ᠬᠦᠦᠳᠠᠭᠤᠯᠠ -ᠬᠠᠢ ᠬᠤᠸᠠХүүдагула-Хай хуа
ᠬᠦᠦᠳᠠᠭᠤᠯᠠ
ᠬᠣᠷᠴᠢᠨ ᠠᠷᠠᠳ ᠤ᠋ᠨ ᠳᠠᠭᠤᠤ
ᠠᠷᠠᠳ ᠤ᠋ᠨ ᠳᠠᠭᠤᠴᠢᠨ᠄ ᠬᠠᠢ ᠬᠤᠸᠠ
ᠠᠩᠬᠠᠨ ᠤ᠋ ᠴᠠᠭ ᠲᠤ᠌᠄ ᠬᠦᠦᠳᠠᠭᠤᠯᠠ ᠭᠡᠵᠦ ᠨᠢᠭᠡ ᠰᠠᠢᠬᠠᠨ ᠴᠤ᠌ ᠲᠥᠷᠥᠭᠰᠡᠨ ᠬᠡᠦᠬᠡᠨ ᠪᠠᠢᠵᠤ ᠪᠠᠢᠭᠰᠠᠨ ᠭᠡᠨ᠎ᠡ ᠃ ᠳᠠᠷᠬᠠᠨ ᠬᠤᠰᠢᠭᠤᠨ ᠤ᠋ ᠨᠠᠮᠵᠢᠯ ᠭᠡᠳᠡᠭ ᠵᠠᠯᠠᠭᠤ ᠲᠠᠢ ᠢᠨᠠᠭ ᠬᠠᠢᠷ᠎ᠠ ᠲᠠᠢ ᠪᠣᠯᠵᠠᠢ᠃ ᠲᠡᠭᠡᠯ᠎ᠡ ᠭᠡᠳ ᠶᠠᠭᠠᠬᠢᠨ᠎ᠠ ᠳᠠ᠂ ᠬᠠᠷᠠᠩᠭᠤᠢ ᠨᠡᠢᠭᠡᠮ ᠦ᠋ᠨ ᠬᠡᠷᠴᠡᠭᠡᠢ ᠶᠣᠰᠣᠨ ᠠ᠋ᠴᠠ ᠪᠣᠯᠤᠭᠠᠳ᠂ᠬᠦᠦᠳᠠᠭᠤᠯᠠ ᠪᠣᠯᠤᠨ ᠨᠠᠮᠵᠢᠯ ᠬᠣᠶᠠᠷ ᠰᠠᠢᠨ ᠳᠤᠷ᠎ᠠ ᠶ᠋ᠢᠨ ᠤᠷᠤᠭ ᠬᠣᠯᠪᠣᠵᠤ ᠴᠢᠳᠠᠭᠰᠠᠨ ᠦᠭᠡᠢ᠂
ᠴᠢᠩᠭᠢᠭᠡᠳ ᠶᠠᠭᠠᠬᠢᠭᠰᠠᠨ ᠪᠣᠢ? ᠲᠣᠭᠣᠰ ᠤ᠋ᠨ ᠰᠦᠮ᠎ᠡ ᠶ᠋ᠢᠨ ᠵᠡᠭᠦᠨ ᠲᠠᠯ᠎ᠠ ᠳ᠋ᠤ᠌ ᠸᠠᠨ ᠳ᠋ᠠᠨ ᠭᠡᠳᠡᠭ ᠨᠢᠭᠡ ᠰᠣᠬᠣᠷ ᠪᠠᠢᠵᠠᠢ᠂ ᠮᠥᠮᠥ ᠠᠪᠤ ᠨᠢ ᠡᠵᠡᠨ ᠮᠡᠳᠡᠵᠦ ᠲᠣᠯᠣᠭᠠᠢ ᠳᠠᠷᠤᠵᠤ ᠪᠠᠢᠭᠠᠳ ᠲᠡᠷᠡ ᠰᠣᠬᠣᠷ ᠲᠠᠢ ᠬᠤᠷᠢᠮᠯᠠᠭᠤᠯᠴᠢᠬᠠᠭᠰᠠᠨ ᠶᠤᠮ ᠰᠢᠦ ᠥᠬᠢᠨ ᠢ᠋ᠶ᠋ᠡᠨ᠁ ᠴᠢᠩᠭᠢᠭᠡᠳ ᠤᠬᠠᠭᠠᠨ ᠰᠠᠨᠠᠭ᠎ᠠ ᠰᠠᠢᠲᠠᠢ ᠬᠦᠦᠳᠠᠭᠤᠯᠠ ᠬᠡᠦᠬᠡᠨ ᠪᠣᠯᠪᠠᠯ ᠤᠷᠠᠯᠢᠭ ᠲᠥᠷᠥᠭᠰᠡᠨ ᠰᠡᠳᠬᠢᠯ ᠦ᠋ᠨ ᠬᠥᠮᠦᠨ ᠨᠠᠮᠵᠢᠯ ᠬᠡ ᠬᠡ ᠲᠡᠢ ᠪᠡᠨ ᠰᠠᠯᠬᠤ ᠶ᠋ᠢᠨ ᠦᠶ᠎ᠡ ᠳ᠋ᠦ᠍ ᠪᠡᠨ ᠢᠩᠭᠢᠵᠦ ᠬᠡᠯᠡᠨ᠎ᠡ᠁
ᠲᠥᠷᠥᠭᠡᠳ ᠲᠡᠭᠡᠭᠰᠡᠨ ᠭᠠᠵᠠᠷ ᠴᠢᠨᠢ ᠬᠦ᠂ ᠬᠦᠦᠳᠠᠭᠤᠯᠠ ᠬᠦ
ᠲᠦᠩ ᠬᠠᠷ᠎ᠠ ᠮᠣᠳᠣ ᠲᠠᠢ ᠬᠠᠭᠠᠯᠭᠠᠲᠤ ᠶ᠋ᠢᠨ ᠠᠢᠯ ᠠ᠋ ᠬᠦ
ᠲᠣᠭᠯᠠᠭᠠᠳ ᠨᠠᠭᠠᠳᠤᠭᠠᠳ ᠲᠡᠭᠡᠭᠰᠡᠨ ᠭᠠᠵᠠᠷ ᠨᠢ ᠠ ᠬᠦ᠂ ᠬᠦᠦᠳᠠᠭᠤᠯᠠ ᠬᠦ
ᠲᠣᠭᠣᠰ ᠤ᠋ᠨ ᠰᠦᠮ᠎ᠡ ᠶ᠋ᠢᠨ ᠠᠷᠤ ᠳᠡᠭᠡᠷ᠎ᠡ ᠴᠠᠭᠠᠨ ᠮᠠᠩᠬ᠎ᠠ ᠶ᠋ᠢᠨ ᠠᠢᠯ ᠠ᠋ ᠬᠦ
ᠳᠣᠲᠣᠷ᠎ᠠ ᠠ᠋ᠴᠠ ᠪᠠᠨ ᠰᠠᠨᠠᠭᠠᠳ ᠲᠡᠭᠡᠭᠰᠡᠨ ᠬᠥᠮᠦᠨ ᠢ᠋ ᠨᠢ ᠬᠡᠯᠡᠪᠡᠯ ᠠ᠋ ᠬᠦ᠂ ᠬᠦᠦᠳᠠᠭᠤᠯᠠ ᠬᠦ
ᠳᠠᠷᠬᠠᠨ ᠬᠤᠰᠢᠭᠤᠨ ᠤ᠋ ᠨᠠᠮᠵᠢᠯ ᠭᠡᠭᠡ ᠬᠦ
ᠳᠠᠷᠤᠯᠠᠭᠠᠳ ᠬᠣᠯᠪᠣᠭᠠᠳ ᠲᠡᠭᠡᠭᠰᠡᠨ ᠬᠥᠮᠦᠨ ᠢ᠋ ᠨᠢ ᠬᠡᠯᠡᠪᠡᠯ ᠠ᠋ ᠬᠦ᠂ ᠬᠦᠦᠳᠠᠭᠤᠯᠠ ᠬᠦ
ᠲᠡᠨᠡᠭ ᠠᠳᠤᠭᠤᠰᠤ ᠠᠳᠠᠯᠢ ᠸᠠᠨ ᠳ᠋ᠠᠨ ᠰᠣᠬᠣᠷ ᠠ᠋ ᠬᠦ
ᠤᠤᠭᠤᠭᠠᠳ ᠲᠡᠭᠡᠭᠰᠡᠨ ᠤᠰᠤ ᠶ᠋ᠢ ᠨᠢ ᠬᠡᠯᠡᠪᠡᠯ ᠠ᠋ ᠬᠦ᠂ ᠬᠦᠦᠳᠠᠭᠤᠯᠠ ᠬᠦ
ᠤᠷᠳᠤᠭᠤᠷ ᠢ᠋ᠶ᠋ᠠᠨ ᠤᠷᠤᠰᠴᠤ ᠪᠠᠢᠭ᠎ᠠ ᠬᠠᠭ ᠤ᠋ᠨ ᠭᠣᠣᠯ ᠠ᠋ ᠬᠦ
ᠤᠴᠠᠷᠠᠭᠠᠳ ᠵᠠᠶᠠᠭᠠᠭᠰᠠᠨ ᠭᠠᠵᠠᠷ ᠨᠢ ᠬᠦ᠂ ᠬᠦᠦᠳᠠᠭᠤᠯᠠ ᠬᠦ
ᠣᠲᠠᠴᠢ ᠶ᠋ᠢᠨ ᠰᠦᠮ᠎ᠡ ᠶ᠋ᠢᠨ ᠪᠠᠷᠠᠭᠤᠨ ᠳᠡᠭᠡᠷᠡᠬᠢ ᠴᠠᠭᠠᠨ ᠮᠠᠩᠬ᠎ᠠ ᠶ᠋ᠢᠨ ᠠᠢᠯ ᠠ᠋ ᠬᠦ
ᠳᠠᠰᠤᠯᠴᠠᠭᠠᠳ ᠰᠠᠨᠠᠭᠰᠠᠨ ᠬᠥᠮᠦᠨ ᠢ᠋ ᠨᠢ ᠬᠡᠯᠡᠪᠡᠯ ᠠ᠋ ᠬᠦ᠂ ᠬᠦᠦᠳᠠᠭᠤᠯᠠ ᠬᠦ
ᠳᠠᠷᠬᠠᠨ ᠬᠤᠰᠢᠭᠤᠨ ᠤ᠋ ᠨᠠᠮᠵᠢᠯ ᠭᠡᠭᠡ ᠬᠦ
ᠲᠡᠭᠷᠢ ᠪᠤᠷᠬᠠᠨ ᠳ᠋ᠤ᠌ ᠮᠥᠷᠭᠥᠭᠡᠳ ᠲᠡᠭᠡᠭᠰᠡᠨ ᠬᠥᠮᠦᠨ ᠢ᠋ ᠨᠢ ᠬᠡᠯᠡᠪᠡᠯ ᠠ᠋ ᠬᠦ᠂ ᠬᠦᠦᠳᠠᠭᠤᠯᠠ ᠬᠦ
ᠲᠣᠭᠣᠰ ᠤ᠋ᠨ ᠰᠦᠮ᠎ᠡ ᠶ᠋ᠢᠨ ᠵᠡᠭᠦᠨ ᠬᠣᠢᠲᠠᠢ ᠸᠠᠨ ᠳ᠋ᠠᠨ ᠰᠣᠬᠣᠷ ᠠ᠋ ᠬᠦ
ᠠᠯᠲᠠ ᠮᠥᠩᠭᠥ ᠶ᠋ᠢ ᠪᠡᠨ ᠬᠡᠷᠡᠭᠯᠡᠭᠰᠡᠨ ᠴᠦ᠍ ᠪᠣᠯᠤᠶ᠎ᠠ ᠳᠠ ᠬᠦ᠂ ᠬᠦᠦᠳᠠᠭᠤᠯᠠ ᠬᠦ
ᠠᠪᠤ ᠶ᠋ᠢᠨ ᠨᠤᠲᠤᠭ ᠲᠤ᠌ ᠪᠠᠨ ᠠᠪᠤᠭᠠᠳ ᠶᠠᠪᠤᠨ᠎ᠠ ᠴᠢᠮ᠎ᠠ ᠪᠠᠨ ᠬᠦ
ᠠᠯᠲᠠ ᠮᠥᠩᠭᠥ ᠶ᠋ᠢ ᠬᠡᠷᠡᠭᠯᠡᠭᠰᠡᠨ ᠦᠭᠡᠢ ᠲᠤᠯᠠᠳᠠ ᠪᠠᠨ ᠬᠦ᠂ ᠬᠦᠦᠳᠠᠭᠤᠯᠠ ᠬᠦ
ᠠᠪᠠᠯᠢ ᠨᠥᠬᠥᠷ ᠸᠠᠨ ᠳ᠋ᠠᠨ ᠰᠣᠬᠣᠷ ᠲᠤ᠌ ᠴᠢᠨᠢ ᠬᠠᠶᠠᠵᠤ ᠥᠭᠭᠦᠭᠡᠳ ᠶᠠᠪᠤᠨ᠎ᠠ ᠬᠦ
ᠡᠳ᠋ ᠶᠤ᠌ ᠡᠷᠳᠡᠨᠢ ᠶ᠋ᠢ ᠪᠡᠨ ᠵᠠᠷᠤᠵᠤ ᠪᠠᠢᠭᠠᠳ ᠠᠪᠤᠭᠰᠠᠨ ᠶᠤᠮ ᠪᠣᠯ ᠳᠠ ᠬᠦ᠂ ᠬᠦᠦᠳᠠᠭᠤᠯᠠ ᠬᠦ
ᠡᠴᠢᠭᠡ ᠶ᠋ᠢᠨ ᠨᠤᠲᠤᠭ ᠳᠠᠷᠬᠠᠨ ᠬᠤᠰᠢᠭᠤᠨ ᠳ᠋ᠤ᠌ ᠪᠠᠨ ᠳᠠᠭᠠᠭᠤᠯᠤᠭᠠᠳ ᠶᠠᠪᠤᠨ᠎ᠠ ᠬᠦ
ᠡᠳ᠋ ᠶᠣ᠌ ᠡᠷᠳᠡᠨᠢ ᠶ᠋ᠢ ᠪᠡᠨ ᠵᠠᠷᠤᠭᠰᠠᠨ ᠦᠭᠡᠢ ᠲᠤᠯᠠ ᠳ᠋ᠤ᠌ ᠪᠠᠨ ᠬᠦ᠂ ᠬᠦᠦᠳᠠᠭᠤᠯᠠ ᠬᠦ
ᠡᠯᠵᠢᠭᠡᠨ ᠵᠤᠯᠵᠠᠭ᠎ᠠ ᠸᠠᠨ ᠳ᠋ᠠᠨ ᠰᠣᠬᠣᠷ ᠲᠤ᠌ ᠥᠭᠭᠦᠭᠡᠳ ᠶᠠᠪᠤᠨ᠎ᠠ ᠬᠦ
ᠳᠠᠭᠤ ᠶ᠋ᠢᠨ ᠬᠢᠨᠢ ᠵᠢᠭᠦᠷ ᠭᠡᠳᠡᠭ ᠴᠢᠨᠢ ᠬᠣᠶᠠᠷ ᠶᠤᠮ ᠠ᠋ ᠬᠦ᠂ ᠬᠦᠦᠳᠠᠭᠤᠯᠠ ᠬᠦ
ᠲᠠᠮᠤ ᠶ᠋ᠢᠨ ᠡᠭᠦᠳᠡ ᠭᠡᠳᠡᠭ ᠴᠢᠨᠢ ᠭᠠᠭᠴᠠᠬᠠᠨ ᠶᠤᠮ ᠠ᠋ ᠬᠦ
ᠲᠠᠮᠤ ᠶ᠋ᠢᠨ ᠡᠭᠦᠳᠡᠨ ᠳ᠋ᠦ᠍ ᠪᠡᠨ ᠣᠴᠢᠭᠰᠠᠨ ᠤ᠋ ᠰᠡᠭᠦᠯᠡᠷ ᠠ᠋ ᠬᠦ᠂ ᠬᠦᠦᠳᠠᠭᠤᠯᠠ ᠬᠦ
ᠲᠠᠪᠤᠨ ᠲᠥᠷᠥᠯ ᠦ᠋ᠨ ᠡᠷ᠎ᠡ ᠡᠮ᠎ᠡ ᠪᠣᠯᠬᠤ ᠪᠠᠷ ᠲᠡᠨᠳᠡ ᠡᠴᠡ ᠭᠤᠶᠤᠶ᠎ᠠ ᠬᠦ
ᠡᠯᠢᠶ᠎ᠡ ᠶ᠋ᠢᠨ ᠬᠢᠨᠢ ᠵᠢᠭᠦᠷ ᠭᠡᠳᠡᠭ ᠴᠢᠨᠢ ᠬᠣᠶᠠᠷ ᠶᠤᠮ ᠠ᠋ ᠬᠦ᠂ ᠬᠦᠦᠳᠠᠭᠤᠯᠠ ᠬᠦ
ᠡᠷᠯᠢᠭ ᠲᠠᠮᠤ ᠶ᠋ᠢᠨ ᠡᠭᠦᠳᠡ ᠭᠡᠳᠡᠭ ᠴᠢᠨᠢ ᠭᠠᠭᠴᠠᠬᠠᠨ ᠶᠤᠮ ᠠ᠋ ᠬᠦ
ᠡᠷᠯᠢᠭ ᠦ᠋ᠨ ᠡᠭᠦᠳᠡᠨ ᠳ᠋ᠡᠭᠡᠨ ᠣᠴᠢᠭᠰᠠᠨ ᠤ᠋ ᠰᠡᠭᠦᠯᠡᠷ ᠠ᠋ ᠬᠦ᠂ ᠬᠦᠦᠳᠠᠭᠤᠯᠠ ᠬᠦ
ᠶᠢᠰᠦᠨ ᠲᠥᠷᠥᠯ ᠦ᠋ᠨ ᠡᠷ᠎ᠡ ᠡᠮ᠎ᠡ ᠪᠣᠯᠬᠤ ᠪᠠᠷ ᠭᠤᠶᠤᠭᠠᠳ ᠦᠵᠡᠶ᠎ᠡ ᠬᠦ
ᠲᠠᠪᠤᠨ ᠲᠥᠷᠥᠯ ᠦ᠋ᠨ ᠡᠷ᠎ᠡ ᠡᠮ᠎ᠡ ᠪᠣᠯᠬᠤ ᠶ᠋ᠢ ᠭᠤᠶᠤᠭᠠᠳ ᠣᠯᠪᠠᠯ ᠠ᠋ ᠬᠦ᠂ ᠬᠦᠦᠳᠠᠭᠤᠯᠠ ᠬᠦ
ᠲᠠᠩᠰᠤᠭ ᠰᠠᠢᠬᠠᠨ ᠠᠮᠢᠳᠤᠷᠠᠯ ᠢ᠋ᠶ᠋ᠠᠨ ᠲᠠᠪᠠ ᠪᠠᠷ ᠢ᠋ᠶ᠋ᠠᠨ ᠪᠠᠢᠭᠤᠯᠤᠶ᠎ᠠ
ᠶᠢᠰᠦᠨ ᠲᠥᠷᠥᠯ ᠦ᠋ᠨ ᠡᠷ᠎ᠡ ᠡᠮ᠎ᠡ ᠪᠣᠯᠬᠤ ᠶ᠋ᠢ ᠭᠤᠶᠤᠭᠠᠳ ᠣᠯᠪᠠᠯ ᠠ᠋ ᠬᠦ᠂ ᠬᠦᠦᠳᠠᠭᠤᠯᠠ ᠬᠦ
ᠡᠷᠯᠢᠭ ᠦ᠋ᠨ ᠬᠠᠭᠠᠨ ᠶᠤᠸᠠᠨ ᠸᠠᠩ ᠶᠧ ᠳ᠋ᠦ᠍ ᠲᠠᠬᠢᠯ ᠡᠷᠭᠦᠶ᠎ᠡ ᠬᠣᠶᠠᠭᠤᠯᠠ ᠪᠠᠨ ᠬᠦ
ᠠᠪᠤ ᠶ᠋ᠢᠨ ᠢ᠋ᠶ᠋ᠡᠨ ᠪᠤᠶᠠᠨ ᠳ᠋ᠤ᠌ ᠪᠠᠨ ᠡᠵᠡᠨ ᠨᠢ ᠪᠣᠯᠤᠭᠰᠠᠨ ᠴᠤ᠌ ᠪᠣᠯᠤᠶ᠎ᠠ ᠳᠠ ᠬᠦ᠂ ᠨᠠᠮᠵᠢᠯ ᠭᠡᠭᠡ ᠬᠦ
ᠠᠯᠲᠠ ᠪᠣᠯᠤᠨ ᠮᠥᠩᠭᠥ ᠪᠡᠷ ᠬᠠᠪᠰᠤᠷᠤᠨ᠎ᠠ ᠴᠢᠮ᠎ᠠ ᠪᠠᠨ ᠬᠦ
ᠠᠪᠤ ᠶ᠋ᠢᠨ ᠪᠤᠶᠠᠨ ᠳ᠋ᠤ᠌ ᠪᠠᠨ ᠡᠵᠡᠨ ᠨᠢ ᠪᠢᠰᠢ ᠲᠤᠯᠠᠳᠠ ᠪᠠᠨ ᠨᠠᠮᠵᠢᠯ ᠭᠡᠭᠡ ᠬᠦ
ᠠᠭᠠᠭ ᠤ᠋ᠨ ᠪᠣᠣᠪᠣ ᠪᠠᠷ ᠢ᠋ᠶ᠋ᠠᠨ ᠬᠦᠨᠡᠰᠦ ᠪᠣᠯᠭᠠᠵᠤ ᠥᠭᠭᠦᠨ᠎ᠡ ᠬᠦ
ᠡᠴᠢᠭᠡ ᠶ᠋ᠢᠨ ᠢ᠋ᠶ᠋ᠡᠨ ᠪᠤᠶᠠᠨ ᠳ᠋ᠤ᠌ ᠪᠠᠨ ᠡᠵᠡᠨ ᠨᠢ ᠪᠣᠯᠤᠭᠰᠠᠨ ᠴᠤ᠌ ᠪᠣᠯᠤᠶ᠎ᠠ ᠳᠠ ᠬᠦ᠂ ᠨᠠᠮᠵᠢᠯ ᠭᠡᠭᠡ ᠬᠦ
ᠡᠳ᠋ ᠪᠣᠯᠤᠨ ᠡᠷᠳᠡᠨᠢ ᠪᠡᠷ ᠢ᠋ᠶ᠋ᠡᠨ ᠬᠠᠪᠰᠤᠷᠤᠨ᠎ᠠ ᠴᠢᠮ᠎ᠠ ᠪᠠᠨ ᠬᠦ
ᠡᠴᠢᠭᠡ ᠶ᠋ᠢᠨ ᠢ᠋ᠶ᠋ᠡᠨ ᠪᠤᠶᠠᠨ ᠳ᠋ᠤ᠌ ᠪᠠᠨ ᠡᠵᠡᠨ ᠨᠢ ᠪᠢᠰᠢ ᠲᠤᠯᠠᠳᠠ ᠪᠠᠨ ᠬᠦ᠂ ᠨᠠᠮᠵᠢᠯ ᠭᠡᠭᠡ ᠬᠦ
ᠡᠷᠡᠬᠡᠢ ᠬᠤᠷᠤᠭᠤᠨ ᠤ᠋ ᠪᠥᠭᠡᠵᠢ ᠪᠡᠨ ᠥᠭᠭᠦᠭᠡᠳ ᠬᠠᠪᠰᠤᠷᠤᠶ᠎ᠠ ᠴᠢᠮ᠎ᠠ ᠪᠠᠨ ᠬᠦ
ᠲᠠᠪᠤᠨ ᠥᠩᠭᠡ ᠶ᠋ᠢᠨ ᠫᠢᠶᠣᠣᠲᠡᠢ ᠲᠡᠢ ᠤᠭᠤᠲᠠ ᠯᠠ ᠶᠤᠮ ᠠ᠋ ᠬᠦ᠂ ᠨᠠᠮᠵᠢᠯ ᠭᠡᠭᠡ ᠬᠦ
ᠲᠠᠪᠤᠨ ᠡᠳᠦᠷ ᠲᠠᠪᠤᠨ ᠰᠥᠨᠢ ᠳᠠᠯᠳᠠᠯᠠᠵᠤ ᠪᠠᠢᠭᠠᠳ ᠣᠶᠣᠭᠰᠠᠨ ᠶᠤᠮ ᠠ᠋ ᠬᠦ
ᠲᠠᠪᠤᠨ ᠥᠩᠭᠡ ᠶ᠋ᠢᠨ ᠫᠢᠶᠣᠣᠲᠡᠢ ᠲᠡᠢ ᠤᠭᠤᠲᠠ ᠶ᠋ᠢ ᠠᠪᠠᠴᠢᠬᠤ ᠳ᠋ᠤ᠌ ᠪᠠᠨ ᠬᠦ᠂ ᠨᠠᠮᠵᠢᠯ ᠭᠡᠭᠡ ᠬᠦ
ᠲᠥᠪᠯᠢᠭ ᠲᠥᠷᠥᠭᠰᠡᠨ ᠬᠦᠦᠳᠠᠭᠤᠯᠠ ᠨᠠᠮ᠎ᠠ ᠶ᠋ᠢ ᠪᠡᠨ ᠰᠠᠨᠠᠭᠠᠳ ᠶᠠᠪᠤ ᠳᠠ ᠬᠦ
ᠨᠠᠢ᠍ᠮᠠᠨ ᠨᠤᠭᠤᠯᠠᠪᠤᠷᠢ ᠲᠠᠢ ᠤᠭᠤᠲᠠ ᠶᠤᠮ ᠠ᠋ ᠬᠦ᠂ ᠨᠠᠮᠵᠢᠯ ᠭᠡᠭᠡ ᠬᠦ
ᠨᠠᠢ᠍ᠮᠠᠨ ᠡᠳᠦᠷ ᠨᠠᠢ᠍ᠮᠠᠨ ᠰᠥᠨᠢ ᠨᠢᠭᠤᠵᠤ ᠪᠠᠢᠭᠠᠳ ᠣᠶᠣᠭᠰᠠᠨ ᠶᠤᠮ ᠠ᠋ ᠬᠦ
ᠤᠬᠠᠭᠠᠨ ᠰᠠᠨᠠᠭ᠎ᠠ ᠲᠠᠢ ᠬᠦᠦᠳᠠᠭᠤᠯᠠ ᠴᠢᠨᠢ ᠬᠡᠳᠦᠢ ᠰᠠᠢᠨ ᠪᠣᠯᠪᠠᠴᠤ ᠠ᠋ ᠬᠦ᠂ ᠨᠠᠮᠵᠢᠯ ᠭᠡᠭᠡ ᠬᠦ
ᠤᠷᠠᠯᠢᠭ ᠲᠥᠷᠥᠭᠰᠡᠨ ᠭᠡᠭᠡ ᠡᠴᠡ ᠪᠡᠨ ᠰᠠᠯᠪᠠᠯ ᠬᠣᠭᠣᠰᠣᠨ ᠪᠣᠯᠤᠨ᠎ᠠ ᠬᠦ
ᠠᠷᠢᠭᠤᠨ ᠯᠢᠩᠬᠤ᠎ᠠ ᠴᠡᠴᠡᠭ ᠨᠢ ᠬᠡᠳᠦᠢ ᠰᠠᠢᠬᠠᠨ ᠪᠣᠯᠪᠠᠴᠤ ᠠ᠋ ᠬᠦ᠂ ᠨᠠᠮᠵᠢᠯ ᠭᠡᠭᠡ ᠬᠦ
ᠠᠷᠪᠠᠨ ᠰᠠᠷ᠎ᠠ ᠶ᠋ᠢᠨ ᠰᠠᠯᠬᠢᠨ ᠳ᠋ᠤ᠌ ᠵᠤᠯᠭᠠᠷᠠᠬᠤ ᠶᠤᠮ ᠠ᠋ ᠬᠦ
ᠠᠩᠬᠠᠨ ᠤ᠋ ᠲᠥᠷᠥᠯ ᠳ᠋ᠦ᠍ ᠪᠡᠨ ᠢᠷᠦᠭᠡᠯ ᠦᠭᠡᠢ ᠪᠣᠯᠪᠠᠴᠤ ᠠ᠋ ᠬᠦ᠂ ᠨᠠᠮᠵᠢᠯ ᠭᠡᠭᠡ ᠬᠦ
ᠠᠷᠤ ᠶ᠋ᠢᠨ ᠰᠦᠮ᠎ᠡ ᠳ᠋ᠦ᠍ ᠪᠡᠨ ᠵᠠᠯᠪᠠᠷᠢᠵᠤ ᠯᠠ ᠪᠠᠢᠪᠠᠯ ᠤᠴᠠᠷᠠᠵᠤ ᠯᠠ ᠪᠣᠯᠤᠨ᠎ᠠ ᠬᠦ
ᠬᠠᠢᠲᠠᠩ ᠯᠢᠩᠬᠤ᠎ᠠ ᠴᠡᠴᠡᠭ ᠨᠢ ᠬᠡᠳᠦᠢ ᠰᠠᠢᠬᠠᠨ ᠪᠣᠯᠪᠠᠴᠤ ᠠ᠋ ᠬᠦ᠂ ᠨᠠᠮᠵᠢᠯ ᠭᠡᠭᠡ ᠬᠦ
ᠬᠠᠬᠢᠷ ᠡᠪᠦᠯ ᠦ᠋ᠨ ᠬᠦᠢᠲᠡᠨ ᠳ᠋ᠦ᠍ ᠵᠤᠯᠭᠠᠷᠠᠬᠤ ᠶᠤᠮ ᠠ᠋ ᠬᠦ
ᠬᠣᠵᠢᠮ ᠤ᠋ᠨ ᠬᠤᠪᠢ ᠢᠷᠦᠭᠡᠯ ᠨᠢ ᠮᠠᠭᠤ ᠪᠣᠯᠪᠠᠴᠤ ᠠ᠋ ᠬᠦ᠂ ᠨᠠᠮᠵᠢᠯ ᠭᠡᠭᠡ ᠬᠦ
ᠬᠤᠪᠢᠯᠭᠠᠨ ᠪᠤᠷᠬᠠᠨ ᠳ᠋ᠤ᠌ ᠳᠠᠭᠠᠳᠬᠠᠵᠤ ᠪᠠᠢᠪᠠᠯ ᠠᠭᠤᠯᠵᠠᠵᠤ ᠪᠣᠯᠤᠨ᠎ᠠ ᠃
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
ᠬᠢᠨᠠᠭᠴᠢ᠄ ᠵᠠᠯᠭᠠᠬᠦᠦ
