ᠴᠠᠭ ᠲᠥᠷᠥ ᠶᠢᠨ ᠦᠢᠮᠡᠭᠡᠨ – ᠳ᠋᠊᠂ ᠨᠠᠮᠲᠠᠭ - ᠠᠮᠢᠳᠤᠷᠠᠯ ᠤᠨ ᠵᠠᠮ ᠳᠤ ᠂ ᠨᠢᠭᠡᠳᠦᠭᠡᠷ ᠪᠦᠯᠦᠭ 〔ᠬᠣᠶᠠᠷ〕 Цаг төрийн үймээн – Д ᠂ Намдаг - Амьдралын зам ᠂ нэгдүгээр бүлэг - 2
ᠪᠣᠭᠳᠠ ᠶᠢᠨ ᠬᠦᠷᠢᠶ᠎ᠡ
ᠠᠶᠠᠨ ᠵᠢᠩ ᠦ᠋ᠨ ᠶᠠᠪᠤᠳᠠᠯ ᠢ᠋ ᠠᠮᠤᠷ ᠬᠥᠩᠭᠡᠨ ᠳ᠋ᠦ᠍ ᠪᠢᠲᠡᠭᠡᠢ ᠪᠣᠳᠣ᠂ ᠦᠦᠷ ᠡᠴᠡ ᠡᠮᠦᠨ᠎ᠡ ᠠᠴᠢᠶᠠᠯᠠᠨ ᠦᠳᠡ ᠶ᠋ᠢᠨ ᠬᠢᠷᠢ ᠳ᠋ᠦ᠍ ᠪᠠᠭᠤᠨ ᠲᠡᠮᠡᠭᠡ ᠪᠡᠨ ᠢᠳᠡᠭᠦᠯᠬᠦ ᠪᠣᠯᠪᠠᠴᠤ ᠨᠠᠷᠠ ᠬᠡᠯᠪᠡᠢᠬᠦ ᠶ᠋ᠢᠨ ᠬᠢᠷᠢ ᠳ᠋ᠦ᠍ ᠳᠠᠬᠢᠨ ᠠᠴᠢᠶᠠᠯᠠᠵᠤ ᠰᠥᠨᠢ ᠳᠤᠮᠳᠠ ᠶ᠋ᠢ ᠥᠩᠭᠡᠷᠡᠨ ᠲᠩᠷᠢ ᠶ᠋ᠢᠨ ᠵᠡᠭᠦᠨ ᠬᠠᠶᠠᠭ᠎ᠠ ᠠ᠋ᠴᠠ ᠭᠠᠷᠬᠤ ᠮᠡᠴᠢᠳ ᠮᠠᠷᠠᠯ ᠢ᠋ ᠪᠠᠷᠠᠭᠤᠨ᠎ᠠ ᠲᠣᠩᠭᠣᠢᠯᠭᠠᠨ ᠪᠠᠭᠤᠨ᠎ᠠ᠃ ᠡᠨᠡ ᠵᠠᠭᠤᠷ᠎ᠠ ᠪᠠᠨ ᠡᠷᠡᠭᠦᠯ ᠠᠭᠠᠷ ᠲᠤ ᠪᠦᠬᠦ ᠪᠡᠶ᠎ᠡ ᠵᠦᠯᠭᠦᠭᠳᠡᠨ᠂ ᠢᠳᠡᠵᠦ ᠤᠤᠭᠤᠬᠤ ᠳ᠋ᠤ᠌ ᠰᠢᠨᠤᠭ ᠬᠣᠪᠳᠣᠭ ᠪᠣᠯᠤᠭᠰᠠᠨ ᠪᠠᠢᠳᠠᠭ ᠪᠥᠭᠡᠳ ᠢᠩᠭᠢᠬᠦ ᠶ᠋ᠢᠨ ᠴᠠᠭ ᠲᠤ ᠬᠡᠷᠬᠢᠪᠡᠴᠦ ᠪᠠᠷᠠᠰᠢ ᠦᠭᠡᠢ ᠶᠡᠬᠡ ᠶ᠋ᠢ ᠢᠳᠡᠬᠦ ᠪᠢᠯᠡ᠃ ᠲᠡᠭᠡᠭᠡᠳ ᠤᠨᠲᠠᠬᠤ ᠨᠣᠢᠷ ᠲᠠᠭᠠᠨ ᠵᠢᠯᠣᠭᠣ ᠦᠭᠡᠢ ᠳᠠᠷᠤᠭᠳᠠᠬᠤ ᠪᠣᠯᠪᠠᠴᠤ ᠲᠦᠯᠡᠭᠰᠡᠨ ᠭᠠᠯ ᠤ᠋ᠨ ᠴᠣᠭ ᠤᠨᠲᠠᠷᠠᠵᠤ ᠭᠦᠢᠴᠡᠭᠡ ᠦᠭᠡᠢ ᠪᠠᠢᠬᠤ ᠳ᠋ᠤ᠌ ᠪᠣᠰᠤᠨ ᠠᠴᠢᠶᠠᠯᠠᠬᠤ ᠶ᠋ᠢ ᠶᠠᠭᠠᠬᠢᠨ᠎ᠠ᠃
ᠳᠡᠭᠡᠷᠡᠬᠢ ᠵᠢᠷᠤᠮ ᠢ᠋ᠶ᠋ᠠᠷ ᠬᠣᠶᠠᠷ ᠬᠣᠨᠣᠭ ᠶᠠᠪᠤᠭᠰᠠᠨ ᠤ᠋ ᠥᠷᠯᠥᠭᠡ ᠶᠡᠬᠡ ᠣᠢ ᠮᠣᠳᠣ ᠲᠠᠢ ᠳᠠᠪᠠᠭ᠎ᠠ ᠪᠠᠷ ᠳᠠᠪᠠᠨ᠎ᠠ᠃ ᠳᠤᠮᠳᠠᠭᠤᠷ ᠢ᠋ᠶ᠋ᠠᠨ ᠲᠦᠷᠭᠡᠨ ᠤᠷᠤᠰᠬᠠᠯᠲᠤ ᠨᠠᠷᠢᠨ ᠭᠣᠣᠯ ᠲᠠᠢ᠂ ᠤᠷᠲᠤ ᠬᠣᠭᠣᠯᠠᠢ ᠤᠷᠤᠭᠤᠳᠠᠵᠠᠢ᠃ ᠵᠡᠭᠦᠨ ᠪᠠᠷᠠᠭᠤᠨ ᠲᠠᠯ᠎ᠠ ᠪᠠᠷ ᠮᠣᠳᠣ ᠲᠠᠢ ᠠᠭᠤᠯᠠᠰ ᠦᠷᠭᠦᠯᠵᠢᠯᠡᠨ᠎ᠡ᠃ ᠲᠡᠭᠦᠨ ᠢ᠋ ᠳᠠᠭᠠᠨ ᠶᠠᠪᠤᠭᠰᠠᠭᠠᠷ ᠪᠣᠭᠳᠠ ᠶ᠋ᠢᠨ ᠬᠦᠷᠢᠶᠡᠨ ᠦ᠌ ᠴᠢᠭ ᠬᠣᠢᠨ᠎ᠠ ᠠ᠋ᠴᠠ ᠣᠷᠣᠵᠤ ᠢᠷᠡᠬᠦ ᠠᠵᠢ᠃ ᠳ᠋ᠨᠨᠽᠡᠨ ᠰᠡᠳᠬᠢᠯ ᠶᠡᠬᠡᠳᠡ ᠬᠥᠳᠡᠯᠦᠨ ᠵᠢᠩ ᠦ᠋ᠨ ᠢ᠋ᠶ᠋ᠡᠨ ᠰᠡᠭᠦᠯ ᠡᠴᠡ ᠬᠥᠯ ᠦ᠋ᠨ ᠳᠥᠷᠥᠭᠡ ᠶ᠋ᠢ ᠪᠣᠷᠪᠢ ᠲᠡᠨᠢᠢᠯᠭᠡᠨ ᠪᠣᠰᠤᠨ ᠬᠠᠷᠠᠬᠤ ᠳ᠋ᠤ᠌ ᠠᠯᠲᠠᠨ ᠳᠡᠭᠡᠪᠦᠷᠲᠦ ᠳᠤᠭᠠᠩ ᠨᠤᠭᠤᠳ ᠤ᠋ᠨ ᠣᠷᠣᠢ ᠨᠢᠳᠦ ᠭᠢᠯᠪᠠᠮ᠎ᠠ ᠭᠢᠯᠠᠯᠵᠠᠵᠤ᠂ ᠪᠦᠷᠢᠶ᠎ᠡ ᠪᠢᠰᠬᠢᠭᠦᠷ ᠦ᠋ᠨ ᠳᠠᠭᠤᠨ ᠬᠦᠩᠭᠢᠨᠡᠨ ᠬᠠᠩᠭᠢᠨᠠᠨ ᠰᠣᠨᠣᠰᠳᠠᠨ᠎ᠠ᠃ ᠲᠡᠨᠳᠡ ᠡᠴᠡ ᠵᠢᠭᠠᠬᠠᠨ ᠣᠷᠣᠭᠰᠢ ᠶᠠᠪᠤᠭᠰᠠᠭᠠᠷ ᠠᠭᠠᠷ ᠤ᠋ᠨ ᠪᠠᠢᠳᠠᠯ ᠥᠳᠬᠡᠷᠡᠨ ᠥᠭᠡᠷᠡᠴᠢᠯᠡᠭᠳᠡᠵᠦ ᠲᠦᠯᠡᠭᠳᠡᠮᠡᠯ ᠪᠣᠣᠪᠣ᠂ ᠰᠢᠬᠢᠷ ᠦ᠋ᠨ ᠦᠨᠦᠷ ᠰᠢᠭ ᠶᠠᠭᠤᠮ᠎ᠠ ᠬᠠᠩᠬᠤᠯᠤᠨ᠎ᠠ᠃ ᠦᠨᠡᠨ ᠳ᠋ᠡᠭᠡᠨ ᠲᠡᠷᠡ ᠶᠠᠭᠤᠨ ᠪᠣᠣᠪᠣ ᠰᠢᠬᠢᠷ ᠦ᠋ᠨ ᠦᠨᠦᠷ ᠪᠠᠢᠬᠤ ᠪᠢᠯᠡ᠂ ᠡᠯᠳᠡᠪ ᠪᠤᠰᠤ ᠶ᠋ᠢᠨ ᠪᠤᠵᠠᠷ ᠪᠤᠷᠲᠠᠭ ᠲᠠᠢ ᠬᠣᠯᠢᠯᠳᠤᠭᠰᠠᠨ ᠭᠤᠳᠤᠮᠵᠢ ᠶ᠋ᠢᠨ ᠨᠤᠨᠲᠠᠭ ᠰᠢᠷᠣᠢ ᠨᠢ ᠭᠠᠵᠠᠷ ᠤ᠋ᠨ ᠬᠣᠯᠠ ᠠ᠋ᠴᠠ ᠲᠡᠢᠨ ᠬᠦ᠌ ᠦᠨᠦᠷᠲᠦᠳᠡᠭ ᠪᠠᠢᠯ᠎ᠠ᠃ ᠬᠠᠰᠢᠶᠠᠨ ᠤ᠋ ᠪᠤᠯᠤᠩ ᠲᠣᠬᠣᠢ ᠪᠠᠷ ᠶᠠᠪᠤᠭ᠎ᠠ ᠬᠥᠮᠦᠰ ᠦ᠋ᠨ ᠬᠤᠪᠴᠠᠰᠤᠨ ᠤ᠋ ᠥᠩᠭᠡ ᠢᠯᠭᠠᠷᠠᠨ᠂ ᠯᠠᠮᠠ ᠬᠠᠷ᠎ᠠ ᠨᠢ ᠲᠠᠨᠢᠭᠳᠠᠬᠤᠢᠴᠠ ᠣᠢᠷᠠᠲᠤᠨ ᠢᠷᠡᠭᠰᠡᠨ ᠢ᠋ᠶ᠋ᠡᠨ ᠬᠦᠷᠡᠯ ᠲᠡᠮᠡᠭᠡᠨ ᠡᠴᠡ ᠪᠠᠭᠤᠨ ᠬᠠᠷᠠᠢᠵᠤ᠂ ᠲᠦᠷᠦᠭᠦᠴᠢ ᠶ᠋ᠢᠨ ᠢ᠋ᠶ᠋ᠡᠨ ᠲᠡᠮᠡᠭᠡ ᠶ᠋ᠢ ᠭᠡᠪᠲᠡᠭᠦᠯᠪᠡ᠃ ᠡᠨᠡ ᠪᠣᠯ ᠡᠨᠳᠡ ᠪᠠᠭᠤᠳᠠᠯᠯᠠᠬᠤ ᠶ᠋ᠢᠨ ᠰᠢᠨᠵᠢ ᠲᠡᠮᠳᠡᠭ ᠪᠣᠯᠬᠤ ᠲᠤᠯᠠ ᠬᠣᠶᠠᠷ ᠨᠥᠬᠥᠷ ᠨᠢ ᠶᠠᠭᠠᠷᠠᠨ ᠪᠠᠭᠤᠨ ᠬᠠᠷᠠᠢᠵᠤ᠂ ᠲᠡᠮᠡᠭᠡ ᠪᠦᠷᠢ ᠶ᠋ᠢ ᠬᠡᠪᠲᠡᠭᠦᠯᠦᠨ ᠲᠠᠲᠠᠯᠭ᠎ᠠ ᠲᠠᠢᠯᠵᠤ᠂ ᠱᠣᠷ ᠢ᠋ ᠨᠢ ᠮᠤᠯᠲᠤᠯᠤᠨ ᠬᠠᠶᠠᠨ᠎ᠠ᠃ ᠳ᠋ᠨᠨᠽᠡᠨ ᠰᠡᠭᠦᠯᠴᠢ ᠶ᠋ᠢᠨ ᠲᠡᠮᠡᠭᠡᠨ ᠳ᠋ᠦ᠍ ᠵᠡᠭᠦᠯᠲᠡᠲᠡᠢ ᠶᠠᠪᠤᠳᠠᠭ ᠭᠠᠤᠯᠢᠨ ᠳᠠᠰᠢᠮᠠᠭ ᠢ᠋ ᠠᠪᠤᠨ ᠤᠰᠤᠨ ᠳ᠋ᠤ᠌ ᠶᠠᠪᠤᠬᠤ ᠳ᠋ᠤ᠌ ᠳᠣᠷᠵᠢ ᠵᠡᠯ᠎ᠡ ᠲᠡᠳᠡᠨ ᠲᠡᠮᠡᠭᠡ ᠨᠦ᠍ᠭᠦᠳ ᠢ᠋ᠶ᠋ᠡᠨ ᠤᠶᠠᠵᠤ ᠪᠠᠢᠪᠠ᠃ ᠡᠨᠡ ᠵᠠᠭᠤᠷ᠎ᠠ ᠬᠦᠷᠡᠯ ᠮᠠᠢᠬᠠᠨ ᠢ᠋ᠶ᠋ᠠᠨ ᠠᠯᠢ ᠬᠡᠳᠦᠢᠨ ᠪᠣᠰᠬᠠᠨ ᠪᠢᠴᠢᠬᠠᠨ ᠲᠤᠯᠭᠠᠨ ᠭᠠᠯ ᠠᠰᠠᠭᠠᠨ ᠳᠡᠭᠡᠷ᠎ᠡ ᠨᠢ ᠲᠡᠮᠦᠷ ᠲᠣᠭᠣᠭ᠎ᠠ ᠲᠠᠯᠪᠢᠬᠤ ᠭᠡᠵᠦ ᠤᠰᠤ ᠢᠷᠡᠬᠦ ᠶ᠋ᠢ ᠬᠦᠯᠢᠶᠡᠨ᠎ᠡ᠃ ᠳ᠋ᠨᠨᠽᠡᠨ ᠣᠷᠣᠵᠤ ᠢᠷᠡᠩᠭᠦᠲᠡ ᠪᠡᠨ ᠠᠪᠴᠢᠷᠠᠭᠰᠠᠨ ᠤᠰᠤ ᠪᠠᠨ ᠲᠣᠭᠣᠭ᠎ᠠ ᠤᠷᠤᠭᠤ ᠬᠢᠬᠦ ᠳ᠋ᠦ᠍ ᠬᠠᠯᠠᠭᠤᠨ ᠲᠣᠭᠣᠭ᠎ᠠ ᠨᠢ ᠴᠢᠰ ᠨᠢᠰ ᠳᠤᠤᠭᠠᠷᠤᠨ᠂ ᠠᠭᠤᠷ ᠮᠠᠨᠠᠨ ᠳᠡᠭᠡᠭᠰᠢ ᠬᠠᠶᠠᠭᠠᠳ ᠨᠠᠮ ᠭᠦᠮ ᠪᠣᠯᠤᠨ᠎ᠠ᠃ ᠳᠣᠷᠵᠢ ᠭᠠᠳᠠᠨᠠᠬᠢ ᠠᠵᠢᠯ ᠢ᠋ᠶ᠋ᠠᠨ ᠳᠠᠭᠤᠰᠴᠤ ᠪᠣᠭᠴᠣ ᠲᠠᠢ ᠶᠠᠭᠤᠮ᠎ᠠ ᠰᠠᠨᠵᠢᠭᠢᠨᠠᠭᠤᠯᠤᠨ ᠣᠷᠣᠵᠤ ᠢᠷᠡᠪᠡ᠃
— ᠬᠦᠷᠡᠯ ᠭᠤᠸᠠᠢ ᠮᠢᠨᠢ᠂ ᠶᠠᠭᠤ ᠪᠣᠯᠤᠭᠠᠳ ᠡᠢᠮᠦ ᠡᠷᠲᠡ ᠦᠳᠡᠯᠡᠨᠡ ᠪᠢᠯᠡ ᠭᠡᠬᠦ ᠳ᠋ᠦ᠍᠂ ᠬᠦᠷᠡᠯ᠄
— ᠳᠡᠭᠦᠦ ᠨᠠᠷ ᠮᠢᠨᠢ ᠬᠠᠷᠠᠬᠤ ᠦᠭᠡᠢ ᠪᠠᠢᠨ᠎ᠠ ᠤᠤ ᠳᠠ᠂ ᠪᠣᠭᠳᠠ ᠶ᠋ᠢᠨ ᠬᠦᠷᠢᠶ᠎ᠡ᠂ ᠠᠴᠢᠲᠤ ᠯᠠᠮᠠ ᠶ᠋ᠢᠨ ᠢ᠋ᠶ᠋ᠡᠨ ᠬᠦᠷᠢᠶᠡᠨ ᠦ᠌ ᠬᠠᠵᠠᠭᠤ ᠳ᠋ᠤ᠌ ᠦᠳᠡᠯᠡᠬᠦ ᠪᠠᠢᠲᠤᠭᠠᠢ ᠬᠣᠨᠣᠬᠤ ᠦᠭᠡᠢ ᠥᠩᠭᠡᠷᠡᠵᠦ ᠪᠣᠯᠳᠠᠭ ᠰᠠᠨ ᠤᠤ ᠳᠠ᠃
— ᠶᠠᠭᠠᠬᠢᠭᠠᠳ ᠲᠡᠷᠡ ᠪᠢᠯᠡ ᠳᠠ?
— ᠶᠠᠭᠠᠬᠢᠶ᠎ᠠ ᠭᠡᠬᠦ ᠪᠣᠢ᠂ ᠣᠷᠴᠢᠯᠠᠩ ᠤ᠋ᠨ ᠬᠠᠮᠤᠭ ᠰᠠᠢᠨ ᠰᠠᠢᠬᠠᠨ ᠡᠨᠳᠡ ᠪᠠᠢᠳᠠᠭ ᠶᠤᠮ ᠬᠣᠢᠨ᠎ᠠ ᠳᠠ᠃ ᠬᠥᠮᠦᠨ ᠦ᠌ ᠰᠡᠳᠬᠢᠯ ᠥᠪᠡᠷ ᠦ᠋ᠨ ᠡᠷᠬᠡ ᠦᠭᠡᠢ ᠲᠠᠲᠠᠭᠳᠠᠨ᠎ᠠ᠃
— ᠲᠠ ᠬᠠᠷᠢᠨ ᠢᠩᠭᠢᠵᠦ ᠪᠠᠢᠭᠠᠳ ᠪᠦᠷ ᠶᠠᠪᠤᠬᠤ ᠪᠠᠨ ᠪᠣᠯᠴᠢᠬᠠᠬᠤ ᠶᠤᠮ ᠪᠢᠰᠢ ᠪᠠᠢᠭ᠎ᠠ ᠳᠠ ᠭᠡᠵᠦ ᠳᠣᠷᠵᠢ ᠶ᠋ᠢᠨ ᠬᠣᠱᠣᠩᠨᠠᠨ ᠬᠡᠯᠡᠬᠦ ᠳ᠋ᠦ᠍᠂ ᠬᠦᠷᠡᠯ ᠰᠠᠨᠠᠭ᠎ᠠ ᠠᠯᠳᠠᠨ᠄
— ᠠᠢ ᠳᠠ ᠠᠷᠤ ᠳ᠋ᠤ᠌ ᠮᠢᠨᠢ ᠠᠵᠢᠯ ᠲᠥᠷᠥᠯ᠂ ᠡᠬᠡᠨᠡᠷ ᠬᠡᠦᠬᠡᠳ ᠪᠠᠢᠳᠠᠭ ᠦᠭᠡᠢ ᠰᠠᠨ ᠴᠦ᠍ ᠪᠣᠯ ᠬᠥᠭᠡᠷᠦᠬᠦᠢ ᠶᠣᠰᠣᠲᠠᠢ ᠲᠡᠭᠡᠭᠰᠡᠨ ᠭᠡᠵᠦ ᠬᠤᠤᠵᠠ ᠰᠠᠬᠠᠯ ᠢ᠋ᠶ᠋ᠠᠨ ᠮᠠᠭᠠᠵᠢᠯᠠᠨ ᠪᠠᠢᠭᠰᠠᠨ ᠢ᠋ᠶ᠋ᠠᠨ ᠨᠢᠳᠦ ᠠᠨᠢᠨ ᠨᠠᠮᠠᠨᠴᠢᠯᠠᠪᠠ᠃
— ᠪᠢᠳᠡᠨ ᠳ᠋ᠦ᠍ ᠡᠨᠳᠡ ᠬᠣᠷᠭᠣᠳᠠᠬᠤ ᠶ᠋ᠢᠨ ᠬᠡᠷᠡᠭ ᠳᠠᠩᠴᠤ ᠠᠯᠠᠭ᠎ᠠ᠂ ᠵᠦᠭᠡᠷ ᠬᠠᠯᠠᠭᠤᠨ ᠬᠠᠷ᠎ᠠ ᠪᠠᠨ ᠤᠤᠭᠤᠵᠤ ᠠᠪᠤᠭᠠᠳ ᠠᠴᠢᠶᠠᠯᠠᠬᠤ ᠪᠠᠨ ᠪᠣᠳᠣᠶ᠎ᠠ ᠭᠡᠵᠦ ᠴᠢᠨᠠᠭᠰᠢᠯᠠᠭᠤᠯᠬᠤ ᠳ᠋ᠤ᠌ ᠬᠦᠷᠡᠯ ᠰᠣᠴᠢᠨ᠄
— ᠦᠭᠡᠢ ᠠ᠋ ᠬᠡᠦᠬᠡᠳ ᠦ᠋ᠳ ᠮᠢᠨᠢ᠂ ᠥᠨᠥ ᠮᠠᠷᠭᠠᠰᠢ ᠳ᠋ᠠᠭᠠᠨ ᠥᠨᠵᠢᠶᠡ᠂ ᠪᠤᠷᠬᠠᠨ ᠰᠠᠬᠢᠭᠤᠰᠤᠨ ᠳ᠋ᠤ᠌ ᠮᠥᠷᠭᠥᠵᠦ᠂ ᠪᠠᠭᠰᠢ ᠨᠠᠷ ᠲᠤ ᠳᠠᠭᠠᠳᠬᠠᠬᠤ ᠠᠵᠢᠯ ᠪᠣᠢ ᠭᠡᠳ ᠭᠠᠩᠰᠠ ᠲᠠᠢ ᠲᠠᠮᠠᠬᠢ ᠪᠠᠨ ᠲᠤᠯᠭᠠᠨ ᠤ᠋ ᠭᠠᠯ ᠠ᠋ᠴᠠ ᠠᠰᠠᠭᠠᠨ ᠬᠡᠳᠦ ᠳᠠᠬᠢᠨ ᠰᠣᠷᠣᠵᠤ ᠨᠣᠭᠣᠭᠠᠨ ᠨᠢᠳᠦ ᠰᠣᠨᠢᠬᠠᠨ ᠢ᠋ᠶ᠋ᠠᠷ ᠴᠠᠪᠴᠢᠯᠠᠨ ᠪᠣᠳᠣᠭᠰᠠᠨ ᠢ᠋ᠶ᠋ᠠᠨ᠄
— ᠲᠠ ᠬᠣᠶᠠᠷ ᠴᠦ᠍ ᠭᠡᠰᠡᠨ ᠵᠠᠮ ᠮᠥᠷ ᠢ᠋ᠶ᠋ᠡᠨ ᠳᠠᠭᠠᠳᠬᠠᠭᠤᠰᠢᠲᠠᠢ ᠭᠡᠯᠡ᠃ ᠡᠨᠡ ᠦᠭᠡ ᠳ᠋ᠨᠨᠽᠡᠨ ᠳ᠋ᠦ᠍ ᠲᠤᠩ ᠠᠶᠠᠲᠠᠢᠬᠠᠨ ᠰᠣᠨᠣᠰᠳᠠᠬᠤ ᠪᠣᠯᠪᠠᠴᠤ ᠡᠨᠳᠡ ᠮᠥᠷᠭᠥᠬᠦ ᠪᠠᠭᠰᠢ ᠪᠠᠢᠲᠤᠭᠠᠢ ᠲᠠᠨᠢᠬᠤ ᠬᠥᠮᠦᠨ ᠦᠭᠡᠢ ᠪᠡᠨ ᠰᠠᠨᠠᠨ ᠭᠤᠳᠤᠷᠠᠪᠠ᠃ ᠬᠦᠷᠡᠯ ᠬᠠᠯᠠᠭᠤᠨ ᠴᠠᠢ ᠤᠷᠤᠭᠤ ᠳᠠᠪᠤᠰᠤ ᠪᠠᠨ ᠰᠠᠮᠤᠷᠴᠤ᠂ ᠳ᠋ᠸᠴᠢᠩᠭᠠᠯᠪᠤ ᠥᠨᠳᠥᠷ ᠵᠠᠩᠷᠠᠢᠰᠠᠭ ᠬᠣᠶᠠᠷ ᠲᠤ ᠮᠥᠷᠭᠥᠭᠡᠳ ᠪᠣᠱᠣᠭᠠᠨ ᠤ᠋ ᠬᠢᠨᠢ ᠰᠢᠷᠣᠢ ᠠ᠋ᠴᠠ ᠠᠪᠤᠭᠠᠳ ᠶᠠᠪᠤᠪᠠᠯ ᠰᠠᠢᠨ ᠰᠢᠦ᠃ ᠶᠠᠳᠠᠵᠤ ᠬᠠᠮᠠᠷ ᠤ᠋ᠨ ᠱᠤᠤᠬᠢᠨᠠᠭᠠ ᠬᠦᠷᠬᠦ ᠦᠭᠡᠢ ᠭᠡᠭᠴᠢ᠂ ᠲᠡᠭᠡᠭᠡᠳ ᠪᠦᠷ ᠪᠣᠭᠳᠠ ᠯᠠᠮᠠ ᠳ᠋ᠤ᠌ ᠮᠥᠷᠭᠥᠭᠡᠳ ᠶᠠᠪᠤᠭᠰᠠᠨ ᠪᠠᠢᠪᠠᠯ ᠴᠦ᠍ ᠬᠥᠭᠡᠷᠦᠬᠦᠢ ᠠᠯᠳᠠᠬᠤ ᠦᠭᠡᠢ ᠳᠡ ᠭᠡᠵᠦ ᠴᠣᠬᠣᠮ ᠬᠡᠨ ᠳ᠋ᠦ᠍ ᠬᠡᠯᠡᠵᠦ ᠪᠠᠢᠭ᠎ᠠ ᠨᠢ ᠦᠯᠦ ᠮᠡᠳᠡᠭᠳᠡᠮ᠎ᠡ ᠭᠠᠭᠴᠠᠭᠠᠷ ᠢ᠋ᠶ᠋ᠠᠨ ᠶᠠᠷᠢᠯ᠎ᠠ᠃ ᠡᠨᠡ ᠦᠭᠡ ᠨᠢ ᠲᠥᠷᠥᠯᠬᠢ ᠶ᠋ᠢᠨ ᠰᠦᠰᠦᠭ ᠪᠢᠰᠢᠷᠡᠯ ᠮᠠᠭᠤᠲᠠᠢ ᠳᠣᠷᠵᠢ ᠶ᠋ᠢᠨ ᠰᠡᠳᠬᠢᠯ ᠳ᠋ᠦ᠍ ᠦᠯᠦ ᠨᠠᠭᠠᠯᠳᠤᠬᠤ ᠲᠤᠯᠠ᠄
— ᠵᠠ ᠲᠠ ᠮᠢᠨᠢ ᠲᠡᠷᠡ ᠡᠷᠭᠢᠯ ᠮᠥᠷᠭᠥᠯ ᠴᠦ᠍ ᠶᠠᠭᠠᠮᠠᠢ᠂ ᠵᠦᠭᠡᠷ ᠤᠨᠤᠭ᠎ᠠ ᠬᠥᠰᠬᠡ ᠪᠠᠨ ᠯᠠ ᠳᠡᠮᠡᠢ ᠤᠶᠠᠵᠤ ᠡᠴᠡᠭᠡᠬᠦ ᠦᠭᠡᠢ ᠶ᠋ᠢ ᠪᠣᠳᠣᠭᠰᠠᠨ ᠨᠢ ᠳᠡᠭᠡᠷ᠎ᠡ ᠪᠠ ᠭᠡᠬᠦ ᠳ᠋ᠦ᠍᠂ ᠬᠠᠷᠢᠭᠤ ᠳ᠋ᠤ᠌ ᠨᠢ ᠬᠦᠷᠡᠯ᠄
— ᠵᠦᠭᠡᠷ! ᠠᠶᠠᠨ ᠤ᠋ ᠲᠡᠮᠡᠭᠡ ᠶ᠋ᠢ ᠭᠠᠷᠤᠭᠰᠠᠨ ᠡᠳᠦᠷ ᠨᠢ ᠬᠣᠶᠠᠷ ᠬᠣᠨᠣᠭ ᠠᠮᠠᠷᠠᠭᠠᠨ ᠤᠶᠠᠬᠤ ᠳ᠋ᠤ᠌ ᠪᠡᠶ᠎ᠡ ᠨᠢ ᠰᠢᠪᠬᠠᠷᠠᠨ ᠰᠠᠢᠨ ᠪᠠᠢᠳᠠᠭ ᠭᠡᠪᠡ᠃ ᠳᠣᠷᠵᠢ ᠠᠶᠠᠨ ᠵᠢᠩ ᠦ᠋ᠨ ᠳᠠᠳᠤᠯᠭ᠎ᠠ ᠦᠭᠡᠢ ᠬᠥᠮᠦᠨ ᠪᠣᠯᠬᠤ ᠲᠤᠯᠠ ᠶᠠᠭᠤ ᠴᠦ᠍ ᠬᠡᠯᠡᠵᠦ ᠴᠢᠳᠠᠭᠰᠠᠨ ᠦᠭᠡᠢ ᠪᠢᠯᠡ᠃ᠬᠦᠷᠡᠯ ᠦ᠋ᠨ ᠡᠷᠭᠢᠯ ᠮᠥᠷᠭᠥᠯ ᠦ᠋ᠨ ᠠᠵᠢᠯ ᠥᠨᠥ ᠮᠠᠷᠭᠠᠰᠢ ᠳ᠋ᠠᠭᠠᠨ ᠪᠠᠭᠲᠠᠮ᠎ᠠ ᠦᠭᠡᠢ ᠪᠠᠢᠪᠠᠴᠤ ᠨᠥᠬᠥᠳ ᠦ᠋ᠨ ᠢ᠋ᠶ᠋ᠡᠨ ᠶᠠᠭᠠᠷᠠᠵᠤ ᠪᠠᠢᠭ᠎ᠠ ᠶ᠋ᠢ ᠰᠠᠨᠠᠨ ᠲᠦᠷᠭᠡᠯᠡᠬᠦ ᠶ᠋ᠢ ᠰᠢᠢᠳᠪᠦᠷᠢᠯᠡᠪᠡ᠃ ᠣᠷᠭᠢᠯᠤᠨ ᠪᠤᠴᠠᠯᠵᠤ ᠪᠠᠢᠭ᠎ᠠ ᠴᠠᠢ ᠪᠠᠨ ᠣᠳᠬᠣᠨ ᠠᠪᠴᠤ ᠲᠣᠮᠣ ᠬᠠᠷ᠎ᠠ ᠠᠶᠠᠭᠠᠨ ᠳ᠋ᠠᠭᠠᠨ ᠬᠢᠵᠦ ᠶᠠᠭᠠᠷᠠᠨ ᠤᠤᠭᠤᠭᠠᠳ᠄
— ᠬᠡᠦᠬᠡᠳ ᠦ᠋ᠳ ᠮᠢᠨᠢ᠂ ᠬᠦᠷᠢᠶ᠎ᠡ ᠣᠷᠣᠵᠠᠭᠠᠶ᠎ᠠ! ᠭᠡᠳ ᠪᠣᠰᠤᠯ᠎ᠠ᠃ ᠳ᠋ᠠᠨᠽᠡᠨ ᠲᠡᠭᠦᠨ ᠦ᠌ ᠡᠷᠭᠢᠯ ᠮᠥᠷᠭᠥᠯ ᠦ᠋ᠨ ᠶᠠᠪᠤᠳᠠᠯ ᠢ᠋ ᠠᠯᠢ ᠲᠦᠷᠦᠭᠦᠴᠢ ᠡᠴᠡ ᠠᠪᠤᠨ ᠵᠥᠪᠰᠢᠶᠡᠷᠡᠵᠦ ᠪᠠᠢᠭᠰᠠᠨ ᠪᠥᠭᠡᠳ ᠭᠠᠭᠴᠠ ᠬᠦ᠌ ᠪᠤᠷᠬᠠᠨ ᠳ᠋ᠤ᠌ ᠡᠷᠭᠦᠬᠦ ᠬᠠᠳᠠᠭ ᠦᠭᠡᠢ ᠳ᠋ᠡᠭᠡᠨ ᠪᠣᠭᠣᠭᠳᠠᠵᠤ ᠪᠠᠢᠵᠠᠢ᠃ ᠬᠦᠷᠡᠯ ᠡᠴᠡ ᠬᠣᠶᠠᠷ ᠬᠠᠳᠠᠭ ᠵᠢᠭᠡᠯᠡᠨ ᠬᠠᠮᠲᠤ ᠭᠠᠷᠪᠠ᠃ ᠳᠣᠷᠵᠢ ᠨᠢ ᠡᠨᠡ ᠵᠠᠪᠰᠢᠶᠠᠨ ᠳ᠋ᠤ᠌ ᠰᠡᠭᠦᠯ ᠦ᠋ᠨ ᠬᠡᠳᠦ ᠬᠣᠨᠣᠭ ᠲᠤ ᠳᠤᠲᠠᠭᠤ ᠠᠪᠤᠭᠰᠠᠨ ᠨᠣᠢᠷ ᠢ᠋ᠶ᠋ᠠᠨ ᠭᠦᠢᠴᠡᠭᠡᠬᠦ ᠭᠡᠰᠡᠨ ᠮᠡᠲᠦ ᠪᠦᠰᠡ ᠪᠡᠨ ᠲᠠᠢᠯᠤᠨ ᠬᠠᠵᠠᠭᠤᠯᠳᠠᠨ ᠤᠨᠠᠪᠠ᠃ ᠬᠦᠷᠡᠯ ᠮᠠᠢᠬᠠᠨ ᠠ᠋ᠴᠠ ᠪᠠᠨ ᠭᠠᠷᠤᠨ ᠬᠦᠷᠢᠶᠡᠨ ᠦ᠌ ᠵᠦᠭ ᠠᠯᠬᠤᠬᠤ ᠳᠣᠳᠣᠮ ᠵᠠᠯᠪᠠᠷᠢᠬᠤ ᠨᠢ ᠣᠯᠠᠰᠢᠷᠠᠵᠤ᠄
— ᠶᠣᠰᠣᠲᠠᠢ ᠪᠤᠷᠬᠠᠨ ᠤ᠋ ᠣᠷᠣᠨ ᠮᠠᠨᠢ ᠡᠨᠡ ᠰᠢᠦ ᠳᠡ ᠭᠡᠳ ᠳ᠋ᠠᠨᠽᠡᠨ ᠳ᠋ᠦ᠍ ᠵᠠᠯᠪᠠᠷᠢᠬᠤ ᠶ᠋ᠢ ᠱᠠᠭᠠᠷᠳᠠᠨ᠎ᠠ᠃ ᠳ᠋ᠠᠨᠽᠡᠨ ᠬᠣᠶᠠᠷ ᠭᠠᠷ ᠢ᠋ᠶ᠋ᠠᠨ ᠬᠠᠪᠰᠤᠷᠭᠠᠨ ᠨᠠᠮᠠᠨᠴᠢᠯᠠᠬᠤ ᠭᠡᠲᠡᠯ᠎ᠡ ᠬᠠᠵᠠᠭᠤᠬᠠᠨ ᠲᠠᠢ ᠠᠷᠪᠠᠭᠠᠳ ᠬᠤᠩᠰᠠ ᠴᠠᠢ ᠠᠴᠢᠭᠰᠠᠨ ᠳᠠ ᠴᠧ ᠲᠡᠷᠭᠡ ᠰᠢᠪᠡᠷ ᠲᠤ ᠵᠠᠭᠤᠭᠳᠠᠭᠰᠠᠨ ᠦᠵᠡᠭᠳᠡᠯ᠎ᠡ᠃ ᠮᠣᠷᠢ ᠨᠢ ᠪᠦᠬᠦ ᠴᠢᠳᠠᠯ ᠢ᠋ᠶ᠋ᠠᠷ ᠢ᠋ᠶ᠋ᠠᠨ ᠣᠷᠣᠭᠰᠢ ᠲᠡᠮᠡᠦᠯᠦᠨ ᠵᠢᠳᠬᠦᠵᠦ ᠪᠠᠢᠬᠤ ᠳ᠋ᠤ᠌ ᠬᠥᠲᠥᠯᠦᠨ ᠶᠠᠪᠤᠭ᠎ᠠ ᠣᠭᠳᠣᠷᠬᠠᠨ ᠨᠡᠬᠡᠢ ᠪᠣᠰᠢᠨᠵᠠ ᠲᠠᠢ᠂ ᠲᠣᠮᠣ ᠦᠨᠡᠭᠡᠨ ᠮᠠᠯᠠᠭᠠᠢ ᠲᠠᠢ ᠬᠥᠮᠦᠨ᠂ ᠲᠣᠯᠣᠭᠠᠢ ᠤᠷᠤᠭᠤ ᠨᠢ ᠬᠠᠢᠷ᠎ᠠ ᠨᠠᠢᠷ ᠦᠭᠡᠢ ᠴᠣᠬᠢᠵᠤ ᠪᠠᠢᠭ᠎ᠠ ᠳ᠋ᠤ᠌ ᠳᠣᠲᠣᠷ᠎ᠠ ᠨᠢ ᠠᠶ᠎ᠠ ᠦᠭᠡᠢ ᠪᠣᠯᠵᠤ ᠵᠠᠯᠪᠠᠷᠢᠬᠤ ᠪᠠᠨ ᠮᠠᠷᠲᠠᠪᠠ᠃ ᠭᠡᠲᠡᠯ᠎ᠡ ᠬᠦᠷᠡᠯ ᠬᠠᠵᠠᠭᠤ ᠠ᠋ᠴᠠ ᠲᠡᠳᠡᠨ᠄
— ᠵᠠ ᠬᠡᠦᠬᠡ ᠠ᠋᠂ ᠬᠣᠶᠠᠭᠤᠯᠠ ᠪᠠᠨ ᠡᠨᠳᠡ ᠡᠴᠡ ᠰᠠᠯᠤᠶ᠎ᠠ ᠭᠡᠳ ᠭᠠᠷ ᠢ᠋ᠶ᠋ᠠᠨ ᠪᠠᠷᠠᠭᠤᠨ ᠲᠠᠢᠰᠢ ᠰᠤᠩᠭᠠᠨ᠄
— ᠴᠢ ᠲᠡᠷᠡ ᠥᠨᠳᠥᠷ ᠬᠣᠭ ᠤ᠋ᠨ ᠬᠣᠢᠭᠤᠷ ᠣᠷᠣᠨ ᠴᠠᠭᠠᠳᠤ ᠳᠣᠣᠷ᠎ᠠ ᠨᠢ ᠪᠠᠢᠭ᠎ᠠ ᠬᠡᠳᠦᠨ ᠴᠠᠭᠠᠨ ᠰᠤᠪᠤᠷᠭᠠᠨ ᠲᠡᠨᠳᠡ ᠡᠴᠡ ᠤᠷᠤᠭᠰᠢ ᠪᠠᠨ ᠡᠷᠭᠢᠨ᠎ᠡ ᠰᠢᠦ ᠳᠡ᠃ ᠲᠡᠭᠡᠬᠦ ᠳ᠋ᠦ᠍ ᠴᠢᠨᠢ ᠨᠢᠭᠡ ᠥᠷᠭᠡᠨ ᠭᠤᠳᠤᠮᠵᠢ ᠲᠣᠰᠣᠨ ᠠᠪᠤᠨ᠎ᠠ ᠪᠣᠢ᠃ ᠲᠡᠭᠦᠨ ᠢ᠋ ᠤᠷᠤᠭᠤᠳᠠᠨ ᠶᠠᠪᠤᠬᠤ ᠪᠠᠷ ᠳ᠋ᠸᠴᠢᠩᠭᠠᠯᠪᠤ ᠶ᠋ᠢᠨ ᠳᠤᠭᠠᠩ᠂ ᠪᠢ ᠡᠨᠳᠡ ᠪᠠᠢᠨ᠎ᠠ ᠭᠡᠳ ᠲᠠᠭᠠᠷᠠᠯᠳᠤᠨ᠎ᠠ ᠭᠡᠵᠦ ᠮᠡᠳᠡ!
— ᠨᠥᠭᠦᠭᠡ ᠵᠠᠩᠷᠠᠢᠰᠠᠭ ᠭᠡᠳᠡᠭ ᠨᠢ ᠬᠠᠮᠢᠭ᠎ᠠ ᠪᠢᠯᠡ ᠭᠡᠬᠦ ᠳ᠋ᠦ᠍᠄
— ᠠ ᠲᠡᠢᠮᠦ᠂ ᠵᠠ ᠲᠡᠷᠡ ᠳᠠ᠂ ᠲᠡᠷᠡ ᠪᠦᠭᠦᠳᠡ ᠶ᠋ᠢᠨ ᠳᠡᠭᠡᠭᠦᠷ ᠭᠠᠭᠴᠠᠭᠠᠷ ᠢ᠋ᠶ᠋ᠠᠨ ᠰᠦᠨᠳᠡᠷᠯᠡᠵᠦ ᠪᠠᠢᠭ᠎ᠠ ᠶ᠋ᠢ ᠬᠠᠷ᠎ᠠ ᠭᠡᠳ᠂ ᠭᠠᠷ ᠢ᠋ᠶ᠋ᠠᠨ ᠳᠡᠭᠡᠭᠰᠢ ᠪᠣᠯᠭᠠᠨ ᠳᠠᠬᠢᠨ ᠵᠢᠭᠠᠵᠤ᠂ ᠲᠡᠨᠳᠡ ᠴᠢ ᠨᠠᠮᠠᠶ᠋ᠢ ᠬᠦᠯᠢᠶᠡᠨ᠎ᠡ ᠰᠢᠦ ᠳᠡ᠃ ᠵᠠ ᠡᠢᠮᠦ ᠪᠠᠢᠨ᠎ᠠ ᠭᠡᠳ ᠴᠠᠭᠠᠰᠢ ᠨᠢ ᠣᠯᠠᠨ ᠲᠠᠪᠤᠨ ᠦᠭᠡ ᠬᠡᠯᠡᠯ ᠦᠭᠡᠢ ᠤᠷᠤᠭᠰᠢ ᠡᠷᠭᠢᠨ ᠰᠠᠯᠤᠨ ᠶᠠᠪᠤᠯ᠎ᠠ᠃
ᠳ᠋ᠠᠨᠽᠡᠨ᠂ ᠥᠨᠳᠥᠷ ᠵᠠᠩᠷᠠᠢᠰᠠᠭ ᠤ᠋ᠨ ᠳᠤᠭᠠᠩ ᠢ᠋ ᠰᠢᠷᠳᠡᠨ ᠶᠠᠪᠤᠬᠤ ᠳ᠋ᠠᠭᠠᠨ ᠳᠣᠲᠣᠷ᠎ᠠ ᠨᠢ ᠨᠠᠶᠠᠨ ᠲᠣᠬᠣᠢ ᠥᠨᠳᠥᠷ᠂ ᠶᠣᠰᠣᠲᠠᠢ ᠣᠷᠴᠢᠯᠠᠩ ᠬᠣᠷᠸ᠎ᠠ ᠳ᠋ᠤ᠌ ᠬᠣᠣᠰ ᠦᠭᠡᠢ ᠰᠠᠢᠬᠠᠨ ᠠᠯᠲᠠᠨ ᠵᠠᠩᠷᠠᠢᠰᠠᠭ ᠪᠤᠷᠬᠠᠨ ᠪᠠᠢᠳᠠᠭ ᠭᠡᠵᠦ ᠰᠣᠨᠣᠰᠤᠭᠰᠠᠨ ᠢ᠋ᠶ᠋ᠠᠨ ᠰᠠᠨᠠᠨ ᠲᠡᠭᠦᠨ ᠳ᠋ᠦ᠍ ᠣᠳᠣ ᠮᠥᠷᠭᠥᠬᠦ ᠭᠡᠵᠦ ᠶᠠᠪᠤᠭ᠎ᠠ ᠳ᠋ᠠᠭᠠᠨ ᠪᠠᠶᠠᠷᠯᠠᠨ᠎ᠠ᠃ ᠬᠣᠭ ᠤ᠋ᠨ ᠬᠣᠢᠭᠤᠷ ᠭᠠᠷᠤᠭᠠᠷᠠᠢ ᠭᠡᠰᠡᠨ ᠬᠦᠷᠡᠯ ᠦ᠋ᠨ ᠦᠭᠡ ᠶ᠋ᠢ ᠰᠠᠨᠠᠨ ᠲᠡᠷᠡ ᠬᠣᠭ ᠢ᠋ ᠬᠠᠷᠠᠬᠤ ᠳ᠋ᠤ᠌ ᠮᠠᠰᠢ ᠲᠣᠮᠣ᠂ ᠪᠢᠴᠢᠬᠠᠨ ᠲᠣᠯᠣᠭᠠᠢ ᠰᠢᠭ᠋ ᠥᠨᠳᠥᠷ ᠪᠠᠢᠬᠤ ᠲᠤᠯᠠ ᠳ᠋ᠠᠨᠽᠡᠨ ᠦ᠌ ᠪᠣᠳᠣᠯ ᠥᠭᠡᠷᠡᠴᠢᠯᠡᠭᠳᠡᠪᠡ᠃《ᠡᠨᠡ ᠪᠠᠰᠠ ᠲᠣᠮᠣ ᠠ᠋᠂ ᠡᠢᠮᠦ ᠲᠣᠮᠣ ᠬᠣᠭ ᠴᠦ᠍ ᠬᠠᠷᠢᠨ ᠡᠨᠡ ᠶᠢᠷᠲᠢᠨᠴᠦ ᠳ᠋ᠦ᠍ ᠦᠭᠡᠢ ᠪᠠᠢᠬ᠎ᠠ》 ᠭᠡᠵᠦ ᠭᠠᠢᠬᠠᠨ᠎ᠠ᠃ ᠨᠢᠳᠦ ᠰᠠᠯᠭᠠᠯ ᠦᠭᠡᠢ ᠰᠢᠷᠲᠡᠨ ᠳᠡᠷᠭᠡᠳᠡ ᠨᠢ ᠣᠴᠢᠲᠠᠯ᠎ᠠ ᠬᠠᠵᠠᠭᠤ ᠠ᠋ᠴᠠ ᠨᠢ ᠬᠠᠷ᠎ᠠ ᠭᠢᠴᠢᠢ ᠭᠡᠨᠡᠳᠲᠡ ᠬᠠᠷ ᠶᠠᠷ ᠬᠤᠴᠠᠨ ᠳᠠᠭᠠᠷᠢᠪᠠ᠃ ᠭᠠᠢᠲᠠᠢ ᠬᠣᠭ ᠤ᠋ᠨ ᠲᠣᠮᠣ ᠶ᠋ᠢ ᠭᠠᠢᠬᠠᠨ ᠶᠠᠪᠤᠭᠠᠳ ᠣᠯᠠᠨ ᠭᠥᠯᠥᠭᠡ ᠲᠡᠢ ᠭᠢᠴᠢᠢ ᠶ᠋ᠢᠨ ᠡᠭᠦᠷ ᠳᠡᠭᠡᠷ᠎ᠡ ᠣᠷᠣᠭᠰᠠᠨ ᠠᠵᠢ᠃ ᠭᠢᠴᠢᠢ ᠶ᠋ᠢ ᠬᠡᠳᠦ ᠳᠠᠬᠢᠨ ᠢᠰᠬᠦᠯᠦᠭᠡᠳ ᠣᠨᠣᠭᠰᠨ ᠦᠭᠡᠢ᠃ ᠰᠠᠨᠳᠤᠷᠬᠤ ᠳ᠋ᠤ᠌ ᠪᠠᠰᠠ ᠵᠦᠭ ᠪᠦᠷᠢ ᠡᠴᠡ ᠬᠡᠳᠦᠨ ᠠᠷᠪᠠᠨ ᠨᠣᠬᠠᠳ ᠱᠤᠤᠭᠢᠶᠠᠨ ᠲᠠᠯᠪᠢᠨ ᠬᠠᠷ᠎ᠠ ᠬᠤᠷᠳᠤ ᠪᠠᠷ ᠠᠢᠰᠤᠢ ᠶᠠᠪᠤᠨ᠎ᠠ᠃ ᠭᠢᠴᠢᠢ ᠶ᠋ᠢᠨ ᠣᠮᠣᠭ ᠤᠯᠠᠮ ᠢ᠋ᠶ᠋ᠠᠷ ᠳᠣᠭᠰᠢᠷᠠᠭᠰᠠᠨ ᠪᠥᠭᠡᠳ ᠳ᠋ᠠᠨᠽᠡᠨ ᠳ᠋ᠦ᠍ ᠲᠡᠭᠦᠨ ᠢ᠋ ᠬᠣᠷᠢᠭᠯᠠᠬᠤ ᠶᠠᠭᠤᠮ᠎ᠠ ᠶᠠᠭᠤ ᠴᠦ᠍ ᠠᠯᠠᠭ᠎ᠠ᠂ ᠥᠭᠡᠷ᠎ᠡ ᠨᠣᠬᠠᠳ ᠢ᠋ ᠠᠭᠱᠠᠨ ᠵᠠᠭᠤᠷ᠎ᠠ ᠶ᠋ᠢᠨ ᠳᠣᠲᠣᠷ᠎ᠠ ᠬᠦᠷᠦᠯᠴᠡᠨ ᠢᠷᠡᠵᠦ ᠭᠠᠯᠵᠠᠭᠤ ᠮᠡᠲᠦ ᠳᠠᠭᠠᠷᠢᠵᠤ ᠡᠬᠢᠯᠡᠬᠦ ᠶ᠋ᠢᠨ ᠵᠡᠷᠭᠡᠴᠡᠭᠡ ᠪᠡᠷ ᠪᠠᠰᠠ ᠡᠳᠦᠢ ᠲᠡᠳᠦᠢ ᠨᠣᠬᠠᠳ ᠨᠡᠮᠡᠨ ᠠᠢᠰᠤᠢ ᠦᠵᠡᠭᠳᠡᠨ᠎ᠡ᠃ ᠳ᠋ᠠᠨᠽᠡᠨ ᠬᠠᠰᠬᠢᠷᠤᠯ᠎ᠠ᠂ ᠰᠢᠷᠣᠢ ᠰᠠᠴᠤᠯ᠎ᠠ᠂ ᠬᠠᠨᠴᠤᠢ ᠪᠠᠷ ᠢ᠋ᠶ᠋ᠠᠨ ᠰᠠᠪᠠᠯᠠ᠂ ᠢᠰᠬᠦᠯᠦᠯᠡ᠂ ᠡᠨᠡ ᠪᠦᠬᠦᠨ ᠶᠠᠮᠠᠷ ᠴᠦ᠍ ᠲᠤᠰᠠ ᠪᠣᠯᠤᠭᠰᠠᠨ ᠦᠭᠡᠢ᠂ ᠭᠠᠵᠠᠷ ᠳᠡᠯᠡᠬᠡᠢ ᠳᠦᠭᠦᠷᠡᠩ ᠨᠣᠬᠠᠢ᠂ ᠳᠡᠭᠡᠭᠰᠢ ᠬᠠᠷᠠᠪᠠᠴᠤ ᠨᠣᠬᠠᠢ᠂ ᠨᠣᠬᠠᠢ᠂ ᠨᠣᠬᠠᠢ᠁ ᠵᠠᠩᠴᠢᠬᠦᠦ ᠬᠣᠲᠠ ᠪᠠ ᠥᠨᠳᠥᠷ ᠵᠠᠩᠷᠠᠢᠰᠠᠭ᠂ ᠳ᠋ᠸᠴᠢᠩᠭᠠᠯᠪᠤ ᠬᠢᠭᠡᠳ ᠣᠯᠵᠠ ᠣᠮᠣᠭ ᠣᠯᠤᠨ᠂ ᠡᠬᠡ ᠡᠭᠡᠴᠢ ᠨᠠᠷ ᠲᠠᠢ ᠪᠠᠨ ᠠᠭᠤᠯᠵᠠᠬᠤ ᠪᠦᠭᠦᠳᠡ ᠮᠠᠷᠲᠠᠭᠳᠠᠪᠠ᠃ ᠡᠴᠦᠰ ᠲᠦ᠋ᠨᠢ ᠥᠪᠡᠷ ᠦ᠋ᠨ ᠪᠡᠶ᠎ᠡ ᠴᠣᠬᠣᠮ ᠬᠠᠮᠢᠭ᠎ᠠ ᠶᠠᠭᠤᠨ ᠳᠡᠭᠡᠷ᠎ᠡ ᠪᠠᠢᠭ᠎ᠠ ᠪᠠᠨ ᠴᠦ᠍ ᠮᠡᠳᠡᠬᠦ ᠪᠡᠨ ᠪᠣᠯᠢᠪᠠ᠃ ᠮᠡᠳᠡᠬᠦ ᠡᠴᠡ ᠵᠥᠪᠬᠡᠨ ᠠᠮᠢ ᠪᠡᠶ᠎ᠡ ᠪᠡᠨ ᠬᠠᠮᠠᠭᠠᠯᠠᠬᠤ ᠪᠠᠢᠪᠠᠴᠤ᠂ ᠴᠣᠬᠣᠮ ᠬᠡᠷᠬᠢᠨ ᠶᠠᠭᠤ ᠪᠠᠷ ᠭᠡᠳᠡᠭ ᠨᠢ ᠠᠯᠠᠭ᠎ᠠ᠂ ᠰᠡᠭᠦᠯ ᠳ᠋ᠡᠭᠡᠨ ᠪᠦᠷ ᠶᠠᠭᠤ ᠪᠣᠯᠵᠤ ᠪᠠᠢᠭ᠎ᠠ ᠪᠠᠨ ᠮᠡᠳᠡᠬᠦ ᠪᠡᠨ ᠪᠣᠯᠢᠪᠠ᠃ ᠨᠢᠭᠡ ᠮᠡᠳᠡᠬᠦ ᠳ᠋ᠦ᠍ ᠨᠢᠭᠤᠷ ᠥᠭᠡᠳᠡ ᠲᠣᠮᠣ ᠬᠠᠷ᠎ᠠ ᠶᠠᠭᠤᠮ᠎ᠠ ᠦᠰᠦᠷᠦᠨ ᠢᠷᠡᠯ᠎ᠡ᠃ ᠰᠢᠭᠦᠷᠡᠨ ᠠᠪᠴᠤ ᠭᠠᠵᠠᠷ ᠫᠢᠰ ᠪᠠᠭᠤᠯᠭᠠᠨ ᠰᠢᠲᠠᠪᠠ᠃ ᠲᠡᠷᠡ ᠨᠢ ᠨᠣᠬᠠᠢ ᠪᠠᠢᠯ᠎ᠠ᠃ ᠨᠣᠬᠠᠢ ᠶ᠋ᠢᠨ ᠭᠠᠰᠠᠯᠬᠤ ᠰᠣᠨᠣᠰᠳᠠᠪᠠ᠃ ᠪᠠᠰᠠ ᠪᠠᠷᠠᠭᠤᠨ ᠲᠠᠰᠢᠶᠠᠨ ᠳ᠋ᠤᠨᠢ ᠨᠢᠭᠡ ᠨᠣᠬᠠᠢ ᠨᠣᠴᠣᠨ ᠵᠡᠭᠦᠭᠳᠡᠪᠡ᠃ ᠲᠡᠷᠡ ᠨᠢ ᠬᠠᠮᠤᠭ ᠤ᠋ᠨ ᠲᠦᠷᠦᠭᠦᠦ ᠳᠠᠭᠠᠷᠢᠭᠰᠠᠨ ᠠᠶᠤᠯᠲᠤ ᠬᠠᠷ᠎ᠠ ᠭᠢᠴᠢᠢ ᠪᠠᠢᠵᠠᠢ᠃ ᠲᠣᠷᠭ᠎ᠠ ᠪᠣᠯᠲᠠᠯ᠎ᠠ ᠨᠢ ᠡᠯᠳᠡᠭᠰᠡᠨ ᠨᠡᠬᠡᠢ ᠳ᠋ᠦ᠍ ᠬᠤᠷᠴᠠ ᠰᠣᠶᠣᠭ᠎ᠠ ᠲᠡᠭᠡᠭᠳᠡᠭᠦᠯᠦᠨ ᠤᠭᠵᠠᠷᠠᠵᠤ ᠪᠠᠢᠭᠰᠠᠨ ᠢ᠋ ᠳ᠋ᠠᠨᠽᠡᠨ ᠣᠪᠣᠭᠠᠳᠠᠨ ᠠᠪᠴᠤ ᠬᠡᠳᠦ ᠳᠠᠬᠢᠨ ᠭᠠᠵᠠᠷ ᠰᠠᠪᠠᠨ ᠬᠠᠶᠠᠪᠠ᠃ ᠬᠠᠷ᠎ᠠ ᠭᠢᠴᠢᠢ ᠨᠢᠷᠤᠭᠤ ᠪᠠᠷ ᠭᠠᠵᠠᠷ ᠤᠨᠠᠵᠤ ᠳᠥᠷᠪᠡᠨ ᠮᠥᠴᠢ ᠪᠡᠨ ᠰᠠᠷᠪᠠᠯᠵᠠᠭᠤᠯᠤᠨ ᠠᠷᠠᠢᠬᠠᠨ ᠪᠣᠰᠤᠭᠠᠳ ᠤᠬᠠᠭᠠᠨ ᠵᠢᠯᠣᠭᠣ ᠦᠭᠡᠢ ᠵᠢᠭᠤᠲᠠᠪᠠ᠃ ᠢᠩᠭᠢᠭᠰᠡᠨ ᠢ᠋ᠶ᠋ᠡᠷ ᠪᠤᠰᠤᠳ ᠨᠢ ᠰᠡᠭᠦᠯ ᠬᠠᠪᠴᠢᠨ ᠲᠠᠯ᠎ᠠ ᠲᠠᠯ᠎ᠠ ᠲᠠᠢᠰᠢ ᠪᠠᠨ ᠵᠢᠭᠤᠲᠠᠵᠠᠢ᠃ ᠳ᠋ᠠᠨᠽᠡᠨ ᠣᠳᠣ ᠥᠪᠡᠷ ᠦ᠋ᠨ ᠤᠬᠠᠭᠠᠨ ᠲᠠᠢ ᠪᠣᠯᠤᠭᠠᠳ᠂ ᠪᠡᠶ᠎ᠡ ᠪᠡᠨ ᠠᠵᠢᠬᠤ ᠳ᠋ᠤ᠌ ᠵᠢᠷᠦᠬᠡ ᠨᠢ ᠴᠡᠭᠡᠵᠢᠨ ᠳ᠋ᠡᠭᠡᠨ ᠪᠠᠭᠲᠠᠵᠤ ᠶᠠᠳᠠᠨ ᠴᠣᠬᠢᠯᠠᠨ᠎ᠠ᠃ ᠪᠥᠭᠰᠡ ᠪᠡᠶ᠎ᠡ ᠱᠠᠷᠬᠢᠷᠠᠨ ᠬᠦᠨᠳᠦᠭᠦᠷᠯᠡᠬᠦ ᠮᠡᠲᠦ《ᠡᠨᠡ ᠴᠦ᠍ ᠯᠠᠪ ᠰᠡᠭ ᠪᠣᠯᠤᠭᠰᠠᠨ ᠪᠠᠢᠬ᠎ᠠ》 ᠭᠡᠵᠦ ᠪᠣᠳᠣᠨ ᠰᠢᠯᠭᠠᠨ ᠦᠵᠡᠬᠦ ᠳ᠋ᠦ᠍ ᠠᠷᠤ ᠬᠣᠷᠮᠣᠢ ᠨᠢᠭᠡᠨ ᠬᠡᠰᠡᠭ ᠤᠷᠠᠭᠳᠠᠨ ᠤᠨᠵᠢᠢᠵᠤ᠂ ᠪᠠᠷᠠᠭᠤᠨ ᠲᠠᠰᠢᠶᠠᠨ ᠳ᠋ᠤ᠌ ᠬᠣᠶᠠᠷ ᠪᠢᠴᠢᠬᠠᠨ ᠨᠦᠬᠡ ᠭᠠᠷᠤᠭᠰᠠᠨ ᠠ᠋ᠴᠠ ᠥᠭᠡᠷ᠎ᠡ ᠪᠡᠶ᠎ᠡ ᠳ᠋ᠦ᠍ ᠬᠦᠷᠦᠭᠰᠡᠨ ᠶᠠᠭᠤᠮ᠎ᠠ ᠠᠯᠠᠭ᠎ᠠ᠃ ᠡᠢᠮᠦ ᠳ᠋ᠦ᠍ ᠰᠡᠳᠬᠢᠯ ᠨᠢ ᠪᠦᠷᠢᠨ ᠲᠠᠢᠪᠤᠰᠢᠷᠠᠭᠰᠠᠨ ᠪᠥᠭᠡᠳ ᠬᠠᠷ᠎ᠠ ᠭᠢᠴᠢᠢ ᠶ᠋ᠢ ᠭᠠᠵᠠᠷ ᠭᠤᠶᠠᠳᠠᠭᠰᠠᠨ ᠢ᠋ᠶ᠋ᠠᠨ ᠰᠠᠨᠠᠬᠤ ᠳ᠋ᠤ᠌ ᠮᠥᠨ ᠴᠦ᠍ ᠥᠰᠢᠶ᠎ᠡ ᠠᠪᠤᠭᠰᠠᠨ ᠰᠢᠭ᠋ ᠪᠤᠳᠤᠭᠳᠠᠨ ᠢᠨᠢᠶᠡᠳᠦ ᠬᠦᠷᠦᠨ᠎ᠡ᠃ ᠪᠤᠰᠤᠳ ᠨᠣᠬᠠᠳ ᠤ᠋ᠨ ᠵᠢᠭᠤᠲᠠᠭᠰᠠᠨ ᠢ᠋ ᠬᠦᠴᠦᠲᠦ ᠰᠠᠬᠢᠭᠤᠯᠰᠤᠨ ᠳ᠋ᠸᠴᠢᠩᠭᠠᠯᠪᠤ᠂ ᠥᠨᠳᠥᠷ ᠵᠠᠩᠷᠠᠢᠰᠠᠭ ᠤ᠋ᠨ ᠠᠪᠤᠷᠠᠯ ᠭᠡᠵᠦ ᠦᠵᠡᠪᠡ᠃ ᠲᠡᠨᠳᠡ ᠡᠴᠡ ᠭᠤᠷᠪᠠᠨ ᠰᠤᠪᠤᠷᠭ᠎ᠠ ᠶ᠋ᠢ ᠴᠢᠭᠯᠡᠨ ᠶᠠᠪᠤᠯ᠎ᠠ᠃ ᠬᠠᠵᠠᠭᠤ ᠠ᠋ᠴᠠ ᠪᠠᠰᠠ ᠨᠣᠬᠠᠢ ᠳᠠᠭᠠᠷᠢᠬᠤ ᠴᠢᠮᠡᠭᠡ ᠭᠠᠷᠤᠭᠰᠠᠨ ᠳ᠋ᠤ᠌ ᠳᠠᠪ ᠬᠢᠨ ᠰᠣᠴᠢᠨ ᠬᠠᠷᠠᠬᠤ ᠳ᠋ᠤ᠌ ᠨᠣᠬᠠᠢ ᠪᠢᠰᠢ᠂ ᠢᠳᠡ ᠨᠠᠰᠤᠨ ᠤ᠋ ᠬᠣᠶᠠᠷ ᠯᠠᠮᠠ ᠡᠯᠢᠭᠡ ᠪᠡᠨ ᠬᠥᠰᠢᠲᠡᠯ᠎ᠡ ᠢᠨᠢᠶᠡᠨ ᠰᠠᠭᠤᠨ᠎ᠠ᠃ ᠲᠡᠳᠡ ᠥᠪᠡᠷ ᠢ᠋ ᠨᠢ ᠱᠣᠣᠯᠠᠬᠤ ᠠᠵᠢ᠃ ᠳ᠋ᠠᠨᠽᠡᠨ ᠦᠭᠡ ᠳᠠᠭᠤ ᠦᠭᠡᠢ ᠳᠠᠭᠠᠷᠢᠨ ᠭᠠᠷᠬᠤ ᠶ᠋ᠢ ᠪᠣᠳᠣᠪᠠ᠃ ᠭᠡᠪᠡᠴᠦ ᠲᠡᠷᠡ ᠬᠣᠶᠠᠷ ᠤ᠋ᠨ ᠣᠷᠬᠢᠮᠵᠢ ᠪᠠᠨ ᠪᠦᠰᠡᠯᠡᠨ ᠤᠷᠲᠤ ᠪᠠᠨ ᠵᠠᠩᠭᠢᠳᠤᠭᠰᠠᠨ ᠲᠦᠨᠲᠦᠭᠡᠷ ᠲᠣᠯᠣᠭᠠᠢ ᠲᠠᠢ ᠬᠦᠷᠡᠩ ᠬᠠᠷ᠎ᠠ ᠨᠢᠭᠤᠷ ᠲᠠᠢ ᠨᠢ᠄
— ᠬᠠᠷ᠎ᠠ ᠬᠦᠦ ᠴᠢ ᠬᠠᠷᠢᠨ ᠦᠵᠡᠭᠡ ᠦᠭᠡᠢ ᠶᠠᠭᠤᠮ᠎ᠠ ᠪᠠᠨ ᠦᠵᠡᠨ᠂ ᠦᠬᠡᠷ ᠴᠠᠮ ᠬᠠᠷᠠᠢᠵᠤ ᠰᠢᠪ ᠳᠡ ᠭᠡᠳ ᠬᠡ ᠬᠠ ᠢᠨᠢᠶᠡᠯ᠎ᠡ᠃ ᠳ᠋ᠠᠨᠽᠡᠨ ᠦ᠌ ᠵᠢᠪᠡᠭᠦᠦ ᠬᠦᠷᠪᠡ᠃
— ᠲᠠ ᠨᠠᠷ ᠴᠢᠨᠢ ᠨᠠᠮᠠᠶ᠋ᠢ ᠨᠣᠬᠠᠢ ᠳ᠋ᠤ᠌ ᠪᠠᠷᠢᠭᠤᠯᠴᠢᠬᠠᠬᠤ ᠭᠡᠵᠦ ᠪᠠᠢᠬᠤ ᠳ᠋ᠤ᠌᠂ ᠡᠨᠳᠡ ᠪᠠᠢᠭᠰᠠᠨ ᠤᠯᠤᠰ ᠤᠤ?
— ᠲᠡᠢᠮᠦ ᠠ᠋᠂ ᠴᠢ ᠴᠦ᠍ ᠮᠥᠨ ᠳᠤᠮᠳᠠ ᠨᠢ ᠰᠠᠷᠯᠤᠭ ᠤ᠋ᠨ ᠪᠤᠬ᠎ᠠ ᠠᠶᠠᠲᠠᠢ ᠰᠠᠢᠬᠠᠨ ᠦᠵᠡᠯᠴᠡᠯᠡ ᠰᠢᠦ ᠳᠡ ᠭᠡᠵᠦ ᠴᠡᠪᠡᠷᠬᠡᠨ ᠴᠢᠷᠠᠢ ᠲᠠᠢ ᠨᠢ ᠬᠡᠯᠡᠪᠡ᠃
ᠬᠠᠷᠢᠭᠤ ᠳ᠋ᠤᠨᠢ ᠳ᠋ᠠᠨᠽᠡᠨ᠄
— ᠦᠬᠦᠭᠰᠡᠨ ᠬᠣᠢᠨ᠎ᠠ ᠪᠠᠨ ᠯᠠᠮᠠ ᠨᠠᠷ ᠪᠣᠯ ᠳᠠ ᠭᠡᠯᠡ᠃ ᠡᠭᠦᠨ ᠡᠴᠡ ᠮᠠᠭᠤ ᠦᠭᠡ ᠲᠡᠷᠡ ᠦᠶ᠎ᠡ ᠳ᠋ᠦ᠍ ᠡᠰᠡ ᠣᠯᠳᠠᠪᠠ᠃
— ᠦᠬᠦᠭᠰᠡᠨ ᠬᠣᠢᠨ᠎ᠠ ᠪᠠᠨ ᠯᠠᠮᠠ ᠪᠣᠯ ᠭᠡᠨ᠎ᠡ ᠬᠦ᠌᠂ ᠭᠡᠬᠦ ᠳ᠋ᠡᠭᠡᠨ ᠲᠡᠷᠡ ᠬᠣᠶᠠᠭᠤᠯᠠ ᠪᠠᠨ ᠪᠣᠰᠤᠭᠠᠳ ᠢᠷᠡᠪᠡ᠃
— ᠲᠡᠢᠮᠦ ᠠ᠋᠂ ᠬᠥᠮᠦᠨ ᠢ᠋ ᠠᠪᠤᠷᠠᠬᠤ ᠰᠡᠳᠬᠢᠯ ᠦᠭᠡᠢ ᠪᠣᠯᠬᠣᠷ ᠴᠢᠨᠢ ᠦᠬᠦᠭᠰᠡᠨ ᠬᠣᠢᠨ᠎ᠠ ᠪᠠᠨ ᠯᠠᠮᠠ ᠨᠠᠷ ᠪᠣᠯ ᠳᠠ ᠭᠡᠰᠡᠨ ᠶᠦᠮ ᠭᠡᠳ ᠳ᠋ᠠᠨᠽᠡᠨ ᠲᠡᠰᠢᠶ᠎ᠡ ᠲᠤᠯᠤᠨ ᠲᠡᠳᠡᠨ ᠢ᠋ ᠬᠦᠯᠢᠶᠡᠪᠡ᠃ ᠰᠡᠳᠬᠢᠯ ᠳ᠋ᠦ᠍ᠨᠢ ᠲᠡᠳᠡᠨ ᠲᠡᠢ ᠦᠵᠡᠯᠴᠡᠬᠦ ᠳ᠋ᠦ᠍ ᠰᠠᠶᠢ ᠶ᠋ᠢᠨ ᠣᠯᠠᠨ ᠨᠣᠬᠠᠢ ᠲᠠᠢ ᠦᠵᠡᠯᠴᠡᠬᠦ ᠡᠴᠡ ᠠᠶᠤᠯᠲᠠᠢ ᠪᠢᠰᠢ ᠪᠣᠳᠣᠭᠳᠠᠪᠠ᠃ ᠳᠥᠨᠳᠥᠭᠡᠷ ᠲᠣᠯᠣᠭᠠᠢᠲᠤ ᠯᠠᠮᠠ ᠳ᠋ᠠᠨᠽᠡᠨ ᠦ᠌ ᠤᠷᠲᠤ ᠢᠷᠡᠭᠡᠳ ᠬᠠᠮᠠᠷ ᠢ᠋ᠶ᠋ᠠᠨ ᠰᠠᠷᠲᠠᠢᠯᠭᠠᠨ ᠬᠠᠨᠴᠤᠢ ᠰᠢᠮᠠᠯᠠᠪᠠ᠃
— ᠴᠢ ᠶᠡᠷᠦ ᠨᠢ ᠶᠠᠭᠠᠬᠢᠬᠤ ᠰᠠᠨᠠᠭ᠎ᠠ ᠲᠠᠢ ᠪᠠᠢᠨ᠎ᠠ ᠪᠣᠢ? ᠭᠡᠬᠦ ᠳ᠋ᠦ᠍᠄
— ᠶᠠᠭᠠᠬᠢᠬᠤ ᠶ᠋ᠢ ᠪᠡᠨ ᠪᠢ ᠣᠳᠣᠬᠠᠨ ᠦᠵᠡᠭᠦᠯᠦᠨ᠎ᠡ ᠳᠡ ᠭᠡᠵᠦ ᠨᠢᠭᠤᠷ ᠲᠤ ᠲᠤᠯᠤᠨ ᠢᠷᠡᠨ᠎ᠡ᠃ ᠬᠣᠶᠠᠳᠠᠬᠢ ᠯᠠᠮᠠ ᠪᠠᠰᠠ ᠮᠥᠷᠦᠨ ᠳ᠋ᠡᠬᠢ ᠶᠠᠭᠠᠨ ᠳᠤᠷᠳᠤᠩ ᠣᠷᠬᠢᠮᠵᠢ ᠪᠠᠨ ᠪᠠᠭᠤᠯᠭᠠᠨ ᠪᠦᠰᠡᠯᠡᠭᠡᠳ᠄
— ᠲᠡᠨᠡᠭ ᠮᠢᠨᠢ! ᠰᠣᠨᠣᠰ! ᠬᠡᠷᠪᠡ ᠪᠢᠳᠡ ᠴᠢᠨᠦ ᠦᠮᠡᠬᠡᠢ ᠬᠡᠭᠦᠷ ᠢ᠋ ᠲᠡᠷᠡ ᠣᠯᠠᠨ ᠨᠣᠬᠠᠳ ᠠ᠋ᠴᠠ ᠰᠠᠯᠭᠠᠬᠤ ᠭᠡᠵᠦ ᠣᠷᠣᠯᠳᠣᠪᠠᠰᠤ ᠥᠯᠥᠰᠬᠦᠯᠡᠩ ᠠᠮᠢᠲᠠᠨ ᠤ᠋ ᠬᠣᠭᠣᠯᠠ ᠶ᠋ᠢ ᠪᠤᠯᠢᠶᠠᠭᠰᠠᠨ ᠨᠢᠭᠦᠯ ᠳ᠋ᠦ᠍ ᠤᠨᠠᠬᠤ ᠪᠢᠰᠢ ᠤᠤ᠃ ᠡᠢᠮᠦ ᠳ᠋ᠦ᠍ ᠴᠢ ᠪᠢᠳᠡᠨ ᠳ᠋ᠦ᠍ ᠭᠣᠮᠣᠳᠠᠬᠤ ᠬᠡᠷᠡᠭ ᠦᠭᠡᠢ᠃ ᠮᠡᠳᠡᠪᠡ ᠤᠤ? ᠵᠠ ᠶᠠᠪᠤ ᠴᠠᠭᠠᠰᠢ ᠪᠠᠨ᠂ ᠲᠡᠷᠡ ᠦᠭᠡᠢ ᠪᠣᠯ ᠡᠭᠦᠨ ᠦ᠌ ᠠᠮᠲᠠ ᠶ᠋ᠢ ᠦᠵᠡᠨ᠎ᠡ ᠭᠡᠵᠦ ᠮᠡᠳᠡ ᠭᠡᠵᠦ ᠵᠠᠩᠭᠢᠳᠤᠨ ᠦᠵᠡᠭᠦᠯᠪᠡ᠃ ᠳ᠋ᠠᠨᠽᠡᠨ ᠲᠡᠳᠡᠨ ᠳ᠋ᠦ᠍ ᠪᠠᠭᠤᠵᠤ ᠥᠭᠭᠦᠭᠰᠡᠨ ᠪᠠᠢᠳᠠᠯ ᠦᠵᠡᠭᠦᠯᠬᠦ ᠦᠭᠡᠢ ᠶ᠋ᠢ ᠬᠢᠴᠢᠶᠡᠯ᠎ᠡ᠃
— ᠪᠢᠲᠡᠭᠡᠢ ᠰᠠᠭᠰᠠᠭᠤᠷᠠ᠂ ᠪᠢ ᠲᠠ ᠬᠣᠶᠠᠷ ᠠ᠋ᠴᠠ ᠪᠠᠢᠲᠤᠭᠠᠢ ᠵᠠᠭᠤᠨ ᠬᠠᠷ᠎ᠠ ᠵᠠᠭᠤᠳᠠᠭ ᠬᠠᠯᠲᠠᠷ ᠠ᠋ᠴᠠ ᠠᠶᠤᠬᠤ ᠦᠭᠡᠢ ᠬᠥᠮᠦᠨ ᠭᠡᠳ ᠵᠠᠮ ᠢ᠋ᠶ᠋ᠠᠨ ᠬᠥᠭᠡᠭᠡᠲᠡᠯᠡ᠂ ᠠᠷᠤ ᠳ᠋ᠤᠨᠢ᠄
— ᠨᠠᠷᠮᠠᠢᠯᠭᠠᠶᠠ᠃
— ᠲᠡᠭᠡᠶ᠎ᠡ᠂ ᠨᠠᠮᠠᠯᠳᠠᠭ ᠢ᠋ ᠨᠢ ᠴᠠᠭᠠᠰᠢ ᠨᠢ ᠣᠷᠣᠭᠤᠯᠤᠭᠠᠳ ᠶᠠᠪᠤᠭᠤᠯᠴᠢᠬᠠᠶᠠ ᠭᠡᠵᠦ ᠬᠡᠯᠡᠯᠴᠡᠬᠦ ᠰᠣᠨᠣᠰᠳᠠᠵᠠᠢ᠃ ᠡᠷᠭᠢᠨ ᠬᠠᠷᠠᠬᠤ ᠳ᠋ᠤ᠌ ᠥᠨᠥ ᠯᠠᠮᠠ ᠨᠠᠷ ᠲᠣᠯᠣᠭᠠᠢ ᠳᠡᠭᠡᠷ᠎ᠡ ᠪᠡᠨ ᠳᠣᠬᠣᠳᠠᠭᠤᠯᠤᠨ ᠲᠠᠯᠪᠢᠭᠰᠠᠨ ᠪᠢᠴᠢᠬᠠᠨ ᠱᠣᠪᠣᠭᠣᠷ ᠤ᠋ᠳ ᠢ᠋ᠶ᠋ᠠᠨ ᠡᠪᠦᠷ ᠲᠡᠭᠡᠨ ᠬᠢᠵᠦ ᠠᠢᠰᠤᠢ ᠠᠵᠢ᠃ ᠬᠦᠷᠢᠶ᠎ᠡ ᠪᠠᠨᠳᠢ ᠨᠠᠷ ᠵᠣᠳᠣᠭᠠᠨ ᠳ᠋ᠤ᠌ ᠬᠡᠴᠡᠭᠦᠦ᠂ ᠬᠥᠳᠡᠭᠡᠨ ᠦ᠌ ᠬᠥᠮᠦᠨ ᠢ᠋ ᠶᠠᠭᠤ ᠴᠦ᠍ ᠦᠭᠡᠢ ᠪᠣᠯᠭᠠᠳᠠᠭ ᠭᠡᠵᠦ ᠣᠯᠠᠨ ᠤ᠋ ᠬᠡᠯᠡᠯᠴᠡᠳᠡᠭ ᠢ᠋ ᠳ᠋ᠠᠨᠽᠡᠨ ᠰᠠᠨᠠᠨ ᠬᠠᠯᠠᠰᠢᠷᠠᠪᠠ᠃ ᠭᠡᠪᠡᠴᠦ ᠪᠥᠰᠡᠨ ᠳ᠋ᠡᠭᠡᠨ ᠬᠢᠲᠤᠭ᠎ᠠ ᠲᠠᠢ ᠶᠠᠪᠤᠭ᠎ᠠ ᠪᠠᠨ ᠰᠠᠨᠠᠨ ᠵᠣᠷᠢᠭ ᠣᠷᠣᠪᠠ᠃
— ᠠᠮᠢᠨ ᠳ᠋ᠠᠭᠠᠨ ᠬᠠᠢᠷ᠎ᠠ ᠦᠭᠡᠢ ᠪᠣᠯ ᠢᠷᠡᠵᠡᠭᠡ! ᠭᠡᠵᠦ ᠬᠠᠰᠬᠢᠷᠤᠨ ᠬᠢᠲᠤᠭ᠎ᠠ ᠪᠠᠨ ᠰᠤᠭᠤᠯᠬᠤ ᠳ᠋ᠤ᠌᠂ ᠯᠠᠮᠠ ᠨᠠᠷ ᠤ᠋ᠨ ᠣᠮᠣᠭ ᠳᠠᠷᠤᠭᠳᠠᠪᠠ᠃
— ᠵᠠ ᠶᠠᠷᠰᠢᠭ ᠬᠥᠳᠡᠭᠡ ᠶ᠋ᠢᠨ ᠮᠠᠭᠤ ᠬᠦᠳᠡᠰᠦᠨ ᠳᠡᠪᠡᠯ ᠦ᠋ᠨ ᠭᠣᠣᠯ ᠢ᠋ᠶ᠋ᠠᠷ ᠶᠠᠭᠤ ᠬᠢᠨ᠎ᠡ᠃
— ᠲᠡᠢᠮᠦ ᠳᠡ ᠨᠡᠷ᠎ᠡ ᠶ᠋ᠢᠨ ᠬᠣᠣᠷ᠎ᠠ ᠭᠠᠷ ᠤ᠋ᠨ ᠭᠠᠷᠤᠵᠠ ᠭᠡᠵᠦ ᠪᠡᠶ᠎ᠡ ᠪᠡᠶ᠎ᠡ ᠪᠡᠨ ᠬᠣᠷᠢᠭᠯᠠᠨ ᠢᠳᠬᠠᠪᠠ᠃ ᠳ᠋ᠠᠨᠽᠡᠨ ᠴᠦ᠍ ᠲᠡᠷᠢᠭᠦᠨ᠂ ᠠᠩᠬ᠎ᠠ ᠭᠠᠭᠴᠠ ᠭᠢᠴᠢᠢ ᠳᠠᠭᠠᠷᠢᠭᠰᠠᠨ ᠨᠢ ᠳᠣᠣᠷ᠎ᠠ ᠪᠠᠨ ᠦᠢ ᠲᠦᠮᠡᠨ ᠨᠣᠬᠠᠢ ᠪᠣᠯᠤᠨ ᠪᠠᠷᠢᠵᠤ ᠢᠳᠡᠬᠦ ᠰᠢᠬᠠᠭᠰᠠᠨ ᠢ᠋ ᠰᠠᠨᠠᠨ ᠲᠡᠭᠦᠨ ᠰᠢᠭ ᠨᠢᠭᠡ ᠮᠡᠳᠡᠬᠦ ᠳ᠋ᠦ᠍ ᠡᠳᠦᠢ ᠲᠡᠳᠦᠢ ᠯᠠᠮᠠ ᠨᠠᠷ ᠭᠠᠷᠴᠤ ᠢᠷᠡᠬᠦ ᠶ᠋ᠢ ᠬᠡᠨ ᠪᠠᠢᠭ ᠭᠡᠬᠦ ᠪᠣᠢ ᠭᠡᠵᠦ ᠰᠠᠨᠠᠭᠠᠳ ᠬᠢᠲᠤᠭ᠎ᠠ ᠪᠠᠨ ᠪᠤᠴᠠᠭᠠᠨ ᠬᠤᠢ ᠳ᠋ᠤᠨᠢ ᠬᠢᠨ ᠶᠠᠭᠠᠷᠠᠨ ᠬᠣᠯᠠᠳᠬᠤ ᠶ᠋ᠢ ᠮᠥᠷᠥᠭᠡᠳᠦᠭᠰᠡᠨ ᠪᠣᠯᠪᠠ᠃ ᠰᠤᠪᠤᠷᠭ᠎ᠠ ᠨᠤᠭᠤᠳ ᠲᠤ ᠣᠢᠷᠠᠲᠤᠨ ᠣᠴᠢᠬᠤ ᠳ᠋ᠤ᠌ ᠢᠷᠣᠭᠠᠷ ᠲᠤ ᠨᠢ ᠪᠠᠰᠠ ᠯᠠ ᠣᠯᠠᠨ ᠲᠣᠮᠣ ᠨᠣᠬᠠᠳ ᠴᠠᠭᠠᠷᠢᠭᠯᠠᠨ ᠬᠡᠪᠲᠡᠨ᠎ᠡ᠃ ᠳᠠᠭᠠᠷᠢᠬᠤ ᠠ᠋ᠴᠠ ᠪᠣᠯᠭᠣᠮᠵᠢᠯᠠᠨ ᠬᠡᠳᠦᠨ ᠴᠢᠯᠠᠭᠤ ᠠᠪᠴᠤ ᠰᠠᠮ ᠰᠠᠮ ᠠᠯᠬᠤᠪᠠ᠃ ᠨᠣᠬᠠᠳ ᠶᠡᠷᠦ ᠬᠥᠳᠡᠯᠬᠦ ᠰᠢᠨᠵᠢ ᠦᠭᠡᠢ ᠰᠢᠭ᠃ ᠲᠡᠭᠡᠬᠦ ᠪᠡᠷ ᠰᠡᠳᠬᠢᠯ ᠲᠠᠢᠳᠬᠤᠷᠠᠪᠠ᠃ ᠭᠡᠲᠡᠯ᠎ᠡ ᠰᠤᠪᠤᠷᠭ᠎ᠠ ᠶ᠋ᠢᠨ ᠢᠷᠣᠭᠠᠷ ᠲᠠᠬᠢ ᠬᠣᠶᠠᠷ ᠬᠠᠮᠠᠭᠤ ᠲᠠᠢ ᠨᠣᠬᠠᠢ ᠶ᠋ᠢᠨ ᠳᠤᠮᠳᠠ ᠲᠠᠮᠲᠤᠭ ᠪᠣᠯᠤᠭᠰᠠᠨ ᠨᠡᠬᠡᠢ ᠳᠡᠪᠡᠯ᠂ ᠰᠢᠷ᠎ᠠ ᠢᠰᠡᠭᠡᠢ ᠲᠡᠢ ᠬᠥᠭᠯᠡᠷᠡᠨ ᠬᠡᠪᠲᠡᠭᠰᠡᠨ ᠦ᠌ ᠳᠣᠣᠷ᠎ᠠ ᠠ᠋ᠴᠠ ᠬᠥᠮᠦᠨ ᠦ᠌ ᠥᠷᠥᠭᠡᠰᠦᠨ ᠬᠥᠯ ᠴᠤᠬᠤᠢᠵᠤ ᠬᠠᠷᠠᠭᠳᠠᠪᠠ᠃ ᠳ᠋ᠠᠨᠽᠡᠨ ᠲᠡᠭᠦᠨ ᠢ᠋ ᠬᠠᠷᠠᠩᠭᠤᠲᠠ ᠪᠠᠨ ᠠᠶᠤᠵᠤ ᠰᠣᠴᠢᠬᠤ ᠵᠡᠷᠭᠡᠴᠡᠨ ᠥᠪᠡᠷ ᠦ᠋ᠨ ᠡᠷᠬᠡ ᠦᠭᠡᠢ ᠵᠣᠭ ᠲᠣᠰᠣᠨ ᠰᠢᠷᠳᠡᠪᠡ᠃ ᠦᠬᠦᠭᠰᠡᠨ ᠬᠥᠮᠦᠨ ᠶᠦᠮ ᠪᠣᠯᠪᠠ ᠤᠤ? ᠬᠥᠳᠡᠭᠡ ᠬᠡᠭᠡᠷ᠎ᠡ ᠪᠢᠰᠢ᠂ ᠬᠦᠷᠢᠶ᠎ᠡ ᠵᠦᠭᠡᠷ ᠴᠦ᠍ ᠦᠭᠡᠢ ᠶᠡᠬᠡ ᠬᠦᠷᠢᠶ᠎ᠡ ᠤᠴᠢᠷ ᠬᠠᠮᠢᠭ᠎ᠠ ᠠ᠋ᠴᠠ ᠡᠨᠳᠡ ᠦᠬᠦᠭᠰᠡᠨ ᠬᠥᠮᠦᠨ ᠬᠡᠪᠲᠡᠭᠡ ᠠᠵᠢ ᠳᠠ ᠭᠡᠵᠦ ᠪᠣᠳᠣᠪᠠ᠃ ᠲᠡᠭᠡᠭᠰᠡᠨ ᠢ᠋ᠶ᠋ᠡᠨ ᠪᠠᠰᠠ᠂ ᠠᠮᠢᠳᠤ ᠬᠥᠮᠦᠨ ᠪᠣᠯᠪᠠ ᠤᠤ? ᠬᠠᠮᠢᠭ᠎ᠠ ᠠ᠋ᠴᠠ᠂ ᠡᠨᠡ ᠪᠣᠯ ᠵᠢᠷᠭᠠᠯ ᠤ᠋ᠨ ᠣᠷᠣᠨ ᠰᠢᠦ ᠳᠡ ᠭᠡᠵᠦ ᠪᠣᠳᠣᠪᠠ᠃ ᠭᠠᠢᠬᠠᠬᠤ ᠳ᠋ᠠᠭᠠᠨ ᠶᠠᠮᠠᠷ ᠨᠢᠭᠡ ᠶᠠᠭᠤᠮ᠎ᠠ ᠶ᠋ᠢ ᠲᠠᠰᠢᠶᠠᠷᠠᠨ ᠬᠠᠷᠠᠵᠤ ᠪᠠᠢᠨ᠎ᠠ ᠭᠡᠵᠦ ᠪᠣᠳᠣᠨ ᠣᠢᠷᠠᠲᠤᠰᠬᠢᠵᠤ ᠣᠴᠢᠪᠠ᠃ ᠲᠡᠭᠡᠭᠡᠳ ᠯᠠᠪᠯᠠᠨ ᠬᠠᠷᠠᠪᠠ᠃ ᠶᠠᠭᠠᠬᠢᠭᠰᠠᠨ ᠴᠦ᠍ ᠬᠥᠮᠦᠨ ᠪᠠᠢᠬᠤ ᠶᠣᠰᠣ ᠦᠭᠡᠢ ᠭᠡᠵᠦ ᠪᠣᠳᠣᠨ ᠬᠡᠴᠢᠨᠡᠭᠡᠨ ᠳᠠᠬᠢᠨ ᠯᠠᠪᠯᠠᠨ ᠬᠠᠷᠠᠬᠤ ᠳᠣᠳᠣᠮ ᠦᠨᠡᠬᠡᠷ ᠬᠥᠮᠦᠨ ᠬᠡᠪᠲᠡᠵᠦ ᠪᠠᠢᠭ᠎ᠠ ᠪᠠᠷ ᠪᠠᠷᠠᠬᠤ ᠦᠭᠡᠢ᠂ ᠠᠢ ᠬᠥᠭᠡᠷᠦᠬᠦᠢ ᠶᠠᠳᠠᠷᠠᠯ ᠤ᠋ᠨ ᠲᠤᠢᠯ ᠳ᠋ᠤ᠌ ᠣᠷᠣᠭᠰᠠᠨ ᠬᠥᠮᠦᠨ ᠠᠷᠠᠢ ᠶᠠᠳᠠᠨ ᠢᠨᠴᠠᠭᠯᠠᠵᠤ ᠠᠮᠠᠨ ᠳᠣᠲᠣᠷ᠎ᠠ ᠪᠠᠨ ᠨᠣᠮ ᠤᠩᠰᠢᠵᠤ ᠪᠣᠢ ᠰᠣᠨᠣᠰᠳᠠᠪᠠ᠃ ᠣᠳᠣ ᠬᠡᠳᠦᠢᠪᠡᠷ ᠤᠷᠢᠨ ᠳᠤᠯᠠᠭᠠᠨ ᠪᠠᠢᠭ᠎ᠠ ᠪᠣᠯᠪᠠᠴᠤ ᠡᠪᠦᠯ ᠦ᠋ᠨ ᠡᠬᠢᠨ ᠵᠤᠯᠠ ᠰᠠᠷ᠎ᠠ᠂ ᠴᠠᠰᠤ ᠮᠥᠰᠥ ᠴᠠᠷᠴᠠᠮᠠᠯᠠᠭᠰᠠᠨ ᠵᠢᠬᠡᠭᠦᠨ ᠳᠤᠮᠳᠠᠭᠤᠷ ᠲᠡᠷᠡ ᠬᠥᠮᠦᠨ ᠦ᠌ ᠵᠢᠭᠢᠨ ᠭᠠᠷᠭᠠᠭᠰᠠᠨ ᠬᠥᠯ ᠦ᠋ᠨ ᠲᠤᠷᠠᠩᠬᠠᠢ ᠨᠢ ᠵᠢᠭᠲᠡᠢᠬᠡᠨ ᠪᠥᠭᠡᠳ ᠦᠶᠡᠨ ᠦ᠌ ᠬᠢᠨᠢ ᠶᠠᠰᠤ ᠪᠣᠯᠭᠠᠨ ᠳᠣᠪᠣᠢᠵᠤ ᠮᠢᠬ᠎ᠠ ᠪᠠᠢᠳᠠᠭ ᠭᠠᠵᠠᠷ ᠪᠣᠯᠭᠠᠨ ᠢ᠋ᠶ᠋ᠠᠷ ᠢ᠋ᠶ᠋ᠠᠨ ᠴᠠᠭᠠᠰᠢ ᠪᠠᠨ ᠬᠣᠩᠬᠣᠢᠵᠤ᠂ ᠥᠩᠭᠡ ᠨᠢ ᠭᠡᠪᠡᠯ ᠡᠭᠡᠭᠡ ᠯᠡ ᠲᠤᠷᠠᠵᠤ ᠦᠬᠦᠭᠰᠡᠨ ᠲᠡᠮᠡᠭᠡᠨ ᠦ᠌ ᠰᠢᠷᠢ ᠰᠢᠭ ᠠᠵᠢ᠃ ᠲᠡᠷᠡ ᠬᠥᠮᠦᠨ ᠳᠡᠷᠭᠡᠳᠡ ᠪᠡᠨ ᠬᠥᠮᠦᠨ ᠢᠷᠡᠬᠦ ᠶ᠋ᠢ ᠮᠡᠳᠡᠨ ᠤᠩᠰᠢᠯᠭ᠎ᠠ ᠪᠠᠨ ᠲᠠᠰᠤᠯᠵᠤ᠄
— ᠲᠦᠮᠡᠨ! ᠶᠠᠭᠤᠮ᠎ᠠ ᠬᠠᠢᠷᠠᠯᠠ! ᠭᠡᠵᠦ ᠦᠬᠦᠩᠭᠢ ᠳᠠᠭᠤ ᠪᠠᠷ ᠠᠷᠠᠢ ᠭᠡᠵᠦ ᠠᠮᠢᠰᠬᠤᠭ᠎ᠠ ᠲᠠᠢ ᠥᠭᠦᠯᠡᠭᠡᠳ ᠲᠣᠯᠣᠭᠠᠢ ᠴᠤᠬᠤᠢᠯᠭᠠᠨᠠ᠃ ᠳᠠᠪ ᠪᠣᠯᠤᠨ ᠰᠢᠷᠢᠯᠳᠦᠭᠰᠡᠨ ᠭᠡᠵᠢᠭᠡ᠂ ᠤᠬᠤᠷᠬᠠᠢ ᠳ᠋ᠠᠭᠠᠨ ᠰᠢᠭᠢᠳ ᠰᠢᠷᠭᠢᠭᠰᠡᠨ ᠬᠣᠬᠢᠮᠠᠢ ᠨᠢᠳᠦ᠂ ᠬᠥᠭᠡᠩᠭᠢ ᠴᠠᠢᠪᠤᠷ ᠴᠢᠷᠠᠢ᠂ ᠡᠨᠡ ᠪᠦᠬᠦᠨ ᠢ᠋ ᠬᠠᠷᠠᠬᠤ ᠳ᠋ᠤ᠌ ᠶᠣᠰᠣᠲᠠᠢ ᠵᠡᠭᠦᠳᠦᠨ ᠳ᠋ᠦ᠍ ᠣᠷᠣᠮ᠎ᠠ ᠠᠶᠤᠮᠰᠢᠭᠲᠠᠢ ᠶ᠋ᠢ ᠶᠠᠭᠠᠬᠢᠨ᠎ᠠ᠃ ᠨᠠᠷᠢᠪᠴᠢᠯᠠᠨ ᠠᠵᠢᠬᠤ ᠳ᠋ᠤ᠌ ᠰᠢᠨ᠎ᠡ ᠶ᠋ᠢᠨ ᠬᠢᠨᠢ ᠶᠠᠰᠤ ᠶᠣᠷᠳᠣᠢᠨ᠂ ᠬᠠᠮᠠᠷ ᠨᠢ ᠬᠠᠪᠴᠢᠢᠵᠤ᠂ ᠬᠥᠯᠥᠰᠥ ᠲᠡᠢ ᠨᠢ ᠵᠢᠭᠤᠷᠠᠯᠳᠤᠨ ᠬᠠᠲᠠᠭᠰᠠᠨ ᠥᠯᠥᠩ ᠰᠢᠷᠣᠢ ᠨᠢᠭᠤᠷ ᠤ᠋ᠨ ᠬᠢᠨᠢ ᠵᠢᠷᠤᠭᠠᠰᠤ ᠪᠣᠯᠭᠠᠨ ᠢ᠋ ᠵᠢᠷᠤᠮᠠᠯ ᠶᠠᠭᠤᠮ᠎ᠠ ᠰᠢᠭ᠋ ᠲᠣᠳᠣᠳᠬᠠᠭᠰᠠᠨ ᠠᠵᠢ᠃
— ᠲᠠ ᠶᠠᠭᠠᠬᠢᠭᠰᠠᠨ ᠬᠥᠮᠦᠨ ᠪᠣᠢ? ᠭᠡᠬᠦ ᠳ᠋ᠦ᠍᠄
— ᠠ᠂ ᠪᠢ ᠡᠪᠡᠳᠴᠢᠨ ᠵᠣᠪᠠᠯᠠᠩ ᠳ᠋ᠤ᠌ ᠳᠠᠷᠤᠭᠳᠠᠭᠰᠠᠨ ᠬᠥᠮᠦᠨ᠃ ᠶᠠᠭᠤᠮ᠎ᠠ ᠬᠠᠢᠷᠠᠯᠠ! ᠭᠡᠵᠦ ᠬᠠᠲᠠᠭᠰᠠᠨ ᠰᠢᠪᠡᠷ ᠦ᠋ᠨ ᠥᠩᠭᠡᠲᠦ ᠨᠢᠮᠭᠡᠨ ᠤᠷᠤᠭᠤᠯ ᠥᠮᠥᠯᠵᠡᠭᠦᠯᠦᠨ ᠬᠡᠯᠡᠭᠡᠳ᠂ ᠬᠣᠬᠢᠮᠠᠢ ᠶ᠋ᠢᠨ ᠨᠢᠳᠦ ᠪᠡᠷ ᠢ᠋ᠶ᠋ᠡᠨ ᠲᠩᠷᠢ ᠰᠢᠷᠲᠡᠨ ᠭᠥᠯᠢᠷᠡᠨ᠎ᠡ᠃
— ᠲᠠ ᠶᠠᠭᠠᠬᠢᠭᠠᠳ ᠡᠢᠮᠦ ᠪᠣᠯᠴᠢᠬᠠᠪᠠ᠂ ᠬᠥᠭᠡᠷᠦᠬᠦᠢ ᠮᠢᠨᠢ ᠭᠡᠳ ᠳ᠋ᠠᠨᠽᠡᠨ ᠢ᠋ ᠰᠠᠨᠠᠭ᠎ᠠ ᠠᠯᠳᠠᠬᠤ ᠳ᠋ᠤ᠌᠄
— ᠠ ᠪᠢ ᠤᠭ ᠨᠢ ᠵᠠᠰᠠᠭᠲᠤ ᠬᠠᠭᠠᠨ ᠤ᠋ ᠠᠢᠮᠠᠭ ᠤ᠋ᠨ ᠬᠥᠮᠦᠨ᠃ ᠴᠡᠷᠢᠭ ᠲᠦ᠍ ᠮᠣᠷᠳᠠᠭᠰᠠᠨ᠂ ᠶᠣᠬᠣ! ᠣᠯᠠᠨ ᠠᠪᠤ ᠶ᠋ᠢᠨ ᠬᠥᠪᠡᠭᠦᠳ ᠲᠡᠢ ᠲᠡᠢᠨ ᠲᠤᠯᠤᠯᠳᠤᠭᠠᠨ ᠢ᠋ ᠦᠵᠡᠭᠰᠡᠨ ᠮᠢᠨᠢ ᠣᠯᠠᠨ᠁ ᠭᠡᠰᠡᠨ ᠢ᠋ᠶ᠋ᠡᠨ ᠨᠢᠭᠡᠨ ᠬᠡᠰᠡᠭ ᠠᠮᠢᠰᠬᠤᠯ ᠬᠣᠷᠢᠶᠠᠨ ᠲᠠᠭ ᠴᠢᠭ ᠪᠣᠯᠪᠠ᠃ ᠲᠡᠭᠡᠭᠰᠡᠨ ᠢ᠋ᠶ᠋ᠡᠨ ᠲᠡᠷᠡ ᠬᠣᠢᠨ᠎ᠠ ᠴᠢ ᠮᠡᠳᠡᠬᠦ ᠤᠤ? ᠬᠤᠵᠢᠷᠪᠤᠯᠤᠩ ᠤ᠋ᠨ ᠴᠡᠷᠢᠭ ᠭᠡᠵᠦ ᠪᠠᠢᠭᠰᠠᠨ ᠢ᠋ ᠭᠠᠮᠢᠩ ᠢᠷᠡᠭᠡᠳ ᠪᠢᠳᠡᠨ ᠢ᠋ ᠲᠠᠷᠠᠭᠠᠭᠰᠠᠨ᠂ ᠨᠤᠲᠤᠭ ᠲᠠᠭᠠᠨ ᠪᠤᠴᠠᠬᠤ ᠭᠡᠲᠡᠯ᠎ᠡ ᠤᠨᠤᠭ᠎ᠠ ᠬᠠᠮᠢᠭ᠎ᠠ ᠪᠠᠢᠬᠤ ᠪᠢᠯᠡ᠃ ᠣᠯᠬᠤ ᠶ᠋ᠢᠨ ᠲᠥᠯᠥᠭᠡ ᠵᠢᠳᠬᠦᠯ᠎ᠡ᠃ ᠬᠣᠭ ᠠᠷᠢᠯᠭᠠᠭᠰᠠᠨ᠂ ᠲᠦᠯᠡᠭᠡ ᠬᠢᠷᠥᠭᠡᠳᠡᠭᠰᠡᠨ᠂ ᠮᠢᠬ᠎ᠠ ᠡᠷᠭᠦᠪᠡ᠂ ᠶᠣᠬᠣ! ᠬᠦᠷᠢᠶ᠎ᠡ ᠭᠡᠳᠡᠭ ᠬᠥᠮᠦᠨ ᠦ᠌ ᠭᠠᠷ ᠳᠠᠬᠢ ᠶ᠋ᠢ ᠰᠠᠯᠭᠠᠬᠤ ᠠ᠋ᠴᠠ ᠪᠢᠰᠢ ᠬᠥᠮᠦᠨ ᠦ᠌ ᠭᠠᠷ ᠳᠡᠭᠡᠷ᠎ᠡ ᠶᠠᠭᠤᠮ᠎ᠠ ᠭᠢᠯᠠᠢᠯᠭᠠᠳᠠᠭ ᠭᠠᠵᠠᠷ ᠪᠢᠰᠢ ᠪᠣᠯᠵᠤ ᠶᠤᠮ᠃ ᠵᠠ ᠲᠡᠷᠡ ᠴᠦ᠍ ᠶᠠᠭᠠᠬᠢᠬᠤ ᠪᠣᠢ᠂ ᠥᠩᠭᠡᠷᠡᠭᠰᠡᠨ ᠴᠠᠭ ᠲᠤ ᠪᠢ ᠡᠨᠡ ᠪᠡᠶ᠎ᠡ ᠪᠡᠨ ᠦᠬᠦᠯ ᠦᠭᠡᠢ ᠮᠥᠩᠬᠡ ᠶ᠋ᠢ ᠰᠠᠨᠠᠨ ᠡᠯᠳᠡᠪ ᠠᠮᠢᠲᠠᠨ ᠢ᠋ ᠠᠯᠠᠨ ᠬᠢᠳᠤᠵᠤ ᠶᠠᠪᠤᠭᠰᠠᠨ ᠤ᠋ ᠨᠢᠭᠦᠯ ᠪᠢᠵᠡ ᠳᠡ᠃ ᠭᠡᠳᠡᠰᠦᠨ ᠦ᠌ ᠡᠪᠡᠳᠴᠢᠨ ᠬᠦᠷᠪᠡ᠃ ᠨᠢᠭᠡ ᠠᠢᠯ ᠳ᠋ᠤ᠌ ᠲᠣᠯᠣᠭᠠᠢ ᠬᠣᠷᠭᠣᠳᠠᠵᠤ ᠪᠠᠢᠭᠰᠠᠨ ᠶᠤᠮ ᠰᠠᠨ᠂ ᠡᠮ ᠳᠠᠩ ᠤ᠋ᠨ ᠶᠠᠪᠤᠳᠠᠯ ᠳ᠋ᠤ᠌ ᠭᠠᠷ ᠤ᠋ᠨ ᠪᠡᠯᠡ ᠲᠠᠰᠤᠷᠠᠬᠤ ᠲᠠᠢ ᠵᠡᠷᠭᠡ ᠡᠨᠳᠡ ᠲᠠᠯᠪᠢᠯ᠎ᠠ᠃ ᠣᠳᠣ᠂ ᠣᠳᠣ᠂ ᠶᠣᠬᠣ! ᠭᠡᠰᠡᠨ ᠢ᠋ᠶ᠋ᠡᠨ ᠪᠦᠷᠢᠮᠦᠰᠦᠨ ᠳᠠᠭᠤ ᠲᠠᠰᠤᠷᠠᠵᠤ ᠨᠢᠳᠦ ᠠᠨᠢᠪᠠ᠃ ᠭᠡᠪᠡᠴᠦ ᠦᠬᠦᠭᠡ ᠦᠭᠡᠢ ᠪᠠᠢᠯ᠎ᠠ᠃ ᠳᠠᠬᠢᠨ ᠨᠢᠳᠦ ᠨᠡᠭᠡᠭᠡᠨ ᠬᠣᠶᠠᠷ ᠳᠣᠯᠣᠭᠠᠨ ᠬᠣᠨᠣᠭ ᠭᠡᠵᠦ ᠳᠥᠩᠭᠡᠵᠦ ᠲᠤᠭᠤᠯᠳᠠᠬᠤᠢᠴᠠ ᠬᠡᠯᠡᠭᠡᠳ᠂ ᠲᠣᠯᠣᠭᠠᠢ ᠪᠠᠨ ᠠᠯᠭᠤᠷ ᠬᠥᠳᠡᠯᠭᠡᠨ ᠳᠠᠬᠢᠨ ᠴᠡᠯᠮᠡᠭ ᠲᠩᠷᠢ ᠶ᠋ᠢ ᠰᠢᠷᠲᠡᠪᠡ᠃ ᠰᠠᠶᠢ ᠶ᠋ᠢᠨ ᠶᠠᠷᠢᠶᠠᠨ ᠳ᠋ᠠᠭᠠᠨ ᠶᠠᠳᠠᠷᠠᠨ ᠨᠢᠳᠦ ᠪᠡᠨ ᠴᠠᠪᠴᠢᠵᠤ ᠴᠢᠳᠠᠬᠤ ᠦᠭᠡᠢ ᠪᠣᠯᠤᠭᠰᠠᠨ ᠠᠵᠢ᠃ ᠮᠠᠩᠨᠠᠢ ᠳ᠋ᠤᠨᠢ ᠬᠥᠯᠥᠰᠥ ᠴᠢᠬᠠᠷᠠᠵᠤ᠂ ᠨᠢᠭᠤᠷ ᠤ᠋ᠨ ᠵᠢᠷᠤᠭᠠᠰᠤ ᠪᠣᠯᠭᠠᠨ ᠳ᠋ᠤ᠌ ᠰᠢᠭᠢᠳᠦᠭᠰᠡᠨ ᠥᠯᠥᠩ ᠰᠢᠷᠣᠢ ᠤᠯᠠᠮ ᠲᠣᠳᠣᠷᠠᠪᠠ᠃
ᠳ᠋ᠠᠨᠽᠡᠨ ᠣᠭᠲᠣ ᠰᠠᠨᠠᠭᠠᠨ ᠳ᠋ᠤ᠌ ᠦᠭᠡᠢ ᠶᠠᠪᠤᠭᠰᠠᠨ ᠢ᠋ᠶ᠋ᠠᠨ ᠡᠢᠮᠦ ᠬᠥᠭᠡᠷᠦᠬᠦᠢ ᠠᠮᠢᠲᠠᠨ ᠲᠠᠢ ᠭᠡᠨᠡᠳᠲᠡ ᠤᠴᠠᠷᠠᠭᠰᠠᠨ ᠠ᠋ᠴᠠ ᠡᠯᠢᠭᠡ ᠡᠮᠲᠡᠷᠡᠨ ᠶᠠᠭᠠᠬᠢᠵᠤ ᠡᠢᠭᠡᠳ ᠶᠠᠭᠤ ᠪᠠᠢᠭ᠎ᠠ ᠪᠠᠷ ᠢ᠋ᠶ᠋ᠠᠨ ᠲᠤᠰᠠᠯᠠᠬᠤ ᠰᠠᠨ ᠯᠠ ᠭᠡᠬᠦ ᠡᠴᠡ ᠥᠭᠡᠷ᠎ᠡ ᠶᠠᠭᠤ ᠴᠦ᠍ ᠰᠠᠨᠠᠵᠤ ᠪᠣᠳᠣᠭᠰᠠᠨ ᠦᠭᠡᠢ᠃ ᠡᠪᠦᠷ ᠢ᠋ᠶ᠋ᠡᠨ ᠲᠡᠮᠲᠡᠷᠢᠬᠦ ᠳ᠋ᠦ᠍ ᠬᠦᠷᠡᠯ ᠡᠴᠡ ᠵᠢᠭᠡᠯᠡᠨ ᠠᠪᠤᠭᠰᠠᠨ ᠬᠣᠶᠠᠷ ᠮᠠᠭᠤ ᠬᠠᠯᠲᠠᠷ ᠬᠠᠳᠠᠭ ᠠ᠋ᠴᠠ ᠥᠭᠡᠷ᠎ᠡ ᠶᠠᠭᠤ ᠴᠦ᠍ ᠪᠠᠷᠢᠭᠳᠠᠭᠰᠠᠨ ᠦᠭᠡᠢ᠃ ᠥᠭᠭᠦ ᠶᠠᠭᠤᠮ᠎ᠠ ᠠᠯᠠᠭ᠎ᠠ ᠭᠡᠳ ᠶᠠᠪᠤᠶ᠎ᠠ ᠭᠡᠲᠡᠯ᠎ᠡ ᠥᠨᠳᠡᠢᠬᠦ ᠴᠦ᠍ ᠴᠢᠳᠠᠯ ᠦᠭᠡᠢ ᠪᠣᠯᠵᠤ ᠳᠠᠷᠳᠠᠭ ᠲᠠᠭᠠᠨ ᠲᠤᠯᠤᠭᠰᠠᠨ ᠲᠡᠷᠡ ᠬᠥᠭᠡᠷᠦᠬᠦᠢ ᠬᠥᠮᠦᠨ ᠦ᠌ ᠶᠠᠳᠠᠬᠤ ᠳ᠋ᠠᠭᠠᠨ ᠴᠠᠪᠴᠢᠯᠠᠬᠤ ᠦᠭᠡᠢ ᠪᠣᠯᠤᠭᠰᠠᠨ ᠨᠢᠳᠦ ᠨᠢ ᠳ᠋ᠠᠨᠽᠡᠨ ᠢ᠋ ᠭᠠᠷ ᠢ᠋ᠶ᠋ᠠᠨ ᠡᠪᠦᠷ ᠲᠡᠭᠡᠨ ᠬᠢᠬᠦ ᠶ᠋ᠢ ᠬᠠᠷᠠᠭᠰᠠᠨ ᠲᠤᠯᠠ ᠬᠥᠭᠡᠷᠦᠬᠦᠢ ᠲᠡᠭᠦᠨ ᠢ᠋ ᠭᠣᠮᠣᠳᠠᠨ ᠭᠤᠲᠤᠷᠠᠬᠤ ᠠ᠋ᠴᠠ ᠠᠶᠤᠨ ᠵᠣᠪᠠᠪᠠ᠃ ᠡᠨᠡ ᠨᠢ ᠳ᠋ᠠᠨᠽᠡᠨ ᠢ᠋ ᠪᠦᠷ ᠰᠠᠨᠳᠤᠷᠤᠯ ᠳ᠋ᠤ᠌ ᠣᠷᠣᠭᠤᠯᠵᠠᠢ᠃
— ᠲᠠᠨ ᠳ᠋ᠤ᠌ ᠶᠠᠭᠤ ᠬᠡᠷᠡᠭᠲᠡᠢ ᠪᠠᠢᠨ᠎ᠠ ᠭᠡᠬᠦ ᠳ᠋ᠦ᠍᠄
— ᠬᠣᠭᠣᠯᠠ᠂ ᠬᠣᠭᠣᠯᠠ᠂ ᠬᠣᠭᠣᠯᠠᠢ ᠤᠷᠤᠭᠤ ᠵᠥᠭᠡᠯᠡᠨ ᠪᠣᠯ ᠶᠠᠭᠤ ᠴᠦ᠍ ᠶᠠᠭᠠᠬᠢᠬᠤᠪ ᠭᠡᠯᠡ᠃ ᠳ᠋ᠠᠨᠽᠡᠨ ᠬᠠᠳᠠᠭ ᠢ᠋ᠶ᠋ᠠᠨ ᠢᠳᠡᠬᠦ ᠵᠦᠢᠯ ᠢ᠋ᠶ᠋ᠡᠷ ᠪᠣᠷᠣᠯᠠᠭᠤᠯᠤᠨ ᠥᠭᠭᠦ ᠶ᠋ᠢ ᠪᠣᠳᠣᠪᠠ᠃
— ᠪᠢ ᠡᠢᠰᠢ ᠪᠡᠨ ᠶᠠᠪᠤᠵᠤ ᠪᠤᠷᠬᠠᠨ ᠳ᠋ᠤ᠌ ᠮᠥᠷᠭᠥᠭᠡᠳ ᠪᠤᠴᠠᠬᠤ ᠵᠠᠮ ᠳ᠋ᠠᠭᠠᠨ ᠬᠥᠭᠡᠷᠦᠬᠦᠢ ᠲᠠᠨ ᠳ᠋ᠤ᠌ ᠶᠠᠭᠤᠮ᠎ᠠ ᠠᠪᠴᠢᠷᠠᠶ᠎ᠠ ᠭᠡᠳ ᠶᠠᠭᠠᠷᠠᠨ ᠴᠠᠭᠠᠰᠢ ᠠᠯᠬᠤᠯᠠᠯ᠎ᠠ᠃ ᠬᠦᠷᠡᠯ ᠢ᠋ᠶ᠋ᠡᠷ ᠵᠢᠭᠠᠯᠭᠠᠭᠰᠠᠨ ᠵᠠᠮ ᠢ᠋ᠶ᠋ᠠᠨ ᠮᠥᠷᠳᠡᠨ ᠶᠠᠪᠤᠵᠤ ᠪᠠᠢᠲᠠᠯ᠎ᠠ᠂ ᠳᠡᠷᠭᠡᠳᠡᠬᠢ ᠨᠢᠭᠡᠨ ᠭᠤᠳᠤᠮᠵᠢᠨ ᠤ᠋ ᠪᠤᠯᠤᠩ ᠢ᠋ ᠲᠣᠭᠣᠷᠢᠨ ᠪᠠᠭ ᠬᠥᠮᠦᠰ ᠭᠦᠶᠦᠯᠳᠦᠨ ᠭᠠᠷᠴᠤ ᠢᠷᠡᠯ᠎ᠡ᠃ ᠶᠠᠭᠤ ᠪᠣᠯᠤᠭᠰᠠᠨ ᠠ᠋ᠴᠠ ᠡᠢᠨ ᠬᠦ᠌ ᠰᠡᠩᠳᠡ ᠮᠡᠩᠳᠡ ᠭᠦᠶᠦᠯᠳᠦᠬᠦ ᠶ᠋ᠢ ᠬᠡᠨ ᠮᠡᠳᠡᠬᠦ ᠪᠣᠢ? ᠪᠠᠢᠨ ᠪᠠᠢᠨ ᠡᠷᠭᠢᠨ ᠬᠠᠷᠠᠵᠠᠭᠠᠬᠤ ᠶ᠋ᠢ ᠨᠢ ᠦᠵᠡᠪᠡᠯ ᠶᠠᠮᠠᠷ ᠨᠢᠭᠡᠨ ᠠᠶᠤᠯᠲᠠᠢ ᠶᠠᠭᠤᠮ᠎ᠠ ᠠ᠋ᠴᠠ ᠯᠠ ᠥᠪᠡᠷ ᠦ᠋ᠨ ᠡᠷᠬᠡ ᠦᠭᠡᠢ ᠠᠮᠢ ᠲᠡᠮᠡᠴᠡᠨ ᠵᠢᠭᠤᠲᠠᠵᠤ ᠶᠠᠪᠤᠭ᠎ᠠ ᠨᠢ ᠢᠯᠡᠷᠬᠡᠢ᠃ ᠥᠷᠭᠡᠨ ᠤᠯᠠ ᠲᠠᠢ ᠬᠦᠨᠳᠦ ᠬᠦᠨᠳᠦ ᠭᠤᠲᠤᠯ ᠢ᠋ᠶ᠋ᠠᠷ ᠢ᠋ᠶ᠋ᠠᠨ ᠥᠯᠥᠨ ᠰᠢᠷᠣᠢ ᠶ᠋ᠢ ᠮᠠᠨᠠᠷᠠᠭᠤᠯᠤᠨ ᠬᠠᠷᠠᠢᠯᠠᠭᠠᠬᠤ ᠶ᠋ᠢ ᠨᠢ ᠠᠵᠢᠬᠤ ᠳ᠋ᠤ᠌ ᠳ᠋ᠠᠨᠽᠡᠨ ᠳ᠋ᠦ᠍ ᠪᠠᠰᠠ ᠴᠦ᠍ ᠰᠣᠨᠢᠷᠬᠠᠯ ᠲᠠᠢ ᠦᠵᠡᠭᠳᠡᠨ᠎ᠡ᠃ ᠲᠡᠷᠡ ᠳᠤᠮᠳᠠ ᠠ᠋ᠴᠠ ᠬᠠᠮᠤᠭ ᠤ᠋ᠨ ᠲᠦᠷᠦᠭᠦᠴᠢ ᠶ᠋ᠢᠨ ᠭᠤᠷᠪᠠ ᠶ᠋ᠢᠨ ᠠᠷᠤ ᠳ᠋ᠤ᠌ ᠶᠠᠪᠤᠭ᠎ᠠ ᠳᠡᠰ ᠦ᠋ᠨ ᠳᠠᠯᠠᠪᠴᠢ ᠰᠢᠭ᠋ ᠳᠡᠷᠡᠭᠡᠷ ᠦᠰᠦ ᠲᠡᠢ ᠭᠣᠶᠣ ᠡᠬᠡᠨᠡᠷ ᠤᠷᠳᠤᠬᠢ ᠬᠥᠮᠦᠰ ᠢ᠋ᠶ᠋ᠡᠨ ᠶᠠᠭᠠᠬᠢᠬᠤ ᠡᠢᠬᠦ ᠶ᠋ᠢᠨ ᠵᠠᠭᠤᠷ᠎ᠠ ᠭᠦᠢᠴᠡᠵᠦ ᠠᠪᠤᠭᠠᠳ᠂ ᠳᠡᠷᠡᠭᠡᠷ ᠦᠰᠦ ᠪᠡᠨ ᠭᠡᠨᠡᠳᠲᠡ ᠮᠤᠯᠲᠤᠷᠠᠨ ᠤᠨᠠᠬᠤ ᠳ᠋ᠤ᠌ ᠲᠡᠭᠦᠨ ᠢ᠋ ᠪᠡᠨ ᠭᠠᠵᠠᠷ ᠤᠨᠠᠬᠤ ᠠ᠋ᠴᠠ ᠨᠢ ᠡᠮᠦᠨ᠎ᠡ ᠰᠢᠭᠦᠷᠡᠨ ᠠᠪᠴᠤ ᠰᠤᠭᠤᠪᠴᠢᠯᠠᠨ ᠤᠯᠠᠮ ᠢ᠋ᠶ᠋ᠠᠷ ᠬᠤᠷᠳᠤᠯᠠᠬᠤ ᠳ᠋ᠤᠨᠢ ᠳ᠋ᠠᠨᠽᠡᠨ ᠲᠡᠰᠬᠡᠯ ᠦᠭᠡᠢ ᠢᠨᠢᠶᠡᠳᠦ ᠠᠯᠳᠠᠯ᠎ᠠ᠃ ᠲᠡᠭᠡᠭᠡᠳ ᠶᠠᠭᠤ ᠶᠠᠭᠤ ᠦᠭᠡᠢ ᠳᠡᠷᠭᠡᠳᠡ ᠪᠡᠨ ᠢᠷᠡᠬᠦ ᠳ᠋ᠦ᠍ᠨᠢ ᠢᠨᠢᠶᠡᠳᠦ ᠪᠡᠨ ᠪᠠᠷᠢᠵᠤ ᠬᠣᠢᠲᠤᠬᠢ ᠬᠥᠮᠦᠰ ᠨᠢ ᠳᠠᠷᠠᠭ᠎ᠠ ᠪᠠᠷ ᠢ᠋ᠶ᠋ᠠᠨ ᠥᠩᠭᠡᠷᠡᠬᠦ ᠳ᠋ᠦ᠍ᠨᠢ᠄
— ᠲᠠ ᠮᠢᠨᠢ ᠠ᠋! ᠳ᠋ᠸᠴᠢᠩᠭᠠᠯᠪᠤ ᠶ᠋ᠢᠨ ᠳᠤᠭᠠᠩ ᠬᠠᠮᠢᠭ᠎ᠠ ᠪᠠᠢᠨ᠎ᠠ ᠪᠣᠢ? ᠭᠡᠵᠦ ᠳᠠᠬᠢᠨ ᠳᠠᠪᠲᠠᠨ ᠠᠰᠠᠭᠤᠯ᠎ᠠ᠃ ᠤᠷᠤᠯᠳᠤᠵᠤ ᠪᠠᠢᠭ᠎ᠠ ᠮᠡᠲᠦ ᠤᠬᠠᠭᠠᠨ ᠵᠢᠯᠣᠭᠣ ᠦᠭᠡᠢ ᠭᠦᠶᠦᠯᠳᠦᠵᠦ ᠶᠠᠪᠤᠭ᠎ᠠ ᠬᠥᠮᠦᠰ ᠬᠠᠷᠢᠭᠤ ᠬᠡᠯᠡᠬᠦ ᠪᠠᠢᠲᠤᠭᠠᠢ ᠲᠤᠭᠤᠯᠬᠤ ᠰᠡᠭᠡᠭᠡ ᠦᠭᠡᠢ ᠳᠡᠭᠳᠡᠨ ᠠᠯᠠᠭ᠎ᠠ ᠪᠣᠯᠤᠯ᠎ᠠ᠃ ᠳ᠋ᠠᠨᠽᠡᠨ ᠲᠡᠳᠡᠨ ᠢ᠋ ᠭᠠᠢᠬᠠᠯ᠎ᠠ᠃ ᠬᠠᠮᠤᠭ ᠤ᠋ᠨ ᠡᠴᠦᠰ ᠲᠦ᠍ ᠲᠠᠪᠢ ᠣᠷᠴᠢᠮ ᠨᠠᠰᠤᠨ ᠤ᠋ ᠰᠡᠷᠪᠡᠭᠡ ᠬᠠᠷ᠎ᠠ ᠰᠠᠬᠠᠯ ᠲᠠᠢ ᠬᠥᠮᠦᠨ ᠭᠦᠶᠦᠨ ᠢᠷᠡᠭᠰᠡᠨ ᠢ᠋ᠶ᠋ᠡᠨ ᠪᠠᠬᠠᠷᠳᠠᠨ ᠳ᠋ᠠᠨᠽᠡᠨ ᠦ᠌ ᠳᠡᠷᠭᠡᠳᠡ ᠵᠣᠭᠰᠣᠬᠤ ᠳ᠋ᠤ᠌᠄
— ᠡᠪᠦᠭᠡᠨ ᠭᠤᠸᠠᠢ! ᠳ᠋ᠸᠴᠢᠩᠭᠠᠯᠪᠤ ᠬᠠᠮᠢᠭ᠎ᠠ ᠪᠠᠢᠨ᠎ᠠ ᠭᠡᠵᠦ ᠠᠰᠠᠭᠤᠪᠠ᠃
— ᠳ᠋ᠸᠴᠢᠩᠭᠠᠯᠪᠤ ᠪᠠᠷ ᠴᠢ ᠶᠠᠮᠠᠷ ᠡᠯᠦᠨᠴᠡ ᠪᠡᠨ ᠬᠢᠬᠦ ᠴᠢᠨᠢ ᠪᠣᠢ? ᠭᠡᠵᠦ ᠲᠡᠷᠡ ᠬᠥᠮᠦᠨ ᠨᠢᠭᠤᠷ ᠥᠭᠡᠳᠡ ᠭᠡᠨᠡᠳᠲᠡ ᠰᠢᠷᠦᠭᠦᠨ ᠰᠢᠷᠳᠡᠭᠰᠡᠨ ᠢ᠋ᠶ᠋ᠡᠨ ᠶᠠᠪᠤ ᠲᠠᠢᠰᠢ ᠪᠠᠨ ᠭᠡᠵᠦ ᠨᠢᠭᠡ ᠭᠠᠷ ᠢ᠋ᠶ᠋ᠠᠷ ᠢ᠋ᠶ᠋ᠠᠨ ᠳ᠋ᠠᠨᠽᠡᠨ ᠢ᠋ ᠰᠢᠭᠦᠷᠡᠵᠦ ᠨᠥᠭᠦᠭᠡ ᠭᠠᠷ ᠢ᠋ᠶ᠋ᠠᠷ ᠢ᠋ᠶ᠋ᠠᠨ ᠬᠦᠷᠡᠩ ᠲᠣᠷᠭᠠᠨ ᠳᠡᠪᠡᠯ ᠦ᠋ᠨ ᠢ᠋ᠶ᠋ᠡᠨ ᠬᠣᠷᠮᠣᠢ ᠶ᠋ᠢ ᠰᠢᠭᠤᠨ ᠪᠠᠷᠢᠵᠤ ᠠᠪᠤᠭᠠᠳ ᠮᠥᠨ ᠯᠡ ᠭᠦᠶᠦᠬᠦ ᠭᠡᠵᠦ ᠲᠡᠮᠡᠦᠯᠪᠡ᠃
— ᠦᠭᠡᠢ ᠮᠥᠷᠭᠥᠬᠦ ᠭᠡᠰᠡᠨ ᠶᠦᠮ ᠭᠡᠵᠦ ᠳ᠋ᠠᠨᠽᠡᠨ ᠬᠣᠢᠰᠢ ᠰᠠᠭᠤᠬᠤ ᠳ᠋ᠤ᠌᠄
— ᠶᠠᠭᠤᠨ ᠤ᠋ ᠴᠢᠨᠢ ᠮᠥᠷᠭᠥᠬᠦ᠂ ᠢᠩᠭᠢᠵᠦ ᠶᠠᠪᠤᠵᠤ ᠦᠷᠡᠭᠳᠡᠬᠦ ᠨᠢ ᠤᠤ ᠭᠡᠵᠦ ᠲᠡᠷᠡ ᠬᠥᠮᠦᠨ ᠡᠴᠢᠭᠡ ᠬᠥᠮᠦᠨ ᠦ᠌ ᠶᠣᠰᠣᠭᠠᠷ ᠵᠠᠩᠳᠤᠴᠢᠬᠠᠭᠰᠠᠨ ᠲᠤᠯᠠ ᠳ᠋ᠠᠨᠽᠡᠨ ᠥᠪᠡᠷ ᠦ᠋ᠨ ᠡᠷᠬᠡ ᠦᠭᠡᠢ ᠬᠥᠲᠥᠯᠦᠭᠳᠡᠨ ᠶᠠᠪᠤᠯ᠎ᠠ᠃
— ᠴᠢ ᠮᠡᠳᠡᠵᠦ ᠪᠠᠢᠨ᠎ᠠ ᠤᠤ? ᠴᠠᠭᠠᠨ᠎ᠠ ᠴᠢᠨᠢ ᠭᠠᠮᠢᠩ ᠤ᠋ᠳ᠁
— ᠶᠠᠭᠠᠬᠢᠵᠤ ᠪᠠᠢᠨ᠎ᠠ?
— ᠪᠠᠷᠢᠵᠤ ᠪᠠᠢᠨ᠎ᠠ᠂ ᠬᠢᠳᠤᠵᠤ ᠪᠠᠢᠨ᠎ᠠ᠃
— ᠶᠠᠭᠠᠬᠢᠬᠤ ᠭᠡᠵᠦ?
— ᠶᠠᠭᠠᠬᠢᠬᠤ ᠶᠠᠭᠤ ᠪᠠᠢᠬᠤ ᠪᠣᠢ᠂ ᠪᠠᠯᠠᠯᠬᠤ ᠭᠡᠵᠦ ᠪᠠᠢᠭ᠎ᠠ ᠪᠢᠵᠡ!
— ᠵᠦᠭᠡᠷ ᠶᠠᠪᠤᠭ᠎ᠠ ᠬᠥᠮᠦᠰ ᠢ᠋ ᠤᠤ?
— ᠲᠡᠭᠡᠬᠦ ᠦᠭᠡᠢ ᠶᠠᠭᠠᠬᠢᠬᠤ ᠪᠣᠢ᠂ ᠵᠦᠭᠡᠷ ᠬᠥᠮᠦᠨ ᠢ᠋ ᠪᠠᠢᠲᠤᠭᠠᠢ᠂ ᠵᠦᠭᠡᠷ ᠪᠠᠢᠭᠰᠠᠨ ᠤᠯᠤᠰ ᠢ᠋ ᠪᠠᠯᠠᠯᠤᠭᠰᠠᠨ ᠶᠤᠮ ᠴᠢᠨᠢ ᠳᠡ!
— ᠦᠭᠡᠢ᠂ ᠶᠠᠭᠠᠬᠢᠯ᠎ᠠ ᠭᠡᠵᠦ ᠲᠡᠷᠡ ᠪᠢᠯᠡ? ᠭᠡᠵᠦ ᠳ᠋ᠠᠨᠽᠡᠨ ᠳᠠᠬᠢᠨ ᠯᠠᠪᠯᠠᠨ ᠠᠰᠠᠭᠤᠬᠤ ᠳ᠋ᠤ᠌᠂ ᠡᠪᠦᠭᠡᠨ ᠤᠴᠠᠭᠠᠷᠯᠠᠵᠤ᠄
— ᠠ᠋? ᠴᠢ ᠶᠠᠭᠠᠬᠢᠭᠰᠠᠨ ᠦᠭᠡᠨ ᠳ᠋ᠦ᠍ ᠳᠤᠷ᠎ᠠ ᠲᠠᠢ ᠬᠠᠷᠠᠯᠠᠮᠠᠷ ᠪᠣᠢ? ᠵᠦᠭᠡᠷ ᠨᠠᠮᠠᠶ᠋ᠢ ᠳᠠᠭᠠᠭᠠᠳ ᠡᠨᠳᠡ ᠡᠴᠡ ᠬᠣᠯᠠᠳᠠᠵᠤ ᠦᠵᠡ! ᠭᠡᠳ ᠪᠦᠷ ᠬᠦᠴᠦᠯᠡᠨ ᠣᠷᠣᠭᠰᠢ ᠬᠤᠷᠳᠤᠯᠠᠪᠠ᠃ ᠬᠣᠷᠢᠶᠠᠨ ᠤ᠋ ᠵᠠᠬ᠎ᠠ ᠳ᠋ᠤ᠌ ᠭᠠᠷᠤᠭᠰᠠᠨ ᠢ᠋ᠶ᠋ᠠᠨ ᠡᠪᠦᠭᠡᠨ ᠡᠨᠳᠡ ᠡᠴᠡ ᠪᠢ ᠭᠡᠷ ᠢ᠋ᠶ᠋ᠡᠨ ᠪᠠᠷᠠᠳᠠᠬᠤ ᠶ᠋ᠢ ᠪᠣᠳᠣᠶ᠎ᠠ᠂ ᠴᠢ ᠲᠡᠷᠡ ᠳ᠋ᠸᠴᠢᠩᠭᠠᠯᠪᠤ ᠪᠠᠨ ᠰᠡᠭᠦᠯ ᠳ᠋ᠦ᠍ ᠪᠣᠯ᠂ ᠮᠡᠳᠡᠪᠡ ᠤᠤ᠂ ᠶᠠᠭᠤ ᠴᠦ᠍ ᠠᠲᠤᠭᠠᠢ ᠥᠨᠥᠳᠥᠷ ᠳᠣᠲᠣᠷ᠎ᠠ ᠣᠷᠣᠵᠤ ᠶᠠᠭᠠᠬᠢᠭᠰᠠᠨ ᠴᠦ᠍ ᠪᠣᠯᠬᠤ ᠦᠭᠡᠢ ᠭᠡᠳ ᠶᠠᠪᠤᠯ᠎ᠠ᠃
ᠬᠦᠷᠢᠶ᠎ᠡ ᠳᠦᠭᠦᠷᠡᠩ ᠭᠠᠮᠢᠩ᠂ ᠬᠡᠴᠡᠭᠦᠦ ᠵᠢᠪᠡᠭᠦᠨ ᠴᠠᠭ ᠢᠷᠡᠯ᠎ᠡ ᠭᠡᠵᠦ ᠬᠥᠳᠡᠭᠡ ᠪᠠᠷ ᠯᠠ ᠨᠢᠭᠡ ᠶᠠᠷᠢᠶᠠᠨ ᠳᠡᠭᠳᠡᠵᠦ ᠪᠠᠢᠭᠰᠠᠨ ᠢ᠋ ᠳ᠋ᠠᠨᠽᠡᠨ ᠶᠠᠭᠠᠬᠢᠨ ᠰᠣᠨᠣᠰᠬᠤ ᠦᠭᠡᠢ ᠥᠩᠭᠡᠷᠡᠭᠦᠯᠦᠭᠰᠡᠨ ᠪᠠᠢᠬᠤ ᠪᠢᠯᠡ᠃ ᠭᠡᠪᠡᠴᠦ ᠲᠡᠷᠡ ᠨᠢ ᠵᠠᠮ ᠢ᠋ᠶ᠋ᠠᠷ ᠶᠠᠪᠤᠭ᠎ᠠ ᠨᠠᠳᠠ ᠶᠠᠭᠤᠨ ᠤ᠋ ᠬᠠᠮᠢᠶ᠎ᠠ ᠲᠠᠢ ᠪᠢᠯᠡ ᠭᠡᠰᠡᠨ ᠰᠢᠦ ᠠᠵᠢᠭ ᠦᠭᠡᠢ ᠶᠠᠪᠤᠭᠰᠠᠨ ᠪᠥᠭᠡᠳ ᠣᠳᠣ ᠴᠦ᠍ ᠭᠡᠰᠡᠨ ᠡᠨᠡ ᠲᠤᠬᠠᠢ ᠨᠠᠭᠠᠨ᠎ᠠ ᠴᠠᠭᠠᠨ᠎ᠠ ᠨᠢ ᠪᠣᠳᠣᠭᠰᠠᠨ ᠦᠭᠡᠢ᠂ ᠵᠥᠪᠬᠡᠨ ᠳ᠋ᠸᠴᠢᠩᠭᠠᠯᠪᠤ᠂ ᠵᠠᠩᠷᠠᠢᠰᠠᠭ ᠬᠣᠶᠠᠷ ᠲᠤ ᠮᠥᠷᠭᠥᠵᠦ ᠴᠢᠳᠠᠬᠤ ᠦᠭᠡᠢ ᠳ᠋ᠡᠭᠡᠨ ᠬᠠᠷᠠᠮᠰᠠᠨ᠎ᠠ᠃ ᠨᠥᠭᠦᠭᠡ ᠰᠤᠪᠤᠷᠭ᠎ᠠ ᠶ᠋ᠢᠨ ᠤᠷᠢᠳ ᠢᠷᠡᠬᠦ ᠲᠡᠢ ᠪᠡᠨ ᠵᠡᠷᠭᠡ ᠬᠥᠭᠡᠷᠦᠬᠦᠢ ᠶᠠᠳᠠᠷᠠᠭᠰᠠᠨ ᠥᠨᠥ ᠬᠥᠮᠦᠨ ᠳ᠋ᠦ᠍ ᠬᠣᠭᠣᠯᠠ ᠥᠭᠭᠦ ᠭᠡᠵᠦ ᠠᠮᠠᠯᠠᠭᠰᠠᠨ ᠢ᠋ᠶ᠋ᠠᠨ ᠰᠠᠨᠠᠪᠠ᠃ ᠲᠡᠭᠡᠬᠦ ᠲᠡᠢ ᠵᠡᠷᠭᠡ ᠬᠠᠮᠠᠭᠤ ᠲᠠᠢ ᠨᠣᠬᠠᠳ ᠤ᠋ᠨ ᠳᠤᠮᠳᠠ ᠨᠢᠭᠡ ᠬᠥᠯ ᠢ᠋ᠶ᠋ᠡᠨ ᠪᠢᠰᠢ᠂ ᠪᠦᠷ ᠬᠣᠶᠠᠷ ᠬᠥᠯ ᠢ᠋ᠶ᠋ᠡᠨ ᠭᠠᠷᠭᠠᠨ ᠬᠡᠪᠲᠡᠵᠦ ᠪᠠᠢᠭᠰᠠᠨ ᠬᠥᠭᠡᠷᠦᠬᠦᠢ ᠲᠡᠷᠡ ᠬᠥᠮᠦᠨ ᠨᠢ ᠨᠢᠳᠦᠨ ᠳ᠋ᠦ᠍ ᠦᠵᠡᠭᠳᠡᠪᠡ᠃ ᠳ᠋ᠠᠨᠽᠡᠨ ᠶᠠᠭᠤ ᠴᠦ᠍ ᠠᠲᠤᠭᠠᠢ ᠬᠠᠳᠠᠭ ᠢ᠋ᠶ᠋ᠠᠨ ᠥᠭᠴᠦ ᠰᠡᠳᠬᠢᠯ ᠢ᠋ᠶ᠋ᠡᠨ ᠠᠷᠢᠭᠤᠳᠬᠠᠬᠤ ᠶ᠋ᠢ ᠪᠣᠳᠣᠪᠠ᠃ ᠳᠡᠷᠭᠡᠳᠡ ᠨᠢ ᠣᠴᠢᠬᠤ ᠳ᠋ᠤ᠌ ᠬᠥᠭᠡᠷᠦᠬᠦᠢ ᠡᠪᠡᠳᠴᠢᠲᠡᠨ ᠭᠥᠯᠢᠷᠡᠭᠰᠡᠨ ᠨᠢᠳᠦ ᠪᠡᠨ ᠴᠠᠪᠴᠢᠬᠤ ᠦᠭᠡᠢ ᠲᠩᠷᠢ ᠶ᠋ᠢᠨ ᠭᠦᠨ ᠢ᠋ ᠰᠢᠷᠲᠡᠭᠰᠡᠨ ᠬᠡᠪ ᠢ᠋ᠶ᠋ᠡᠷ ᠢ᠋ᠶ᠋ᠡᠨ ᠪᠠᠢᠪᠠ᠃
— ᠪᠢ ᠳᠣᠲᠣᠭᠰᠢ ᠣᠷᠣᠵᠤ ᠴᠢᠳᠠᠭᠰᠠᠨ ᠦᠭᠡᠢ ᠭᠡᠳ ᠬᠠᠳᠠᠭ ᠢ᠋ᠶ᠋ᠠᠨ ᠭᠠᠷᠭᠠᠨ ᠬᠠᠨᠳᠤᠭᠤᠯᠬᠤ ᠳ᠋ᠤ᠌《ᠪᠢ ᠴᠢᠨᠢ ᠡᠨᠡ ᠮᠠᠭᠤ ᠬᠠᠳᠠᠭ ᠢ᠋ᠶ᠋ᠠᠷ ᠶᠠᠭᠠᠬᠢᠬᠤ ᠶᠤᠮ ᠪᠣᠢ?》 ᠭᠡᠰᠡᠨ ᠰᠢᠭ ᠦᠯᠦ ᠬᠥᠳᠡᠯᠦᠨ ᠡᠭᠦᠯᠡ ᠦᠭᠡᠢ ᠬᠥᠬᠡ ᠲᠣᠷᠭᠠᠨ ᠲᠩᠷᠢ ᠶ᠋ᠢ ᠰᠢᠷᠲᠡᠭᠰᠡᠭᠡᠷ ᠪᠠᠢᠪᠠ᠃ ᠳ᠋ᠠᠨᠽᠡᠨ ᠡᠨᠡ ᠬᠥᠮᠦᠨ ᠦ᠌ ᠬᠡᠷᠬᠢᠪᠡᠴᠦ ᠰᠡᠷᠭᠦᠬᠦ ᠦᠭᠡᠢ ᠶ᠋ᠢ ᠲᠦᠷᠦᠭᠦᠨ ᠮᠡᠳᠡᠭᠰᠡᠨ ᠪᠣᠯᠪᠠᠴᠤ ᠦᠬᠦᠬᠦ ᠡᠴᠡ ᠨᠢ ᠡᠮᠦᠨ᠎ᠡ ᠬᠣᠭᠣᠯᠠᠢ ᠤᠷᠤᠭᠤ ᠨᠢ ᠶᠠᠭᠤᠮ᠎ᠠ ᠬᠢᠬᠦ ᠶ᠋ᠢ ᠪᠣᠳᠣᠭᠰᠠᠨ ᠪᠢᠯᠡ᠃ ᠲᠡᠭᠡᠭᠡᠳ ᠲᠤᠰᠠᠯᠠᠬᠤ ᠲᠤᠰᠠᠯᠠᠭᠤᠯᠬᠤ ᠬᠣᠶᠠᠷ ᠤ᠋ᠨ ᠠᠯᠢ ᠠᠯᠢᠨ ᠨᠢ ᠥᠩᠭᠡᠷᠡᠵᠦ ᠭᠡᠵᠦ ᠪᠣᠳᠣᠬᠤ ᠳ᠋ᠠᠭᠠᠨ ᠳᠠᠷᠤᠢ ᠬᠣᠯᠠᠳᠠᠬᠤ ᠬᠡᠷᠡᠭᠲᠡᠢ ᠪᠣᠯᠵᠤ ᠡᠷᠭᠢᠵᠦ ᠬᠠᠷᠠᠬᠤ ᠶ᠋ᠢᠨ ᠴᠦ᠍ ᠬᠡᠷᠡᠭ ᠦᠭᠡᠢ ᠭᠡᠵᠦ ᠪᠣᠳᠣᠪᠠ᠃ ᠭᠡᠪᠡᠴᠦ ᠥᠩᠭᠡᠷᠡᠭᠰᠡᠨ ᠡᠷ᠎ᠡ ᠨᠢᠳᠦᠨ ᠦ᠌ ᠪᠡᠨ ᠪᠤᠯᠤᠩ ᠢ᠋ᠶ᠋ᠠᠷ ᠰᠠᠮ ᠰᠢᠷᠲᠡᠨ ᠶᠠᠮᠠᠷ ᠨᠢᠭᠡᠨ ᠶᠠᠭᠤᠮ᠎ᠠ ᠭᠣᠷᠢᠳᠠᠨ ᠪᠠᠢᠬᠤ ᠰᠢᠭ᠋᠃ ᠢᠯᠠᠩᠭᠤᠶ᠎ᠠ ᠬᠠᠲᠠᠭᠰᠠᠨ ᠤᠷᠤᠭᠤᠯ ᠤ᠋ᠨ ᠬᠢᠨᠢ ᠴᠠᠭᠠᠨ᠎ᠠ ᠠ᠋ᠴᠠ ᠬᠠᠷᠠᠯᠠᠨ ᠴᠤᠬᠤᠢᠭᠰᠠᠨ ᠬᠡᠯᠡ ᠶ᠋ᠢ ᠨᠢ ᠠᠵᠢᠬᠤ ᠳ᠋ᠤ᠌《ᠬᠣᠭᠣᠯᠠ᠂ ᠬᠣᠭᠣᠯᠠ ᠶᠠᠭᠤ ᠴᠦ᠍ ᠶᠠᠭᠠᠬᠢᠬᠤᠪ᠂ ᠬᠣᠭᠣᠯᠠᠢ ᠤᠷᠤᠭᠤ ᠵᠥᠭᠡᠯᠡᠨ ᠶᠠᠭᠤᠮ᠎ᠠ》 ᠭᠡᠳ ᠪᠠᠢᠬᠤ ᠰᠢᠭ᠋᠃ ᠬᠠᠳᠠᠭ ᠤ᠋ᠨ ᠨᠢᠭᠡ ᠶ᠋ᠢ ᠰᠤᠪᠤᠷᠭᠠᠨᠠ ᠤᠶᠠᠭᠠᠳ ᠨᠥᠭᠦᠭᠡ ᠪᠡᠷ ᠢ᠋ᠶ᠋ᠡᠨ ᠲᠣᠯᠣᠭᠠᠢ ᠶ᠋ᠢ ᠨᠢ ᠪᠦᠲᠡᠭᠡᠬᠦ ᠳ᠋ᠦ᠍ ᠦᠯᠦ ᠮᠡᠳᠡᠭᠬᠡᠨ ᠰᠡᠪᠡᠯᠵᠡᠵᠦ ᠪᠠᠢᠭ᠎ᠠ ᠰᠠᠯᠬᠢ ᠬᠠᠳᠠᠭ ᠢ᠋ ᠬᠡᠢᠰᠬᠡᠨ ᠲᠠᠯᠢᠢᠭᠴᠢ ᠶ᠋ᠢᠨ ᠲᠣᠯᠣᠭᠠᠢ ᠲᠠᠢ ᠣᠷᠢᠶᠠᠯᠳᠤᠭᠤᠯᠪᠠ᠃ ᠲᠡᠭᠦᠨ ᠳ᠋ᠦ᠍ ᠳ᠋ᠠᠨᠽᠡᠨ ᠦ᠌ ᠰᠡᠳᠬᠢᠯ ᠪᠠᠭ᠎ᠠ ᠵᠡᠷᠭᠡ ᠲᠠᠢᠳᠬᠤᠷᠠᠨ ᠶᠠᠪᠤᠯ᠎ᠠ᠃ ᠭᠡᠪᠡᠴᠦ ᠠᠮᠢᠳᠤᠷᠠᠯ ᠳ᠋ᠤᠨᠢ ᠲᠣᠬᠢᠶᠠᠯᠳᠤᠭᠰᠠᠨ ᠡᠯᠳᠡᠪ ᠠᠶᠤᠮᠰᠢᠭᠲᠤ ᠵᠦᠢᠯᠡᠰ ᠬᠡᠳᠦᠨ ᠠᠷᠪᠠᠨ ᠶᠠᠩᠵᠤ ᠪᠠᠷ ᠰᠡᠳᠬᠢᠯ ᠳ᠋ᠦ᠍ ᠡᠷᠭᠢᠯᠳᠦᠨ᠎ᠡ᠃ ᠵᠠᠮ ᠵᠠᠭᠤᠷ᠎ᠠ ᠪᠠᠨ ᠥᠨᠥ ᠭᠠᠢᠬᠠᠯᠲᠠᠢ ᠲᠣᠮᠣ ᠬᠣᠭ ᠤ᠋ᠨ ᠬᠣᠢᠭᠤᠷ ᠬᠡᠷᠬᠢᠨ ᠭᠠᠷᠤᠭᠰᠠᠨ ᠢ᠋ᠶ᠋ᠠᠨ ᠴᠦ᠍ ᠡᠰᠡ ᠮᠡᠳᠡᠪᠡ᠃ ᠪᠠᠰᠠ ᠲᠠᠯ᠎ᠠ ᠲᠠᠯ᠎ᠠ ᠠ᠋ᠴᠠ ᠲᠠᠭᠠᠷᠢᠭᠠᠴᠢ ᠣᠯᠠᠨ ᠨᠣᠬᠠᠳ ᠪᠠᠢᠳᠠᠭ ᠢ᠋ ᠴᠦ᠍ ᠮᠠᠷᠲᠠᠭᠰᠠᠨ ᠠᠵᠢ᠃ ᠨᠢᠭᠡ ᠮᠡᠳᠡᠬᠦ ᠳ᠋ᠦ᠍ ᠮᠠᠢᠬᠠᠨ ᠤ᠋ ᠪᠠᠨ ᠡᠮᠦᠨ᠎ᠡ ᠢᠷᠡᠭᠰᠡᠨ ᠪᠠᠢᠯ᠎ᠠ᠃ ᠮᠠᠢᠬᠠᠨ ᠳ᠋ᠤ᠌ ᠳᠣᠷᠵᠢ ᠵᠠᠩᠭᠢᠷᠠᠯᠳᠤᠭᠰᠠᠨ ᠪᠦᠳᠦᠭᠦᠨ ᠪᠤᠯᠴᠢᠩ ᠲᠠᠢ ᠭᠠᠷ ᠢ᠋ᠶ᠋ᠠᠨ ᠳᠡᠷᠡᠯᠡᠨ ᠲᠠᠴᠢᠭᠢᠨᠠᠲᠠᠯ᠎ᠠ ᠬᠤᠷᠬᠢᠷᠠᠨᠠ᠃ ᠳ᠋ᠠᠨᠽᠡᠨ ᠲᠡᠭᠦᠨ ᠢ᠋ ᠬᠠᠷᠠᠭᠠᠳ ᠮᠥᠨ ᠤᠨᠲᠠᠬᠤ ᠭᠡᠵᠦ ᠬᠠᠵᠠᠭᠤᠯᠠᠪᠠ᠃ ᠲᠡᠭᠡᠲᠡᠯ᠎ᠡ ᠨᠥᠭᠦᠭᠡ ᠨᠠᠰᠤ ᠡᠴᠦᠰᠯᠡᠭᠰᠡᠨ ᠬᠥᠮᠦᠨ ᠦ᠌ ᠠᠶᠤᠮᠰᠢᠭᠲᠤ ᠳᠦᠷᠰᠦ ᠰᠡᠳᠬᠢᠯ ᠳ᠋ᠦ᠍ᠨᠢ ᠡᠷᠭᠢᠯᠳᠦᠨ ᠨᠣᠢᠷ ᠢ᠋ ᠨᠢ ᠬᠤᠯᠵᠢᠭᠠᠨᠠ᠃
ᠮᠠᠷᠲᠠᠬᠤ ᠬᠡᠷᠡᠭᠲᠡᠢ ᠭᠡᠵᠦ ᠰᠡᠳᠬᠢᠯ ᠢ᠋ᠶ᠋ᠡᠨ ᠢᠳᠬᠠᠨ ᠨᠢᠳᠦ ᠪᠡᠨ ᠠᠨᠢᠬᠤ ᠳ᠋ᠤ᠌ ᠲᠡᠭᠡᠬᠦ ᠡᠴᠡ ᠲᠡᠭᠡ ᠭᠡᠰᠡᠨ ᠶᠦᠮ ᠰᠢᠭ ᠲᠣᠳᠣᠷᠠᠨ ᠦᠵᠡᠭᠳᠡᠵᠦ《ᠬᠣᠭᠣᠯᠠ᠂ ᠬᠣᠭᠣᠯᠠ》 ᠭᠡᠵᠦ ᠪᠠᠢᠭᠰᠠᠨ ᠨᠢ ᠴᠢᠬᠢᠨ ᠳ᠋ᠦ᠍ ᠰᠣᠨᠣᠰᠤᠭᠳᠠᠨ᠎ᠠ᠃ ᠭᠡᠲᠡᠯ᠎ᠡ ᠠᠰᠢᠭᠦᠢ ᠬᠦᠷᠡᠯ ᠢᠷᠡᠯ᠎ᠡ᠃ ᠭᠡᠪᠡᠴᠦ ᠮᠥᠨ ᠯᠡ ᠨᠢᠭᠡ ᠠᠶᠤᠮᠰᠢᠭᠲᠠᠢ ᠶᠠᠭᠤᠮ᠎ᠠ ᠦᠵᠡᠭᠰᠡᠨ ᠪᠤᠶᠤ ᠲᠤᠭᠤᠯᠤᠭᠰᠠᠨ ᠮᠡᠲᠦ᠂ ᠨᠣᠭᠣᠭᠠᠨ ᠨᠢᠳᠦ ᠨᠢ ᠣᠷᠣᠢ ᠳᠡᠭᠡᠷ᠎ᠡ ᠨᠢ ᠭᠢᠯᠠᠯᠵᠠᠨ᠎ᠠ᠃
— ᠠᠰᠢᠭᠦᠢ ᠴᠢ ᠢᠷᠡᠭᠰᠡᠨ ᠤᠤ? ᠴᠢᠨᠠᠳᠤ ᠳᠣᠷᠵᠢ ᠪᠠᠨ ᠰᠡᠷᠡᠭᠡᠵᠦ ᠦᠵᠡ!
— ᠲᠡᠢᠮᠦ ᠠ᠋᠂ ᠰᠠᠶᠢᠬᠠᠨ ᠢᠷᠡᠯ᠎ᠡ ᠭᠡᠳ ᠳᠣᠷᠵᠢ ᠶ᠋ᠢᠨ ᠲᠣᠬᠣᠢ ᠠ᠋ᠴᠠ ᠲᠠᠲᠠᠪᠠ᠃ ᠳᠣᠷᠵᠢ ᠠᠮᠠ ᠪᠠᠨ ᠲᠠᠮᠰᠢᠶᠠᠯᠠᠨ ᠥᠨᠳᠡᠢᠵᠦ᠄
— ᠲᠠ ᠨᠠᠷ ᠤ᠋ᠨ ᠨᠥᠭᠦᠭᠡ ᠡᠷᠭᠦᠯ ᠮᠥᠷᠭᠥᠯ ᠶᠠᠭᠠᠬᠢᠯ᠎ᠠ?
— ᠪᠢ ᠪᠠᠭᠰᠢ ᠳ᠋ᠠᠭᠠᠨ ᠪᠠᠷᠠᠯᠬᠠᠯᠠ ᠭᠡᠰᠡᠨ ᠢ᠋ᠶ᠋ᠡᠨ᠂ ᠬᠦᠷᠡᠯ᠂
— ᠦᠭᠡᠢ ᠲᠡᠷᠡ ᠴᠦ᠍ ᠶᠠᠭᠠᠬᠢᠬᠤᠪ᠃ ᠴᠠᠭᠠᠨ᠎ᠠ ᠴᠢᠨᠢ ᠬᠦᠷᠢᠶ᠎ᠡ ᠳᠦᠭᠦᠷᠡᠩ ᠭᠠᠮᠢᠩ᠂ ᠠᠶᠠᠨ ᠵᠠᠮ ᠤ᠋ᠨ ᠬᠥᠮᠦᠰ ᠦ᠋ᠨ ᠤᠨᠤᠭ᠎ᠠ ᠬᠥᠰᠬᠡ ᠶ᠋ᠢ ᠳᠡᠭᠡᠷᠡᠮᠳᠡᠬᠦ ᠪᠣᠯᠤᠭᠰᠠᠨ ᠭᠡᠨ᠎ᠡ ᠴᠦ᠍ ᠭᠡᠬᠦ ᠰᠢᠭ᠂ ᠬᠡᠨ ᠬᠥᠮᠦᠨ ᠦ᠌ ᠡᠪᠦᠷ ᠲᠦᠷᠡᠢ ᠶ᠋ᠢ ᠨᠡᠩᠵᠢᠨ ᠮᠥᠩᠭᠥ ᠵᠣᠭᠣᠰ ᠢ᠋ ᠨᠢ ᠪᠤᠯᠢᠶᠠᠨ᠎ᠠ ᠴᠦ᠍ ᠭᠡᠬᠦ ᠰᠢᠭ ᠠᠶᠤᠮᠰᠢᠭ ᠪᠦᠬᠦᠨ ᠳᠤᠭᠤᠯᠳᠠᠨ᠎ᠠ ᠰᠢᠦ ᠭᠡᠰᠡᠨ ᠢ᠋ᠶ᠋ᠡᠨ ᠴᠣᠬᠣᠮ ᠴᠣᠬᠣᠮ ᠭᠡᠵᠦ ᠤᠶᠠᠩᠭᠠᠯᠠᠭᠤᠯᠤᠨ ᠵᠠᠯᠪᠠᠷᠢᠭᠠᠳ ᠪᠤᠷᠬᠠᠨ ᠮᠢᠨᠢ ᠴᠣᠬᠣᠮ ᠶᠠᠭᠤ ᠴᠦ᠍ ᠭᠡᠵᠦ ᠬᠡᠯᠡᠬᠦ ᠪᠣᠢ? ᠮᠣᠩᠭᠣᠯ ᠤᠯᠤᠰ ᠮᠠᠨᠢ ᠠᠮᠠ ᠪᠠᠷ ᠢ᠋ᠶ᠋ᠠᠨ ᠰᠢᠷᠣᠢ ᠡᠮᠬᠦᠭᠡᠳ ᠪᠠᠢᠨ᠎ᠠ ᠰᠢᠦ ᠭᠡᠵᠦ ᠳᠠᠭᠤ ᠠᠯᠳᠠᠪᠠ᠃ ᠶᠠᠭᠤ ᠪᠣᠯᠪᠠ ᠭᠡᠵᠦ ᠳᠣᠷᠵᠢ ᠶ᠋ᠢᠨ ᠠᠰᠠᠭᠤᠬᠤ ᠳ᠋ᠤ᠌᠄
— ᠪᠣᠭᠳᠠ ᠯᠠᠮᠠᠲᠠᠨ ᠢ᠋ ᠴᠢᠷᠴᠦ ᠠᠪᠠᠴᠢᠨ ᠬᠠᠴᠢᠨ ᠮᠠᠶᠢᠭ ᠤ᠋ᠨ ᠬᠤᠪᠴᠠᠰᠤ ᠲᠠᠢ ᠭᠠᠵᠢ ᠪᠤᠷᠤᠭᠤ ᠬᠥᠮᠦᠨ ᠦ᠌ ᠵᠢᠷᠤᠭ ᠲᠤ ᠮᠥᠷᠭᠥᠭᠦᠯᠦᠭᠰᠡᠨ ᠭᠡᠨ᠎ᠡ ᠭᠡᠳ ᠭᠠᠰᠠᠯᠤᠨ ᠱᠠᠭᠰᠢᠷᠠᠵᠤ ᠳᠠᠭᠤ ᠦᠭᠡᠢ ᠪᠣᠯᠤᠯ᠎ᠠ᠃
— ᠪᠢ ᠳ᠋ᠸᠴᠢᠩᠭᠠᠯᠪᠤ ᠬᠦᠷᠬᠦ ᠭᠡᠵᠦ ᠶᠠᠪᠤᠭᠠᠳ ᠭᠠᠮᠢᠩ ᠠ᠋ᠴᠠ ᠵᠢᠭᠤᠲᠠᠭᠰᠠᠨ ᠪᠠᠬᠠᠨ ᠤᠯᠤᠰ ᠲᠠᠢ ᠲᠠᠭᠠᠷᠠᠯᠳᠤᠭᠠᠳ ᠪᠤᠴᠠᠨ ᠢᠷᠡᠯ᠎ᠡ ᠭᠡᠵᠦ ᠳ᠋ᠠᠨᠽᠡᠨ ᠥᠭᠦᠯᠡᠬᠦ ᠳ᠋ᠦ᠍ ᠬᠦᠷᠡᠯ᠄
— ᠠ ᠲᠡᠢᠮᠦ ᠭᠡᠵᠦ ᠦᠭᠡ ᠶ᠋ᠢ ᠨᠢ ᠲᠠᠰᠤᠯᠤᠨ ᠬᠠᠮᠢᠭ᠎ᠠ ᠠ᠋ᠴᠠ ᠶᠠᠮᠠᠷ ᠭᠡᠭᠴᠢ ᠭᠠᠢ ᠲᠠᠢ ᠬᠡᠨ ᠭᠡᠭᠴᠢ ᠪᠣᠯᠬᠤ ᠶ᠋ᠢ ᠪᠦᠦ ᠮᠡᠳᠡ᠃ ᠬᠡᠳᠦᠨ ᠬᠥᠮᠦᠨ ᠪᠠᠰᠠ᠂ ᠲᠦᠮᠡᠨ ᠠᠮᠢᠲᠠᠨ ᠳᠦᠴᠢᠭᠢᠨᠡᠵᠦ᠂ ᠪᠤᠮᠠᠨ ᠠᠮᠢᠲᠠᠨ ᠪᠤᠵᠢᠭᠢᠨᠠᠭᠰᠠᠨ ᠵᠡᠭᠡᠯᠢ ᠳᠡᠭᠡᠷ᠎ᠡ《ᠦᠨᠡᠰᠦᠨ ᠰᠠᠷᠠᠯ ᠭᠠᠮᠢᠩ ᠤ᠋ᠳ ᠢ᠋ ᠣᠷᠣᠨ ᠨᠤᠲᠤᠭ ᠲᠤᠨᠢ ᠬᠥᠭᠡᠭᠡᠨ ᠲᠣᠨᠢᠯᠭᠠᠶᠠ》 ᠭᠡᠰᠡᠨ ᠤᠳᠬ᠎ᠠ ᠲᠠᠢ ᠨᠣᠮ ᠬᠠᠭᠤᠳᠠᠰᠤ ᠨᠠᠭᠠᠵᠤ ᠣᠷᠬᠢᠭᠠᠳ ᠠᠯᠠᠭ᠎ᠠ ᠪᠣᠯᠴᠢᠬᠠᠭᠰᠠᠨ ᠭᠡᠨ᠎ᠡ᠃ ᠲᠡᠭᠦᠨ ᠦ᠌ ᠤᠯᠠᠮ ᠠ᠋ᠴᠠ ᠭᠠᠮᠢᠩ ᠤ᠋ᠳ ᠬᠠᠪᠢ ᠣᠢᠷ᠎ᠠ ᠶ᠋ᠢᠨ ᠬᠥᠮᠦᠰ ᠢ᠋ ᠪᠠᠷᠢᠵᠤ ᠴᠢᠷᠴᠦ ᠪᠠᠢᠭ᠎ᠠ ᠶᠤᠮ ᠭᠡᠨ᠎ᠡ ᠭᠡᠳ ᠴᠠᠭᠠᠰᠢ ᠨᠢ ᠥᠪᠡᠷ ᠦ᠋ᠨ ᠢ᠋ᠶ᠋ᠡᠨ ᠠᠵᠢᠯ ᠤ᠋ᠨ ᠲᠤᠬᠠᠢ ᠶᠠᠷᠢᠪᠠ᠃ ᠢᠩᠭᠢᠬᠦ ᠳ᠋ᠦ᠍ ᠬᠦᠷᠡᠯ ᠪᠠᠭᠰᠢ ᠳ᠋ᠠᠭᠠᠨ ᠪᠠᠷᠠᠯᠬᠠᠵᠤ ᠵᠠᠮ ᠮᠥᠷ ᠢ᠋ᠶ᠋ᠡᠨ ᠵᠠᠰᠠᠭᠤᠯᠤᠭᠰᠠᠨ ᠠᠵᠢ᠃ ᠪᠠᠭᠰᠢ ᠶ᠋ᠢᠨ ᠬᠢᠨᠢ ᠲᠥᠯᠭᠡ ᠳ᠋ᠦ᠍ ᠠᠰᠢᠭᠦᠢ ᠪᠢᠳᠡᠨ ᠦ᠌ ᠵᠠᠮ ᠮᠥᠷ ᠠᠶᠤᠯ ᠦᠭᠡᠢ ᠭᠡᠵᠦ ᠪᠠᠭᠤᠭᠰᠠᠨ ᠰᠢᠦ ᠭᠡᠵᠦ ᠣᠯᠵᠠᠭᠤᠷᠬᠠᠨ ᠲᠠᠢᠪᠤᠩ ᠶᠠᠷᠢᠵᠤ ᠪᠠᠢᠭᠰᠠᠨ ᠢ᠋ᠶ᠋ᠠᠨ᠂
— ᠦᠭᠡᠢ ᠲᠠ ᠮᠢᠨᠢ ᠦᠭᠡ ᠣᠯᠠᠳᠠᠵᠤ᠂ ᠦᠬᠡᠷ ᠬᠣᠯᠠᠳᠠᠪᠠ ᠰᠢᠦ᠃ ᠪᠣᠰᠤᠨ ᠬᠠᠷᠠᠢᠵᠤ《ᠣᠳᠣ ᠠᠴᠢᠶᠠᠯᠠᠶᠠ》 ᠭᠡᠳ ᠭᠦᠶᠦᠨ ᠭᠠᠷᠤᠩᠭᠤᠲᠠ ᠪᠠᠨ ᠮᠠᠢᠬᠠᠨ ᠤ᠋ ᠭᠠᠳᠠᠰᠤ ᠨᠤᠭᠤᠳ ᠢ᠋ ᠰᠤᠭᠤᠴᠢᠨ ᠬᠠᠶᠠᠪᠠ᠃ ᠳᠣᠷᠵᠢ᠂ ᠳ᠋ᠠᠨᠽᠡᠨ ᠬᠣᠶᠠᠷ ᠮᠥᠨ ᠪᠣᠰᠴᠤ ᠠᠵᠢᠯ ᠳ᠋ᠠᠭᠠᠨ ᠣᠷᠣᠪᠠ᠃ ᠠᠭᠱᠠᠨ ᠵᠠᠭᠤᠷ᠎ᠠ ᠶ᠋ᠢᠨ ᠳᠣᠲᠣᠷ᠎ᠠ ᠪᠦᠬᠦ ᠲᠡᠮᠡᠭᠡ ᠪᠡᠨ ᠠᠴᠢᠶᠠᠯᠠᠵᠤ ᠳᠠᠭᠤᠰᠤᠮᠠᠭᠴᠠ ᠬᠦᠷᠡᠯ ᠰᠤᠪᠠᠢ ᠰᠢᠷᠠᠭᠴᠢ ᠢᠩᠭᠡ ᠪᠡᠨ ᠬᠡᠪᠲᠡᠭᠦᠯᠵᠦ ᠮᠣᠷᠳᠠᠭᠠᠳ᠄
— ᠠᠢ ᠳᠠ ᠲᠠ ᠮᠢᠨᠢ᠂ ᠰᠦᠰᠦᠭ ᠪᠢᠰᠢᠷᠡᠯ ᠢ᠋ᠶ᠋ᠡᠨ ᠬᠢᠴᠢᠶᠡᠨ᠎ᠡ ᠰᠢᠦ ᠳᠡ ᠭᠡᠵᠦ ᠬᠠᠰᠬᠢᠷᠤᠭᠠᠳ ᠵᠡᠭᠦᠨ ᠵᠦᠭ ᠢ᠋ ᠪᠠᠷᠢᠨ ᠭᠦᠪᠦᠯᠵᠡᠭᠦᠯᠦᠨ ᠠᠯᠬᠤᠯᠠᠭᠤᠯᠪᠠ᠃ ᠬᠦᠷᠢᠶᠡᠨ ᠦ᠌ ᠵᠡᠭᠦᠨ ᠵᠠᠬ᠎ᠠ ᠪᠣᠯᠬᠤ ᠣᠷᠣᠰ ᠤ᠋ᠨ ᠥᠨᠳᠥᠷ ᠨᠣᠭᠣᠭᠠᠨ ᠣᠷᠣᠢ ᠲᠠᠢ ᠪᠠᠢᠰᠢᠩ ᠤ᠋ᠨ ᠠᠷᠤ ᠪᠠᠷ ᠣᠷᠣᠨ᠂ ᠮᠠᠬᠤᠷ ᠬᠡᠮᠡᠬᠦ ᠲᠣᠯᠣᠭᠠᠢ ᠶ᠋ᠢᠨ ᠡᠩᠭᠡᠷ ᠬᠦᠷᠦᠭᠡᠳ ᠲᠡᠨᠳᠡ ᠡᠴᠡ ᠪᠡᠨ ᠣᠷᠣᠭᠰᠢ ᠡᠷᠭᠢᠵᠦ ᠮᠠᠢᠮᠠᠢ ᠬᠣᠲᠠ ᠶ᠋ᠢᠨ ᠪᠠᠷᠠᠭᠤᠨ ᠢ᠋ᠶ᠋ᠠᠷ ᠣᠷᠣᠨ᠂ ᠵᠡᠭᠦᠨ ᠤᠷᠤᠭᠰᠢ ᠴᠢᠭᠯᠡᠯ᠎ᠡ᠃ ᠲᠡᠷᠡ ᠵᠠᠭᠤᠷ᠎ᠠ ᠪᠠᠨ ᠵᠢᠩᠴᠢᠳ ᠠᠯᠢ ᠵᠦᠭ ᠡᠴᠡ ᠶᠠᠮᠠᠷ ᠠᠶᠤᠯᠲᠠᠢ ᠠᠮᠢᠲᠠᠨ ᠭᠠᠷᠴᠤ ᠢᠷᠡᠨ ᠤᠨᠤᠭ᠎ᠠ ᠬᠥᠰᠬᠡ ᠶ᠋ᠢ ᠳᠡᠭᠡᠷᠡᠮᠳᠡᠬᠦ ᠪᠣᠯ ᠭᠡᠵᠦ ᠦᠷᠭᠦᠯᠵᠢ ᠰᠡᠳᠬᠢᠯ ᠲᠦᠭᠰᠢᠨ ᠶᠠᠪᠤᠯ᠎ᠠ᠃ ᠬᠠᠵᠠᠭᠤ ᠪᠠᠷ ᠤᠨᠤᠭ᠎ᠠ ᠲᠠᠢ ᠤᠨᠤᠭ᠎ᠠ ᠦᠭᠡᠢ ᠶᠠᠩᠵᠤ ᠪᠦᠷᠢ ᠶ᠋ᠢᠨ ᠬᠥᠮᠦᠰ ᠨᠠᠭᠠᠰᠢ ᠴᠠᠭᠠᠰᠢ ᠲᠠᠰᠤᠷᠠᠯᠲᠠ ᠦᠭᠡᠢ ᠶᠠᠪᠤᠬᠤ ᠪᠣᠯᠪᠠᠴᠤ ᠥᠨᠥᠬᠢ ᠭᠠᠮᠢᠩ ᠤ᠋ᠳ ᠠ᠋ᠴᠠ ᠨᠢᠭᠡ ᠴᠦ᠍ ᠳᠠᠭᠠᠷᠢᠯᠳᠤᠭ᠎ᠠ ᠦᠭᠡᠢ ᠠᠵᠢ᠃ ᠲᠤᠩᠭᠠᠯᠠᠭ ᠤᠷᠤᠰᠬᠠᠯᠲᠤ ᠲᠤᠤᠯᠠ ᠭᠣᠣᠯ ᠤ᠋ᠨ ᠵᠠᠬ᠎ᠠ ᠳ᠋ᠤ᠌ ᠢᠷᠡᠭᠡᠳ ᠬᠣᠢᠰᠢ ᠬᠠᠷᠠᠬᠤ ᠳ᠋ᠤ᠌ ᠬᠦᠷᠢᠶᠡᠨ ᠦ᠌ ᠪᠠᠷ᠎ᠠ ᠪᠠᠷᠠᠭᠠᠨᠠᠨ ᠰᠡᠭᠦᠳᠡᠷᠲᠦᠵᠦ ᠪᠦᠷᠢᠶᠡᠨ ᠦ᠌ ᠳᠠᠭᠤ ᠳᠤᠭᠤᠯᠳᠠᠬᠤ ᠲᠠᠢ ᠦᠭᠡᠢ ᠲᠡᠢ ᠰᠣᠨᠣᠰᠳᠠᠨ᠎ᠠ᠃ ᠭᠣᠣᠯ ᠤ᠋ᠨ ᠤᠰᠤ ᠶ᠋ᠢ ᠭᠠᠲᠤᠯᠬᠤ ᠳ᠋ᠤ᠌ ᠤᠭ ᠠ᠋ᠴᠠ ᠪᠠᠨ ᠭᠣᠪᠢ ᠴᠦᠯ ᠡᠴᠡ ᠭᠠᠷᠤᠯ ᠲᠠᠢ ᠲᠡᠮᠡᠭᠡ ᠨᠦ᠍ᠭᠦᠳ ᠬᠠᠮᠠᠷ ᠱᠤᠤᠬᠢᠲᠤᠨᠠᠭᠤᠯᠤᠨ ᠬᠠᠪᠲᠠᠭᠠᠢ ᠴᠠᠭᠠᠨ ᠲᠠᠪᠠᠬᠠᠢ ᠪᠠᠨ ᠳᠡᠭᠡᠷ᠎ᠡ ᠳᠡᠭᠡᠷ᠎ᠡ ᠡᠷᠭᠦᠨ ᠫᠥᠯ ᠫᠠᠯᠬᠢᠯᠠᠨ ᠭᠢᠰᠬᠢᠯᠡᠨ᠎ᠡ᠃ ᠬᠡᠵᠢᠶ᠎ᠡ ᠢᠮᠠᠭᠲᠠ ᠵᠢᠩ ᠦ᠋ᠨ ᠳᠤᠮᠳᠠ ᠶ᠋ᠢ ᠪᠠᠷᠢᠨ ᠶᠠᠪᠤᠳᠠᠭ ᠳᠣᠷᠵᠢ ᠬᠠᠮᠤᠭ ᠤ᠋ᠨ ᠲᠦᠷᠦᠭᠦᠨ ᠭᠣᠣᠯ ᠭᠠᠲᠤᠯᠤᠨ ᠭᠠᠷᠤᠭᠠᠳ ᠲᠡᠮᠡᠭᠡ ᠨᠢᠭᠡ ᠪᠦᠷᠢ ᠶ᠋ᠢ ᠠᠵᠢᠭᠯᠠᠨ ᠬᠥᠭ ᠬᠥᠭ ᠭᠡᠵᠦ ᠬᠠᠰᠬᠢᠷᠤᠭᠠᠳ᠂ ᠰᠡᠭᠦᠯᠴᠢ ᠶ᠋ᠢᠨ ᠬᠥᠮᠦᠨ ᠳ᠋ᠠᠨᠽᠡᠨ ᠢ᠋ ᠭᠠᠷᠴᠤ ᠢᠷᠡᠬᠦ ᠳ᠋ᠦ᠍᠄
— ᠣᠳᠣ ᠠᠶᠤᠯ ᠪᠦᠬᠦᠨ ᠠᠷᠤ ᠳ᠋ᠤ᠌ ᠦᠯᠡᠳᠡᠭᠰᠡᠨ ᠪᠢᠵᠡ ᠳᠡ ᠭᠡᠳ ᠢᠨᠢᠶᠡᠮᠰᠦᠭᠯᠡᠪᠡ᠃
— ᠲᠡᠢᠮᠦ ᠴᠦ᠍ ᠪᠢᠵᠡ ᠭᠡᠵᠦ ᠳ᠋ᠠᠨᠽᠡᠨ ᠦ᠌ ᠬᠡᠯᠡᠬᠦ ᠳ᠋ᠦ᠍᠂ ᠲᠡᠷᠡ ᠤᠷᠢᠳ ᠠ᠋ᠴᠠ ᠬᠦᠷᠡᠯ᠄
— ᠠᠴᠢᠲᠤ ᠯᠠᠮᠠ ᠶ᠋ᠢᠨ ᠠᠪᠤᠷᠠᠯ ᠢ᠋ᠶ᠋ᠠᠷ ᠠᠶᠤᠯ ᠪᠦᠬᠦᠨ ᠠᠷᠤ ᠳ᠋ᠤ᠌ ᠬᠠᠶᠠᠭᠳᠠᠭᠰᠠᠨ ᠰᠢᠦ ᠭᠡᠵᠦ ᠣᠪᠣᠭ᠎ᠠ ᠴᠣᠪᠣᠭᠣᠳᠠᠬᠤ ᠳᠠᠭᠤ ᠪᠠᠷ ᠢᠨᠢᠶᠡᠳᠦ ᠠᠯᠲᠠᠨ ᠬᠠᠰᠬᠢᠷᠤᠭᠠᠳ᠂ ᠴᠠᠭᠠᠰᠢ ᠡᠷᠭᠢᠨ ᠠᠯᠤᠰ ᠢ᠋ ᠰᠢᠷᠲᠡᠨ᠂ ᠲᠡᠰᠢᠶ᠎ᠡ ᠲᠤᠯᠵᠤ《ᠪᠣᠭᠳᠠ ᠶ᠋ᠢᠨ ᠥᠨᠳᠥᠷ ᠠᠭᠤᠯᠠᠨ ᠳ᠋ᠤ᠌ ᠪᠣᠷᠣᠭᠠᠨ ᠤ᠋ ᠮᠠᠨᠠᠨ ᠲᠠᠲᠠᠨ᠎ᠠ᠃ ᠪᠤᠴᠠᠭᠠᠳ ᠬᠣᠢᠰᠢ ᠪᠠᠨ ᠬᠠᠷᠠᠬᠤ ᠳ᠋ᠤ᠌ ᠪᠣᠭᠳᠠ ᠶ᠋ᠢᠨ ᠬᠦᠷᠢᠶ᠎ᠡ ᠢᠯᠡᠬᠡᠨ》 ᠭᠡᠵᠦ ᠰᠦᠷᠡᠬᠡᠢ ᠪᠦᠳᠦᠭᠦᠨ ᠬᠣᠭᠣᠯᠠᠢ ᠪᠠᠷ ᠲᠡᠩᠬᠡ ᠮᠡᠳᠡᠨ ᠳᠠᠭᠤᠯᠠᠵᠤ ᠭᠠᠷᠪᠠ᠃ ᠭᠡᠪᠡᠴᠦ ᠣᠳᠣ ᠪᠣᠯ ᠵᠤᠨ ᠪᠢᠰᠢ ᠡᠪᠦᠯ᠂ ᠪᠣᠭᠳᠠ ᠶ᠋ᠢᠨ ᠥᠨᠳᠥᠷ ᠠᠭᠤᠯᠠᠨ ᠳ᠋ᠤ᠌ ᠪᠣᠷᠣᠭᠠᠨ ᠤ᠋ ᠪᠤᠳᠠᠩ ᠶᠠᠭᠠᠬᠢᠨ ᠲᠠᠲᠠᠬᠤ ᠪᠢᠯᠡ ᠳᠠ᠃ ᠬᠠᠷᠢᠨ ᠪᠤᠴᠠᠭᠠᠳ ᠬᠣᠢᠰᠢ ᠪᠠᠨ ᠬᠠᠷᠠᠬᠤ ᠳ᠋ᠤ᠌ ᠪᠣᠭᠳᠠ ᠶ᠋ᠢᠨ ᠬᠦᠷᠢᠶ᠎ᠡ ᠢᠯᠡᠬᠡᠨ ᠬᠠᠷᠠᠭᠳᠠᠬᠤ ᠨᠢ ᠴᠦ᠍ ᠬᠠᠷᠠᠭᠳᠠᠵᠤ ᠯᠠ ᠪᠠᠢᠨ᠎ᠠ᠃
