ᠯᠢᠶᠠᠩᠵᠢᠨ ᠭᠣᠯᠣᠣ-ᠴᠠᠭᠠᠨᠪᠠᠷᠰЛянжин голоо-Цаанбар ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠯᠢᠶᠠᠩᠵᠢᠨ ᠭᠣᠯᠣᠣ-ᠴᠠᠭᠠᠨᠪᠠᠷᠰЛянжин голоо-Цаанбар

ᠯᠢᠶᠠᠩᠵᠢᠨ ᠭᠣᠯᠣᠣ-ᠴᠠᠭᠠᠨᠪᠠᠷᠰЛянжин голоо-Цаанбар

2025-07-04

407

ᠯᠢᠶᠠᠩᠵᠢᠨ ᠭᠣᠯᠣᠣ

  ᠬᠣᠷᠴᠢᠨ ᠠᠷᠠᠳ ᠤ᠋ᠨ ᠳᠠᠭᠤᠤ  
        ᠴᠠᠭᠠᠨᠪᠠᠷᠰ ᠳᠠᠭᠤᠯᠠᠨ᠎ᠠ 
ᠪᠣᠷᠣᠭᠠᠨ ᠳ᠋ᠤ᠌ ᠪᠠᠨ ᠨᠣᠷᠤᠭᠳᠠᠭᠰᠠᠨ ᠪᠣᠷᠣᠭᠴᠢᠨ ᠭᠤᠷᠭᠤᠤᠯ ᠨᠢ 
ᠪᠥᠭᠰᠡᠨ ᠵᠦᠭ ᠢ᠋ᠶ᠋ᠡᠨ ᠱᠤᠪᠲᠤᠩ ᠠ᠋ ᠬᠦ ᠬᠦ ᠬᠦᠢ 
ᠪᠣᠳᠣᠯᠭᠠᠨ ᠤ᠋ ᠬᠥᠮᠦᠨ ᠡᠴᠡ ᠪᠡᠨ ᠰᠠᠯᠤᠭᠠᠳ ᠲᠡᠭᠡᠭᠰᠡᠨ ᠬᠥᠮᠦᠨ ᠴᠢᠨᠢ 
ᠴᠢᠷᠠᠢ ᠶ᠋ᠢᠨ ᠥᠩᠭᠡ ᠨᠢ ᠰᠢᠷ᠎ᠠ ᠬᠤᠸᠠ ᠶᠠ ᠬᠦᠢ    
ᠰᠢᠭᠦᠳᠡᠷᠢ ᠳ᠋ᠦ᠍ ᠪᠡᠨ ᠨᠣᠷᠤᠭᠳᠠᠭᠰᠠᠨ ᠰᠤᠨ ᠭᠤᠷᠭᠤᠤᠯ ᠨᠢ 
ᠰᠡᠭᠦᠵᠢᠨ ᠵᠦᠭ ᠢ᠋ᠶ᠋ᠡᠨ ᠱᠤᠪᠲᠤᠩ ᠠ᠋ ᠬᠦ ᠬᠦ ᠬᠦᠢ 
ᠰᠡᠳᠬᠢᠯ ᠦ᠋ᠨ ᠬᠥᠮᠦᠨ ᠡᠴᠡ ᠪᠡᠨ ᠰᠠᠯᠤᠭᠠᠳ ᠲᠡᠭᠡᠭᠰᠡᠨ ᠬᠥᠮᠦᠨ ᠴᠢᠨᠢ ᠳᠡ 
ᠴᠢᠷᠠᠢ ᠶ᠋ᠢᠨ ᠥᠩᠭᠡ ᠨᠢ ᠰᠢᠷ᠎ᠠ ᠬᠤᠸᠠ ᠶᠠ ᠬᠦᠢ 

ᠪᠤᠭᠤᠳᠠᠢ ᠶ᠋ᠢᠨ ᠭᠤᠯᠢᠷ ᠢ᠋ᠶ᠋ᠠᠷ ᠢ᠋ᠶ᠋ᠠᠨ ᠪᠣᠣᠪᠤ᠋ ᠪᠠᠨ ᠬᠠᠭᠠᠷᠢᠭᠠᠳ ᠦᠭᠪᠡᠴᠦ
ᠪᠣᠳᠣᠯᠭ᠎ᠠ ᠲᠡᠨᠳᠡ ᠳᠡᠭᠡᠷ᠎ᠡ ᠪᠠᠢᠨ᠎ᠠ ᠤᠤ ᠶᠠ ᠬᠦ ᠬᠦᠢ
ᠪᠤᠷᠬᠠᠨ ᠠᠳᠠᠯᠢ ᠡᠮᠴᠢ ᠪᠡᠨ ᠵᠠᠯᠠᠭᠠᠳ ᠢᠷᠡᠪᠡᠴᠦ
ᠰᠦᠵᠢᠭ ᠨᠢ ᠲᠡᠨᠳᠡ ᠪᠡᠨ ᠪᠠᠢᠨ᠎ᠠ ᠤᠤ ᠳᠠ ᠬᠦᠢ
ᠪᠣᠳᠣᠯᠭᠠᠨ ᠤ᠋ ᠬᠥᠮᠦᠨ ᠴᠠᠭᠠᠨᠰᠢᠪᠠᠭᠤ ᠬᠡ ᠬᠡ ᠨᠢ
ᠪᠤᠲᠠᠷᠠᠭᠤᠯᠤᠭᠠᠳ ᠢᠷᠡᠪᠡᠯ ᠠ᠋ ᠬᠦ ᠬᠦ ᠬᠦᠢ
ᠪᠣᠳᠣᠯᠭ᠎ᠠ ᠶ᠋ᠢᠨ ᠡᠪᠡᠳᠴᠢᠨ ᠪᠤᠶᠣᠤᠪᠢᠩ ᠨᠢ ᠳᠡ
ᠪᠤᠯᠲᠠᠩ ᠪᠤᠯᠲᠠᠩ ᠬᠥᠳᠡᠯᠦᠨ᠎ᠡ ᠬᠦᠢ

ᠰᠠᠭᠠᠭ ᠤ᠋ᠨ ᠭᠤᠯᠢᠷ ᠢ᠋ᠶ᠋ᠠᠷ ᠢ᠋ᠶ᠋ᠠᠨ ᠱᠠᠯᠪᠢᠩ ᠬᠠᠭᠠᠷᠢᠭᠠᠳ ᠥᠭᠪᠡᠴᠦ
ᠰᠠᠨᠠᠭ᠎ᠠ ᠲᠡᠭᠦᠨ ᠳ᠋ᠦ᠍ᠷ ᠪᠠᠢᠨ᠎ᠠ ᠤᠤ ᠶᠠ ᠬᠦᠢ
ᠰᠠᠬᠢᠭᠤᠯᠰᠤᠨ ᠠᠳᠠᠯᠢ ᠡᠮᠴᠢ ᠪᠡᠨ ᠵᠠᠯᠠᠭᠠᠳ ᠢᠷᠡᠪᠡᠴᠦ
ᠰᠦᠵᠢᠭ ᠲᠡᠭᠦᠨ ᠳ᠋ᠦ᠍ᠷ ᠪᠠᠢᠨ᠎ᠠ ᠤᠤ ᠳᠠ ᠬᠦᠢ
ᠰᠠᠨᠠᠭᠠᠨ ᠤ᠋ ᠬᠥᠮᠦᠨ ᠴᠠᠭᠠᠨᠰᠢᠪᠠᠭᠤ ᠬᠡ ᠬᠡ ᠨᠢ
ᠰᠠᠵᠢᠯᠠᠭᠤᠯᠤᠭᠠᠳ ᠢᠷᠡᠪᠡᠯ ᠳᠠ ᠬᠦ ᠬᠦ ᠬᠦᠢ
ᠰᠠᠨᠠᠭᠠᠨ ᠤ᠋ ᠡᠪᠡᠳᠴᠢᠨ ᠰᠢᠶᠠᠩᠰᠧᠪᠢᠩ ᠨᠢ ᠳᠡ
ᠰᠡᠷᠪᠡᠩ ᠰᠡᠷᠪᠡᠩ ᠬᠥᠳᠡᠯᠦᠨ᠎ᠡ ᠠ᠋ ᠬᠦᠢ

ᠯᠣᠣᠮᠢ ᠪᠤᠳᠠᠭ᠎ᠠ ᠪᠠᠨ ᠴᠢᠨᠠᠭᠠᠳ ᠥᠭᠪᠡᠴᠦ ᠳᠡ
ᠨᠣᠬᠠᠢ ᠲᠡᠭᠦᠨ ᠢ᠋ ᠨᠢ ᠮᠡᠳᠡᠨ᠎ᠡ ᠤᠤ ᠳᠠ ᠬᠦ ᠬᠦ ᠬᠦᠢ
ᠨᠢᠭᠡ ᠯᠡ ᠰᠡᠳᠬᠢᠯ ᠢ᠋ᠶ᠋ᠡᠷ ᠰᠠᠨᠠᠭᠠᠳ ᠪᠣᠳᠣᠵᠤ ᠪᠠᠢᠬᠤ ᠶ᠋ᠢ
ᠯᠢᠶᠠᠩᠵᠢᠨ ᠭᠣᠯᠣᠣ ᠮᠡᠳᠡᠨ᠎ᠡ ᠤᠤ ᠳᠠ ᠬᠦᠢ
ᠳ᠋ᠠᠮᠢ ᠪᠤᠳᠠᠭ᠎ᠠ ᠪᠠᠨ ᠴᠢᠨᠠᠭᠠᠳ ᠥᠭᠪᠡᠴᠦ ᠳᠡ
ᠲᠠᠬᠢᠶ᠎ᠠ ᠲᠡᠭᠦᠨ ᠢ᠋ ᠨᠢ ᠮᠡᠳᠡᠨ᠎ᠡ ᠤᠤ ᠳᠠ ᠬᠦ ᠬᠦ ᠬᠦᠢ
ᠭᠠᠭᠴᠠᠬᠠᠨ ᠰᠡᠳᠬᠢᠯ ᠢ᠋ᠶ᠋ᠡᠷ ᠰᠠᠨᠠᠭᠠᠳ ᠪᠣᠳᠣᠵᠤ ᠪᠠᠢᠭ᠎ᠠ ᠶ᠋ᠢ
ᠯᠢᠶᠠᠩᠵᠢᠨ ᠭᠣᠯᠣᠣ ᠮᠡᠳᠡᠨ᠎ᠡ ᠤᠤ ᠳᠠ ᠬᠦᠢ

ᠲᠣᠭ᠎ᠠ ᠲᠠᠢ ᠤᠲᠠᠰᠤ ᠪᠠᠷ ᠢ᠋ᠶ᠋ᠠᠨ ᠲᠣᠣᠷᠯᠠᠵᠤ ᠪᠠᠢᠭᠠᠳ ᠣᠶᠣᠭᠰᠠᠨ
ᠲᠢᠶᠣᠣᠪᠤ‍ ᠪᠥᠰ ᠦ᠋ᠨ ᠬᠠᠨᠲᠠᠭᠠᠰᠤ ᠶ᠋ᠢ ᠨᠢ
ᠲᠣᠬᠣᠢ ᠶ᠋ᠢ ᠨᠢ ᠴᠣᠭᠣᠷᠠᠲᠠᠯ᠎ᠠ ᠪᠠᠨ ᠡᠮᠦᠰᠦᠯ᠎ᠡ ᠯᠡ ᠭᠡᠳ
ᠬᠡ ᠬᠡ ᠨᠢ ᠲᠡᠭᠦᠨ ᠢ᠋ ᠨᠢ ᠭᠡᠭᠡᠭᠡᠳᠦᠢ ᠬᠦᠢ
ᠲᠣᠯᠣᠭᠠᠢ ᠶ᠋ᠢᠨ ᠢ᠋ᠶ᠋ᠡᠨ ᠦᠵᠦᠭᠦᠷ ᠨᠢ ᠵᠣᠭᠰᠣᠵᠤ ᠯᠠ ᠪᠠᠢᠭᠠᠳ
ᠲᠣᠭᠠᠴᠢᠭᠠᠳ ᠲᠡᠭᠡᠭᠡᠭᠰᠡᠨ ᠦᠭᠡ ᠶ᠋ᠢ ᠨᠢ ᠠ᠋ ᠬᠦᠢ
ᠳᠣᠣᠷᠠᠲᠤ ᠬᠤᠸᠠᠩ ᠢ᠋ᠶ᠋ᠠᠷ ᠢ᠋ᠶ᠋ᠠᠨ ᠳᠣᠯᠣᠭᠠᠨ ᠣᠨ ᠢ᠋ᠶ᠋ᠠᠷ ᠲᠣᠭᠣᠷᠢᠭᠠᠳ ᠠ᠋
ᠳᠣᠲᠣᠷ᠎ᠠ ᠠ᠋ᠴᠠ ᠶᠡᠷᠦ ᠳ᠋ᠦ᠍ ᠪᠡᠨ ᠭᠠᠷᠳᠠᠭ ᠦᠭᠡᠢ ᠬᠦᠢ

ᠵᠦᠢᠯ ᠦ᠋ᠨ ᠤᠲᠠᠰᠤ ᠪᠠᠷ ᠵᠥᠷᠢᠭᠦᠯᠵᠦ ᠪᠠᠢᠭᠠᠳ ᠣᠶᠣᠭᠰᠠᠨ
ᠵᠢᠤᠪᠤᠤ ᠪᠥᠰ ᠦ᠋ᠨ ᠬᠠᠨᠲᠠᠭᠠᠰᠤ ᠶᠠ ᠬᠦᠢ
ᠵᠡᠭᠦᠨ ᠮᠥᠷᠥ ᠶ᠋ᠢ ᠨᠢ ᠪᠠᠷᠠᠲᠠᠯ᠎ᠠ ᠡᠮᠦᠰᠦᠭᠡᠳ
ᠬᠡ ᠬᠡ ᠨᠢ ᠲᠡᠭᠦᠨ ᠢ᠋ ᠨᠢ ᠬᠡᠭᠡᠭᠡᠳᠦᠢ ᠬᠦᠢ
ᠵᠢᠨᠲ᠋ᠧᠦ ᠶ᠋ᠢᠨ ᠢ᠋ᠶ᠋ᠡᠨ ᠦᠵᠦᠭᠦᠷ ᠨᠢ ᠵᠣᠭᠰᠣᠵᠤ ᠯᠠ ᠪᠠᠢᠭᠠᠳ
ᠵᠦᠢᠴᠡᠭᠡᠳ ᠬᠡᠯᠡᠭᠰᠡᠨ ᠦᠭᠡ ᠶ᠋ᠢ ᠴᠢᠨᠢ ᠠ᠋ ᠬᠦᠢ
ᠵᠡᠭᠦᠨ ᠬᠤᠸᠠᠩ ᠢ᠋ᠶ᠋ᠠᠷ ᠢ᠋ᠶ᠋ᠠᠨ ᠶᠢᠰᠦᠨ ᠣᠨ ᠢ᠋ᠶ᠋ᠠᠷ ᠲᠣᠭᠣᠷᠢᠭᠠᠳ ᠠ᠋
ᠵᠢᠷᠦᠬᠡᠨ ᠡᠴᠡ ᠶᠡᠷᠦ ᠳ᠋ᠦ᠍ ᠪᠡᠨ ᠭᠠᠷᠤᠭᠰᠠᠨ ᠦᠭᠡᠢ ᠬᠦᠢ

   ᠦᠰᠦᠭ ᠠᠮᠢᠯᠠᠭᠤᠯᠤᠭᠰᠠᠨ ᠨᠢ᠄ ᠭᠠᠸᠠ
   ᠦᠰᠦᠭ ᠬᠠᠲᠠᠭᠰᠠᠨ ᠨᠢ ᠄ ᠭᠠᠸᠠ
   ᠬᠢᠨᠠᠭᠴᠢ ᠪᠠᠭᠰᠢ ᠄ᠢᠷᠡᠭᠡᠳᠦᠢ
   ᠪᠢᠴᠢᠯᠭᠡ ᠵᠢᠷᠤᠭ ᠨᠠᠢᠷᠠᠭᠤᠯᠤᠭᠰᠠᠨ ᠨᠢ ᠄ ᠣᠯᠬᠣᠨᠤᠳ ᠠᠶᠤᠰᠢ