ᠬᠥᠬᠡ ᠮᠥᠩᠭᠥᠨ ᠲᠩᠷᠢ-ᠣᠷᠳᠣᠰ ᠠᠷᠠᠳ ᠤ᠋ᠨ ᠳᠠᠭᠤᠤ Хөх мөнгөн тэнгэр-Ордос ардын дуу ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠮᠥᠩᠭᠥᠨ ᠲᠩᠷᠢ-ᠣᠷᠳᠣᠰ ᠠᠷᠠᠳ ᠤ᠋ᠨ ᠳᠠᠭᠤᠤ Хөх мөнгөн тэнгэр-Ордос ардын дуу

ᠬᠥᠬᠡ ᠮᠥᠩᠭᠥᠨ ᠲᠩᠷᠢ-ᠣᠷᠳᠣᠰ ᠠᠷᠠᠳ ᠤ᠋ᠨ ᠳᠠᠭᠤᠤ Хөх мөнгөн тэнгэр-Ордос ардын дуу

2025-07-03

323

ᠬᠥᠬᠡ ᠮᠥᠩᠭᠥᠨ ᠲᠩᠷᠢ

     
     ᠣᠷᠳᠣᠰ ᠠᠷᠠᠳ ᠤ᠋ᠨ ᠳᠠᠭᠤᠤ 

ᠠᠪᠤ ᠶ᠋ᠢᠨ ᠠᠷᠢᠭᠤᠨ ᠪᠤᠶᠠᠨ ᠢ᠋ ᠡᠳ᠋ᠯᠡᠬᠦ ᠨᠢ ᠰᠠᠢᠬᠠᠨ 
ᠠᠭᠲᠠ ᠮᠣᠷᠢ ᠪᠠᠨ ᠤᠨᠤᠬᠤ ᠳ᠋ᠤ᠌ ᠰᠠᠢᠬᠠᠨ 
ᠠᠭᠠᠯᠢ ᠵᠠᠩ ᠤ᠋ᠨ ᠳᠠᠷᠤᠤ ᠨᠢ ᠰᠠᠢᠬᠠᠨ 
ᠠᠪᠤ ᠡᠵᠢ ᠪᠡᠨ ᠬᠦᠨᠳᠦᠯᠡᠬᠦ ᠨᠢ ᠰᠠᠢᠬᠠᠨ᠃

ᠬᠥᠬᠡ ᠮᠥᠩᠭᠥᠨ ᠲᠩᠷᠢ ᠶ᠋ᠢᠨ ᠤᠨᠢᠶᠠᠷ ᠰᠠᠢᠬᠠᠨ 
ᠬᠥᠬᠡᠷᠡᠵᠦ ᠬᠠᠷᠠᠭᠳᠠᠬᠤ ᠣᠭᠲᠠᠷᠭᠤᠢ ᠰᠠᠢᠬᠠᠨ 
ᠬᠥᠭᠯᠡᠵᠦ ᠰᠠᠭᠤᠬᠤ ᠳ᠋ᠤ᠌ ᠬᠥᠭᠵᠢᠮ ᠰᠠᠢᠬᠠᠨ 
ᠬᠥᠬᠥᠭᠡ( ᠯᠡ) ᠰᠢᠪᠠᠭᠤᠨ ᠤ᠋ ᠳᠣᠩᠭᠣᠳᠬᠤ ᠰᠠᠢᠬᠠᠨ᠃     

ᠡᠷᠳᠡᠨᠢ ᠠᠭᠤᠯᠠ ᠶ᠋ᠢᠨ ᠪᠠᠷ᠎ᠠ ᠡᠵᠢ ᠠᠪᠤ ᠮᠢᠨᠢ ᠰᠠᠢᠬᠠᠨ
ᠡᠷᠬᠡ ᠳᠤᠷ᠎ᠠ ᠪᠠᠷ ᠥᠰᠦᠭᠰᠡᠨ ᠪᠡᠶ᠎ᠡ ᠮᠢᠨᠢ ᠰᠠᠢᠬᠠᠨ
ᠢᠨᠴᠠᠭᠠᠨ ᠳᠣᠩᠭᠣᠳᠬᠤ ᠭᠤᠷᠭᠤᠤᠯᠳᠠᠢ ᠰᠠᠢᠬᠠᠨ
ᠢᠷᠠᠭᠤ ᠡᠭᠡᠰᠢᠭᠲᠦ ᠳᠠᠭᠤᠤ ᠰᠠᠢᠬᠠᠨ᠃

     ᠦᠰᠦᠭ ᠠᠮᠢᠯᠠᠭᠤᠯᠤᠭᠴᠢ᠄ ᠤᠤᠭᠠᠨᠵᠢᠳ
     ᠬᠢᠨᠠᠭᠴᠢ᠄ ᠳᠠᠯᠠᠨᠲᠠᠢ