᠨᠠᠰᠤᠯᠠᠨ᠃
ᠡᠴᠦᠰ ᠲᠡᠭᠡᠨ ᠴᠣᠬᠣᠮ ᠠᠶᠤᠰᠢ ᠶ᠋ᠢᠨ᠃
ᠨᠢᠭᠤᠷ ᠦᠵᠡᠨ ᠵᠠᠷᠯᠢᠭ ᠰᠣᠨᠣᠰᠴᠤ ᠃
ᠬᠤᠲᠤᠭ ᠣᠯᠬᠤ ᠪᠣᠯᠭᠠᠨ ᠠᠳᠢᠰᠯᠠ ᠅
ᠯᠠᠮᠠ ᠢᠯᠠᠭᠤᠭᠰᠠᠨ ᠠᠶᠤᠰᠢ᠃
ᠲᠥᠷᠥᠯ ᠳᠣᠳᠣᠮ ᠳ᠋ᠠᠭᠠᠨ ᠪᠠᠷᠢᠵᠤ᠃
ᠨᠠᠰᠤᠨ ᠪᠡᠯᠭᠡ ᠪᠢᠯᠢᠭ ᠰᠢᠳᠢᠰ ᠢ᠋᠃
ᠠᠮᠠᠷ ᠬᠢᠯᠪᠠᠷ ᠥᠭᠭᠦᠨ ᠰᠣᠶᠣᠷᠬ᠎ᠠ ᠅
ᠪᠣᠭᠳᠠ ᠯᠠᠮᠠ ᠭᠤᠷᠪᠠᠨ ᠡᠷᠳᠡᠨᠢ ᠶ᠋ᠢᠨ᠃
ᠦᠨᠡᠨ ᠠᠳᠢᠰᠲᠢᠳ ᠤ᠋ᠨ ᠬᠦᠴᠦ ᠪᠡᠷ᠃
ᠮᠢᠨᠦ ᠵᠠᠯᠪᠠᠷᠢᠭᠰᠠᠨ ᠬᠦᠰᠡᠯ ᠮᠥᠷ᠃
ᠰᠠᠢᠲᠤᠷ ᠪᠦᠲᠦᠬᠦᠶ᠎ᠡ ᠪᠣᠯᠲᠤᠭᠠᠢ ᠅
ᠣᠮ ᠨᠠᠮᠤ ᠪᠠᠭᠠᠸᠠᠳ᠋ᠢ᠃ ᠠᠪᠠᠷᠢᠮᠢᠳᠠ ᠠᠶᠤᠷᠽᠠᠨ᠎ᠠ᠃
ᠰᠦᠪᠢᠨᠢ ᠽᠠᠳᠠᠳᠢ ᠽᠣᠷᠠᠨ ᠽᠠᠶ᠎ᠠ᠃ ᠳ᠋ᠠᠲ᠋ᠠᠭᠠᠳᠠᠶᠠ᠃
ᠠᠷᠬᠠᠳᠢ ᠰᠠᠮ ᠨᠢᠶᠠᠭ ᠰᠠᠮ ᠪᠦᠳ᠋ᠳ᠋ᠠᠶᠠ᠃
ᠳ᠋ᠠᠳᠶᠠᠲ᠋ᠠ᠃ᠣᠮ ᠪᠦᠨᠢᠶᠸ ᠪᠦᠨᠢᠶᠸ᠃
ᠮᠠᠬ᠎ᠠ ᠪᠦᠨᠢᠶᠸ᠃ ᠠᠪᠠᠷᠢᠮᠢᠳᠠ ᠪᠦᠨᠢᠶᠸ᠃
ᠠᠪᠠᠷᠢᠮᠢᠳᠠ ᠪᠦᠨᠡᠶᠠ᠃ ᠽᠠᠨᠠ ᠰᠠᠮᠪᠠ ᠷᠤᠪᠠ ᠽᠠᠳᠢ᠃
ᠣᠮ ᠰᠠᠷᠸᠠ ᠰᠠᠩᠭᠠᠷᠠ ᠪᠡᠷᠢ ᠱᠦᠳ᠋ᠳ᠋ᠠ ᠳ᠋ᠠᠷᠮᠠᠳᠢ ᠭᠠ ᠭᠠᠨᠠ ᠰᠠᠮᠥ᠋ᠳ᠋
ᠭᠠᠳᠢ ᠰᠤᠪᠠᠸᠠ ᠪᠢᠱᠥ᠋ᠳ᠋ᠳᠢ ᠮᠠᠬᠠᠨᠠᠶᠠ ᠪᠡᠷᠢ ᠸᠠᠷᠢ ᠰᠤᠤᠬ᠎ᠠ ᠅ ᠃ ᠅

ᠮᠡᠷᠭᠡᠨ ᠬᠡᠢᠳ ᠤᠨ ᠮᠣᠩᠭᠣᠯ ᠤᠩᠰᠢᠯᠭ᠎ᠠ ᠶᠢᠨ ᠰᠤᠳᠤᠷ ᠡᠴᠡ
ᠰᠤᠳᠤᠷ ᠤ᠋ᠨ ᠦᠰᠦᠭ ᠢ᠋ ᠳᠡᠭᠰᠢᠮᠥ᠋ᠩᠬᠡ ᠠᠮᠢᠯᠠᠭᠤᠯᠪᠠ᠃
ᠬᠢᠨᠠᠯᠲᠠ ᠬᠢᠭᠰᠡᠨ ᠨᠢ《ᠬᠡᠢᠮᠣᠷᠢ》 ᠰᠦᠯᠵᠢᠶ᠎ᠡ ᠶ᠋ᠢᠨ《ᠱᠠᠰᠢᠨ ᠰᠢᠲᠦᠯᠭᠡ》 ᠬᠣᠯᠪᠣᠭ᠎ᠠ
