ᠮᠢᠨᠦ ᠲᠩᠷᠢᠯᠢᠭ ᠮᠣᠩᠭᠣᠯ - ᠭᠦᠩᠭᠠᠷ Миний тэнгэрлэг монгол – Гүнгар
ᠮᠢᠨᠦ ᠲᠩᠷᠢᠯᠢᠭ ᠮᠣᠩᠭᠣᠯ
— ᠭᠦᠩᠭᠠᠷ
ᠳᠡᠭᠡᠭᠰᠢ ᠪᠡᠨ ᠡᠷᠭᠦᠭᠰᠡᠨ ᠭᠤᠷᠪᠠᠨ ᠰᠦᠯᠳᠡ ᠲᠡᠢ ᠬᠦᠴᠦᠲᠦ ᠮᠣᠩᠭᠣᠯ
ᠳᠡᠭᠡᠳᠦ ᠰᠢᠲᠦᠭᠡᠨ ᠡᠴᠡ ᠴᠢᠩᠭᠢᠰ ᠤᠳᠤᠮ ᠲᠠᠢ ᠲᠩᠷᠢᠯᠢᠭ ᠮᠣᠩᠭᠣᠯ
ᠳᠡᠯᠭᠡᠷ ᠬᠣᠷᠸ᠎ᠠ ᠳ᠋ᠤ᠌ ᠮᠣᠷᠢᠲᠠᠨ ᠵᠠᠶᠠᠭ᠎ᠠ ᠲᠠᠢ ᠬᠡᠢᠮᠣᠷᠢᠯᠢᠭ ᠮᠣᠩᠭᠣᠯ
ᠲᠡᠭᠰᠢᠬᠡᠨ ᠵᠢᠷᠭᠠᠬᠤ ᠨᠠᠷᠠᠯᠠᠭ ᠢᠪᠡᠭᠡᠯ ᠲᠡᠢ ᠲᠠᠢᠪᠤᠩᠬᠠᠨ ᠮᠣᠩᠭᠣᠯ ᠠ᠋!
ᠥᠨᠢᠳᠡ ᠶ᠋ᠢᠨ ᠭᠠᠵᠠᠷ ᠠ᠋ᠴᠠ ᠡᠯᠪᠡᠷᠢᠯ ᠡᠬᠡ ᠲᠡᠢ ᠤᠶᠠᠬᠠᠨ ᠮᠣᠩᠭᠣᠯ
ᠥᠭᠡᠳᠡ ᠪᠡᠨ ᠮᠠᠨᠳᠤᠭᠰᠠᠨ ᠬᠡᠢᠮᠣᠷᠢ ᠯᠤᠩᠳᠠ ᠲᠠᠢ ᠰᠦᠷᠯᠢᠭ ᠮᠣᠩᠭᠣᠯ
ᠦᠯᠢᠭᠡᠷ ᠳᠠᠭᠤᠤ ᠶ᠋ᠢᠨ ᠤᠤᠭᠠᠯ ᠡᠬᠡᠰᠢᠭ ᠲᠡᠢ ᠥᠷᠯᠥᠭ ᠮᠣᠩᠭᠣᠯ
ᠥᠯᠥᠭᠡᠢ ᠨᠤᠲᠤᠭ ᠲᠤ ᠪᠠᠨ ᠬᠠᠢᠷ᠎ᠠ ᠶᠡᠬᠡ ᠲᠡᠢ ᠥᠮᠴᠢᠷᠬᠡᠨ ᠮᠣᠩᠭᠣᠯ ᠠ᠋!
ᠶᠢᠷᠲᠢᠨᠴᠦ ᠶ᠋ᠢᠨ ᠡᠯᠢᠭᠡᠨ ᠦ᠌ ᠪᠣᠰᠤᠭ᠎ᠠ ᠪᠢᠴᠢᠭ ᠲᠡᠢ ᠰᠣᠶᠣᠯᠵᠢᠭᠰᠠᠨ ᠮᠣᠩᠭᠣᠯ
ᠡᠷᠬᠡᠰ ᠲᠩᠷᠢ ᠡᠴᠡ ᠵᠠᠶᠠᠭ᠎ᠠ ᠨᠢᠭᠡᠲᠡᠢ ᠪᠤᠶᠠᠨᠲᠤ ᠮᠣᠩᠭᠣᠯ
ᠡᠵᠡᠨ ᠪᠣᠭᠳᠠ ᠶ᠋ᠢᠨ ᠵᠣᠷᠢᠭ ᠡᠷᠴᠢᠯᠡᠭᠰᠡᠨ ᠪᠠᠭᠠᠲᠤᠷᠯᠢᠭ ᠮᠣᠩᠭᠣᠯ
ᠢᠯᠠᠭᠤᠭᠰᠠᠨ ᠲᠡᠦᠬᠡ ᠡᠴᠡ ᠣᠴᠢ ᠪᠠᠳᠠᠷᠠᠭᠠᠭᠰᠨ ᠭᠠᠪᠢᠶᠠᠲᠤ ᠮᠣᠩᠭᠣᠯ ᠠ᠋!
ᠬᠠᠳᠠᠭ ᠳᠡᠭᠡᠷ᠎ᠡ ᠪᠡᠨ ᠢᠷᠦᠭᠡᠯ ᠢ᠋ᠶ᠋ᠡᠨ ᠰᠢᠩᠭᠡᠭᠡᠭᠰᠡᠨ ᠤᠷᠠᠯᠢᠭᠴᠢᠨ ᠮᠣᠩᠭᠣᠯ
ᠬᠠᠳᠠᠨ ᠳᠡᠭᠡᠷ᠎ᠡ ᠪᠡᠨ ᠦᠰᠦᠭ ᠢ᠋ᠶ᠋ᠡᠨ ᠰᠡᠢᠯᠦᠭᠰᠡᠨ ᠪᠣᠰᠤᠭ᠎ᠠ ᠮᠣᠩᠭᠣᠯ
ᠠᠯᠠᠭᠠᠨ ᠳᠡᠭᠡᠷ᠎ᠡ ᠪᠡᠨ ᠬᠠᠳᠠᠭ ᠢ᠋ᠶ᠋ᠠᠨ ᠨᠠᠮᠢᠷᠠᠭᠤᠯᠤᠭᠰᠠᠨ ᠤᠶᠠᠬᠠᠨ ᠮᠣᠩᠭᠣᠯ
ᠠᠮᠠᠨ ᠳᠡᠭᠡᠷ᠎ᠡ ᠪᠡᠨ ᠢᠷᠦᠭᠡᠯ ᠢ᠋ᠶ᠋ᠡᠨ ᠳᠡᠭᠡᠳᠦᠯᠡᠭᠰᠡᠨ ᠵᠥᠩᠨᠡᠯᠲᠦ ᠮᠣᠩᠭᠣᠯ ᠠ᠋!
ᠣᠩᠭᠣᠨ ᠪᠠᠢᠭᠠᠯᠢ ᠲᠠᠢ ᠪᠠᠨ ᠵᠣᠬᠢᠴᠠᠨ ᠠᠮᠢᠳᠤᠷᠠᠭᠰᠠᠨ ᠡᠶᠡᠯᠰᠡᠭ ᠮᠣᠩᠭᠣᠯ
ᠣᠭᠲᠠᠷᠭᠤᠢ ᠶ᠋ᠢᠨ ᠣᠳᠣᠳ ᠢ᠋ᠶ᠋ᠠᠷ ᠮᠠᠯ ᠢ᠋ᠶ᠋ᠠᠨ ᠵᠦᠢᠷᠯᠡᠭᠰᠡᠨ ᠪᠠᠶᠠᠨ ᠮᠣᠩᠭᠣᠯ
ᠲᠠᠪᠤᠨ ᠡᠷᠳᠡᠨᠢ ᠶ᠋ᠢᠨ ᠪᠤᠶᠠᠨ ᠬᠤᠷᠠᠭᠰᠠᠨ ᠲᠠᠩᠰᠤᠭ ᠮᠣᠩᠭᠣᠯ
ᠲᠠᠷᠠᠭ ᠠᠢᠷᠠᠭ ᠤ᠋ᠨ ᠰᠢᠮ᠎ᠡ ᠪᠢᠯᠬᠠᠷᠠᠭᠰᠠᠨ ᠵᠢᠷᠭᠠᠯᠲᠤ ᠮᠣᠩᠭᠣᠯ ᠠ᠋!
ᠲᠣᠭᠣᠨᠣᠲᠤ ᠪᠠᠭᠤᠷᠢ ᠪᠠᠷ ᠨᠤᠲᠤᠭ ᠢ᠋ᠶ᠋ᠠᠨ ᠲᠠᠮᠠᠭᠠᠯᠠᠭᠰᠠᠨ ᠨᠡᠭᠦᠳᠡᠯᠴᠢᠨ ᠮᠣᠩᠭᠣᠯ
ᠲᠣᠭᠣᠭ᠎ᠠ ᠲᠠᠢ ᠰᠦ ᠪᠡᠷ ᠰᠡᠳᠬᠢᠯ ᠢ᠋ᠶ᠋ᠡᠨ ᠰᠦᠯᠡᠭᠰᠡᠨ ᠴᠠᠢᠯᠭᠠᠨ ᠮᠣᠩᠭᠣᠯ
ᠲᠤᠯᠭᠠᠲᠤ ᠭᠠᠯ ᠢ᠋ᠶ᠋ᠠᠷ ᠭᠣᠯᠣᠮᠲᠠ ᠪᠠᠨ ᠪᠠᠳᠠᠷᠠᠭᠠᠭᠰᠨ ᠥᠭᠡᠳᠡᠷᠬᠡᠭ ᠮᠣᠩᠭᠣᠯ
ᠲᠤᠭᠤᠷᠠᠢᠲᠤ ᠬᠦᠯᠦᠭ ᠢ᠋ᠶ᠋ᠡᠷ ᠳᠡᠯᠡᠬᠡᠢ ᠶ᠋ᠢ ᠳᠣᠩᠰᠣᠯᠭᠠᠭᠰᠠᠨ ᠠᠯᠳᠠᠷᠲᠤ ᠮᠣᠩᠭᠣᠯ ᠠ᠋!
ᠡᠷᠭᠢᠬᠦ ᠮᠠᠷᠭᠠᠰᠢ ᠳ᠋ᠤ᠌ ᠲᠡᠦᠬᠡ ᠪᠡᠨ ᠬᠠᠨᠳᠢᠪᠯᠠᠭᠰᠠᠨ ᠠᠭᠤᠤ ᠮᠣᠩᠭᠣᠯ
ᠡᠬᠡ ᠬᠡᠯᠡ ᠪᠡᠷ ᠢ᠋ᠶ᠋ᠡᠨ ᠦᠨᠳᠦᠰᠦᠲᠡᠨ ᠢ᠋ᠶ᠋ᠡᠨ ᠮᠠᠨᠳᠤᠭᠤᠯᠤᠭᠰᠠᠨ ᠴᠡᠴᠡᠨ ᠮᠣᠩᠭᠣᠯ
ᠡᠵᠡᠨ ᠬᠠᠩᠭᠠᠢ ᠳ᠋ᠤ᠌ ᠬᠠᠷᠠᠭ᠎ᠠ ᠪᠠᠨ ᠳᠡᠯᠡᠭᠰᠡᠨ ᠨᠠᠯᠠᠭᠠᠷ ᠮᠣᠩᠭᠣᠯ
ᠡᠰᠡᠨᠢᠬᠦ ᠬᠣᠷᠸ᠎ᠠ ᠳ᠋ᠤ᠌ ᠪᠤᠶᠠᠨ ᠢ᠋ᠶ᠋ᠠᠨ ᠡᠳ᠋ᠯᠡᠭᠰᠡᠨ ᠳᠡᠯᠡᠬᠡᠢ ᠮᠣᠩᠭᠣᠯ ᠠ᠋!
ᠦᠰᠦᠭ ᠠᠮᠢᠯᠠᠭᠤᠯᠤᠭᠴᠢ᠄ ᠭᠦᠩᠭᠠᠷ
ᠬᠢᠨᠠᠭᠴᠢ᠄ ᠠᠯᠲᠠᠨᠴᠢᠮᠡᠭ
