ᠨᠠᠷᠠᠨ ᠤ᠋ ᠡᠭᠡᠴᠢ ᠳᠡᠭᠦᠦНарны эгч дүү ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠷᠠᠨ ᠤ᠋ ᠡᠭᠡᠴᠢ ᠳᠡᠭᠦᠦНарны эгч дүү

ᠨᠠᠷᠠᠨ ᠤ᠋ ᠡᠭᠡᠴᠢ ᠳᠡᠭᠦᠦНарны эгч дүү

ᠠᠩᠭᠢᠯᠠᠯ:ᠳᠣᠮᠣᠭ ᠦᠯᠢᠭᠡᠷ
2025-07-01

877

ᠨᠠᠷᠠᠨ ᠤ᠋ ᠡᠭᠡᠴᠢ ᠳᠡᠭᠦᠦ

    ᠡᠷᠲᠡ ᠤᠷᠢᠳᠤ ᠴᠠᠭ ᠲᠤ᠌ ᠨᠢᠭᠡᠨ ᠬᠠᠭᠠᠨ ᠭᠠᠭᠴᠠᠬᠠᠨ ᠬᠦᠦ ᠲᠡᠢ ᠪᠠᠢᠵᠤ ᠭᠡᠨ᠎ᠡ᠃ ᠭᠠᠭᠴᠠ ᠬᠦᠦ ᠨᠢ ᠭᠠᠭᠴᠠᠭᠠᠷᠳᠠᠬᠤ ᠳ᠋ᠤ᠌ ᠪᠠᠨ ᠬᠠᠭᠠᠨ ᠱᠠᠩ ᠤ᠋ᠨ ᠬᠠᠷᠠᠴᠠ ᠠᠷᠠᠳ ᠤ᠋ᠨ ᠨᠢᠭᠡᠨ ᠬᠦᠦ ᠲᠡᠢ ᠪᠠᠭ᠎ᠠ ᠠ᠋ᠴᠠ ᠪᠠᠨ ᠲᠣᠭᠯᠠᠵᠤ ᠥᠰᠴᠡᠢ᠃ ᠲᠡᠷᠡ ᠬᠣᠶᠠᠭᠤᠯᠠ ᠡᠳᠦᠷ ᠲᠦ᠍ ᠪᠡᠨ ᠬᠠᠭᠠᠨ ᠱᠠᠩ ᠤ᠋ᠨ ᠬᠦᠷᠢᠶᠡᠨ ᠳᠣᠲᠣᠷ᠎ᠠ ᠮᠥᠷᠥᠢ ᠲᠠᠯᠪᠢᠵᠤ ᠭᠦᠶᠦᠯᠴᠡᠬᠦ᠂ᠬᠥᠭᠡᠭᠡᠯᠴᠡᠬᠦ᠂ᠨᠢᠭᠤᠯᠴᠠᠬᠤ ᠮᠡᠲᠦ ᠪᠡᠷ ᠶᠠᠩᠵᠤ ᠶᠠᠩᠵᠤ ᠪᠠᠷ ᠰᠠᠢᠬᠠᠨ ᠲᠣᠭᠯᠠᠳᠠᠭ ᠪᠠᠢᠵᠠᠢ᠃ ᠨᠢᠭᠡᠨ ᠡᠳᠦᠷ ᠲᠡᠳᠡ ᠬᠣᠶᠠᠷ ᠨᠠᠭᠠᠳᠴᠤ ᠪᠠᠢᠭᠠᠳ ᠠᠯᠲᠠᠨ ᠲᠠᠬᠢᠶᠠᠨ ᠤ᠋ ᠥᠳᠥ ᠣᠯᠤᠭᠠᠳ ᠠᠪᠴᠠᠢ᠃
    ᠲᠡᠭᠡᠭᠡᠳ ᠡᠭᠦᠨ ᠢ᠋ 《ᠴᠢ ᠤᠷᠢᠳᠠᠪᠡᠷ ᠣᠯᠵᠠᠢ᠂ᠪᠢ ᠤᠷᠢᠳᠠᠪᠡᠷ ᠣᠯᠵᠠᠢ》 ᠭᠡᠵᠦ ᠠᠮᠠ ᠪᠤᠯᠢᠶᠠᠯᠳᠤᠵᠤ ᠪᠠᠢᠭᠰᠠᠭᠠᠷ ᠰᠡᠭᠦᠯᠡᠷ ᠨᠢ ᠬᠡᠨ ᠨᠢ ᠴᠦ᠍ ᠠᠪᠬᠤ ᠦᠭᠡᠢ ᠪᠦᠷ ᠨᠢᠭᠡ ᠨᠢᠭᠡᠨ ᠳ᠋ᠡᠭᠡᠨ ᠲᠦᠯᠬᠢᠬᠦ ᠪᠣᠯᠵᠠᠢ᠃ᠬᠠᠭᠠᠨ ᠡᠨᠡ ᠴᠢᠮᠡᠭᠡ ᠶ᠋ᠢ ᠰᠣᠨᠣᠰᠤᠭᠠᠳ᠄《ᠲᠠ ᠬᠣᠶᠠᠷ ᠶᠠᠭᠤᠨ ᠳ᠋ᠤ᠌ ᠶᠡᠬᠡ ᠪᠠᠭ᠎ᠠ ᠳᠤᠤᠭᠠᠷᠴᠤ ᠪᠠᠢᠬᠤ ᠪᠣᠢ?》 ᠭᠡᠵᠦ ᠠᠰᠠᠭᠤᠭᠰᠠᠨ ᠳ᠋ᠤ᠌ ᠪᠢᠳᠡ ᠬᠣᠶᠠᠭᠤᠯᠠ ᠠᠯᠲᠠᠨ ᠲᠠᠬᠢᠶᠠᠨ ᠤ᠋ ᠥᠳᠥ ᠣᠯᠵᠤ ᠠᠪᠤᠭᠠᠳ᠄《 ᠴᠢ ᠤᠷᠢᠳᠠᠪᠡᠷ ᠣᠯᠵᠤ ᠦᠵᠡᠭᠰᠡᠨ᠂ᠴᠢ ᠠᠪ》᠂《ᠦᠭᠡᠢ ᠴᠢ ᠤᠷᠢᠳᠠᠪᠡᠷ ᠣᠯᠵᠤ ᠦᠵᠡᠭᠰᠡᠨ ᠴᠢ ᠠᠪ》 ᠭᠡᠳ ᠬᠠᠷᠢᠯᠴᠠᠨ ᠲᠦᠯᠬᠢᠯᠴᠡᠵᠦ ᠪᠠᠢᠭᠰᠠᠨ ᠢ᠋ᠶ᠋ᠠᠨ ᠬᠡᠯᠡᠭᠰᠡᠨ ᠳ᠋ᠦ᠍ ᠬᠠᠭᠠᠨ᠂ᠠᠯᠲᠠᠨ ᠲᠠᠬᠢᠶᠠᠨ ᠤ᠋ ᠥᠳᠥ ᠭᠡᠰᠡᠨ ᠢ᠋ ᠰᠣᠨᠣᠰᠤᠭᠠᠳ ᠬᠦᠦ ᠳ᠋ᠡᠭᠡᠨ ᠠᠪᠴᠤ ᠥᠭᠬᠦ ᠰᠠᠨᠠᠭ᠎ᠠ ᠲᠥᠷᠥᠵᠡᠢ᠃
    ᠬᠠᠭᠠᠨ ᠬᠣᠶᠠᠷ ᠬᠡᠦᠬᠡᠳ ᠡᠴᠡ᠄《ᠬᠡᠨ ᠨᠢ ᠤᠷᠢᠳᠠᠪᠡᠷ ᠦᠵᠡᠭᠰᠡᠨ ᠪᠣᠢ? ᠬᠡᠨ ᠨᠢ ᠰᠡᠭᠦᠯᠡᠷ ᠦᠵᠡᠭᠰᠡᠨ ᠪᠣᠢ?》 ᠭᠡᠵᠦ ᠠᠰᠠᠭᠤᠭᠰᠠᠭᠠᠷ ᠪᠠᠢᠭᠠᠳ ᠥᠨᠥ ᠬᠠᠷᠠᠴᠤ ᠠᠷᠠᠳ ᠤ᠋ᠨ ᠬᠦᠦ᠄《ᠮᠠᠨ ᠤ᠋ ᠬᠣᠶᠠᠭᠤᠯᠠ ᠭᠦᠶᠦᠵᠦ ᠮᠥᠷᠥᠢᠴᠡᠭᠡᠳ ᠪᠢ ᠤᠷᠢᠳᠠᠪᠡᠷ ᠭᠦᠶᠦᠵᠦ ᠢᠷᠡᠭᠡᠳ ᠡᠭᠦᠨ ᠢ᠋ ᠦᠵᠡᠭᠰᠡᠨ ᠶᠤᠮ》 ᠭᠡᠵᠦ ᠬᠡᠯᠡᠵᠡᠢ᠃ᠲᠡᠭᠡᠬᠦ ᠳ᠋ᠦ᠍ ᠬᠠᠭᠠᠨ ᠠᠷᠭ᠎ᠠ ᠭᠠᠷᠭᠠᠵᠤ᠄《ᠴᠢ ᠤᠷᠢᠳᠠᠪᠡᠷ ᠦᠵᠡᠭᠰᠡᠨ ᠪᠣᠯ ᠡᠨᠡ ᠠᠯᠲᠠᠨ ᠲᠠᠬᠢᠶᠠᠨ ᠤ᠋ ᠥᠳᠥ ᠴᠣᠬᠣᠮ ᠶᠠᠮᠠᠷ ᠲᠠᠬᠢᠶᠠᠨ ᠠ᠋ᠴᠠ ᠤᠨᠠᠭᠰᠠᠨ ᠢ᠋ ᠮᠡᠳᠡᠨ᠎ᠡ ᠤᠤ? ᠲᠡᠭᠡᠪᠡᠯ ᠴᠢ ᠣᠳᠣ ᠡᠨᠡ ᠥᠳᠥ ᠪᠡᠨ ᠭᠡᠭᠡᠭᠰᠡᠨ ᠲᠠᠬᠢᠶ᠎ᠠ ᠶ᠋ᠢ ᠣᠯᠵᠤ ᠠᠪᠴᠢᠷᠠ》 ᠭᠡᠵᠡᠢ᠃ ᠡᠭᠦᠨ ᠢ᠋ ᠰᠣᠨᠣᠰᠤᠭᠠᠳ ᠬᠠᠷᠠᠴᠤ ᠠᠷᠠᠳ ᠤ᠋ᠨ ᠬᠦᠦ ᠶᠡᠬᠡ ᠵᠣᠪᠠᠵᠠᠢ᠃ ᠪᠢ ᠵᠥᠪᠬᠡᠨ ᠭᠡᠭᠡᠭᠰᠡᠨ ᠠᠯᠲᠠᠨ ᠥᠳᠥ ᠶ᠋ᠢ ᠣᠯᠤᠭᠰᠠᠨ ᠠ᠋ᠴᠠ ᠪᠢᠰᠢ ᠥᠳᠥ ᠪᠡᠨ ᠶᠠᠮᠠᠷ ᠲᠠᠬᠢᠶ᠎ᠠ ᠭᠡᠭᠡᠭᠰᠡᠨ ᠢ᠋ ᠣᠯᠵᠤ ᠦᠵᠡᠭᠰᠡᠨ ᠦᠭᠡᠢ᠃ ᠣᠳᠣ ᠪᠢ ᠡᠨᠡ ᠲᠠᠬᠢᠶ᠎ᠠ ᠶ᠋ᠢ ᠬᠠᠮᠢᠭ᠎ᠠ ᠠ᠋ᠴᠠ ᠣᠯᠤᠨ᠎ᠠ ᠪᠢᠯᠡ ᠭᠡᠵᠦ ᠪᠣᠳᠣᠵᠠᠢ᠃
ᠢᠩᠭᠢᠭᠡᠳ ᠥᠳᠥ ᠪᠡᠨ ᠭᠡᠭᠡᠭᠰᠡᠨ ᠲᠠᠬᠢᠶ᠎ᠠ ᠶ᠋ᠢ ᠡᠷᠢᠬᠦ ᠪᠡᠷ ᠪᠣᠯᠬᠤ ᠳ᠋ᠤ᠌ ᠬᠠᠭᠠᠨ ᠤ᠋ ᠬᠦᠦ ᠴᠦ᠍ ᠬᠠᠮᠲᠤ ᠶᠠᠪᠤᠵᠠᠢ᠃ ᠲᠡᠳᠡ ᠬᠣᠶᠠᠭᠤᠯᠠ ᠡᠬᠢᠯᠡᠭᠡᠳ ᠬᠠᠭᠠᠨ ᠤ᠋ ᠱᠠᠩ ᠤ᠋ᠨ ᠶᠡᠬᠡ ᠬᠦᠷᠢᠶᠡᠨ ᠳ᠋ᠦ᠍ ᠡᠷᠢᠭᠡᠳ ᠣᠯᠤᠭᠰᠠᠨ ᠦᠭᠡᠢ᠃ ᠳᠠᠷᠠᠭ᠎ᠠ ᠨᠢ ᠣᠢ ᠳ᠋ᠤ᠌᠂ᠠᠭᠤᠯᠠᠨ ᠳ᠋ᠤ᠌ ᠣᠴᠢᠵᠤ ᠡᠷᠢᠬᠦ ᠪᠡᠷ ᠪᠣᠯᠪᠠ᠃ᠡᠨᠡ ᠦᠶ᠎ᠡ ᠳ᠋ᠦ᠍ ᠬᠠᠭᠠᠨ ᠬᠦᠦ ᠪᠡᠨ ᠬᠠᠢᠷᠠᠯᠠᠭᠠᠳ ᠶᠠᠪᠤᠭᠤᠯᠤᠭᠰᠠᠨ ᠦᠭᠡᠢ᠃
      ᠬᠠᠷᠠᠴᠤ ᠠᠷᠠᠳ ᠤ᠋ᠨ ᠬᠦᠦ ᠭᠠᠭᠴᠠᠭᠠᠷ ᠢ᠋ᠶ᠋ᠠᠨ ᠠᠭᠤᠯᠠ ᠲᠠᠯ᠎ᠠ᠂ᠶᠡᠬᠡ ᠣᠢᠲᠤ ᠣᠷᠣᠨ ᠢ᠋ᠶ᠋ᠠᠷ ᠡᠷᠢᠭᠡᠳ ᠶᠠᠪᠤᠵᠤ ᠪᠠᠢᠲᠠᠯ᠎ᠠ ᠣᠢ ᠳᠣᠲᠣᠷ᠎ᠠ ᠠ᠋ᠴᠠ ᠨᠢᠭᠡ ᠬᠠᠴᠢᠨ ᠳᠠᠭᠤ ᠭᠠᠷᠴᠠᠢ᠂ᠬᠦᠦ ᠡᠨᠡ ᠶᠠᠭᠤ ᠳᠤᠤᠭᠠᠷᠴᠤ ᠪᠠᠢᠬᠤ ᠶᠤᠮ ᠪᠣᠢ ᠭᠡᠵᠦ ᠭᠠᠢᠬᠠᠵᠤ ᠪᠠᠢᠲᠠᠯ᠎ᠠ ᠮᠣᠳᠣᠨ ᠠᠷᠤ ᠠ᠋ᠴᠠ ᠨᠢᠭᠡ ᠦᠨᠡᠭᠡ ᠭᠠᠷᠤᠭᠠᠳ ᠢᠷᠡᠪᠡ᠃ᠡᠨᠡ ᠦᠨᠡᠭᠡ ᠨᠢ ᠬᠠᠷᠢᠨ ᠬᠥᠮᠦᠨ ᠦ᠌ ᠦᠭᠡ ᠬᠡᠯᠡᠵᠦ ᠴᠢᠳᠠᠳᠠᠭ ᠪᠥᠭᠡᠳ ᠦᠨᠡᠭᠡ ᠦᠨᠡᠭᠡ ᠲᠡᠢ ᠠᠳᠠᠯᠢ ᠬᠤᠯᠵᠢᠨ ᠦᠨᠡᠭᠡ ᠪᠢᠰᠢ ᠪᠠᠢᠵᠠᠢ᠃  
ᠦᠨᠡᠭᠡ ᠠᠮᠤᠷ ᠮᠡᠨᠳᠦ ᠠᠰᠠᠭᠤᠵᠤ᠄《ᠴᠢ ᠶᠠᠭᠠᠬᠢᠭᠠᠳ ᠮᠠᠭᠤ ᠴᠢᠷᠠᠢᠯᠠᠭᠠᠳ ᠶᠠᠪᠤᠵᠤ ᠪᠠᠢᠬᠤ ᠪᠣᠢ?》 ᠭᠡᠰᠡᠨ ᠳᠤ ᠬᠠᠷᠠᠴᠤ ᠶ᠋ᠢᠨ ᠬᠦᠦ᠄《ᠪᠢ ᠨᠢᠭᠡ ᠠᠯᠲᠠᠨ ᠲᠠᠬᠢᠶᠠᠨ ᠤ᠋ ᠥᠳᠥ ᠣᠯᠤᠭᠠᠳ ᠠᠪᠤᠭᠰᠠᠨ ᠳ᠋ᠤ᠌ ᠬᠠᠭᠠᠨ ᠨᠠᠮᠠᠶ᠋ᠢ ᠠᠯᠲᠠᠨ ᠥᠳᠥ ᠪᠡᠨ ᠭᠡᠭᠡᠭᠰᠡᠨ ᠲᠠᠬᠢᠶ᠎ᠠ ᠶ᠋ᠢ ᠣᠯᠵᠤ ᠠᠪᠴᠢᠷᠠ ᠭᠡᠨ᠎ᠡ᠃ ᠪᠢ ᠡᠨᠡ ᠲᠠᠬᠢᠶ᠎ᠠ ᠶ᠋ᠢ ᠣᠯᠵᠤ ᠳᠡᠢᠯᠬᠦ ᠦᠭᠡᠢ ᠶᠠᠪᠤᠵᠤ ᠪᠠᠢᠨ᠎ᠠ》 ᠭᠡᠪᠡ᠃
      ᠦᠨᠡᠭᠡ᠄《ᠬᠠᠢ! ᠡᠨᠡ ᠠᠮᠠᠷᠬᠠᠨ᠂ ᠲᠡᠷᠡ ᠬᠣᠯᠠ ᠬᠠᠷᠠᠭᠳᠠᠵᠤ ᠪᠠᠢᠭ᠎ᠠ ᠠᠯᠲᠠᠨ ᠭᠡᠷᠡᠯ ᠰᠠᠴᠤᠷᠠᠭᠰᠠᠨ ᠠᠭᠤᠯᠠᠨ ᠳ᠋ᠤ᠌ ᠨᠠᠷᠠᠨ ᠤ᠋ ᠡᠭᠡᠴᠢ ᠳᠡᠭᠦᠦ ᠵᠢᠷᠭᠤᠭᠤᠯᠠ ᠠᠮᠢᠳᠤᠷᠠᠵᠤ ᠪᠠᠢᠳᠠᠭ᠃ᠡᠨᠡ ᠵᠢᠷᠭᠤᠭ᠎ᠠ ᠳ᠋ᠤ᠌ ᠵᠢᠷᠭᠤᠭᠠᠨ ᠠᠯᠲᠠᠨ ᠲᠠᠬᠢᠶ᠎ᠠ ᠲᠠᠢ᠂ᠡᠨᠡ ᠠᠯᠲᠠᠨ ᠲᠠᠬᠢᠶ᠎ᠠ  ᠪᠠᠨ ᠠᠯᠲᠠ ᠪᠠᠷ ᠲᠡᠵᠢᠭᠡᠭᠡᠳ ᠰᠠᠭᠤᠵᠤ ᠪᠣᠢ᠃ᠬᠣᠶᠠᠭᠤᠯᠠ ᠲᠡᠨᠳᠡ ᠣᠴᠢᠶ᠎ᠠ᠂ᠲᠡᠷᠡ ᠲᠠᠬᠢᠶᠠᠨ ᠳ᠋ᠤ᠌ ᠨᠢᠭᠡ ᠥᠳᠥ ᠨᠢ ᠳᠤᠲᠠᠭᠤ ᠲᠠᠬᠢᠶ᠎ᠠ ᠪᠠᠢᠪᠠᠯ ᠯᠠᠪ ᠮᠥᠨ ᠰᠢᠦ ᠳᠡ》 ᠭᠡᠵᠡᠢ᠃
      ᠬᠣᠶᠠᠭᠤᠯᠠ ᠶᠠᠪᠤᠭᠰᠠᠭᠠᠷ ᠪᠠᠢᠭᠠᠳ ᠠᠯᠲᠠᠨ ᠭᠡᠷᠡᠯ ᠰᠠᠴᠤᠷᠠᠭᠰᠠᠨ ᠥᠨᠳᠥᠷ ᠠᠭᠤᠯᠠᠨ ᠳ᠋ᠤ᠌ ᠨᠢ ᠭᠠᠷᠤᠭᠠᠳ ᠬᠦᠷᠴᠡᠢ᠃ᠠᠭᠤᠯᠠᠨ ᠳ᠋ᠤ᠌ ᠬᠥᠮᠦᠨ ᠦ᠌ ᠴᠢᠮᠡᠭᠡ ᠠᠨᠢᠷ ᠦᠭᠡᠢ᠂ᠲᠡᠷᠡ ᠬᠣᠶᠠᠭᠤᠯᠠ ᠠᠯᠲᠠᠨ ᠠᠭᠤᠯᠠ ᠲᠠᠢ ᠣᠷᠳᠣᠨ ᠳ᠋ᠤ᠌ ᠡᠷᠭᠢᠴᠡᠵᠦ ᠦᠵᠡᠭᠰᠡᠨ ᠳ᠋ᠦ᠍ ᠣᠷᠳᠣᠨ ᠤ᠋ ᠪᠠᠭᠠᠨ᠎ᠠ ᠨᠢ ᠠᠯᠲᠠ᠂ᠵᠠᠮ ᠨᠢ ᠴᠦ᠍ ᠠᠯᠲᠠ᠂ᠱᠠᠲᠤ  ᠳᠡᠭᠲᠡᠷ ᠨᠢ ᠴᠦ᠍ ᠪᠦᠷ ᠠᠯᠲᠠ ᠪᠠᠢᠨ᠎ᠠ ᠭᠡᠨ᠎ᠡ᠃ᠲᠡᠳᠡ ᠬᠣᠶᠠᠭᠤᠯᠠ ᠡᠨᠡ ᠠᠯᠲᠠᠨ ᠣᠷᠳᠣᠨ ᠤ᠋ ᠳᠤᠮᠳᠠ ᠠᠯᠬᠤᠯᠠᠵᠤ ᠪᠠᠢᠲᠠᠯ᠎ᠠ ᠳᠡᠭᠡᠷ᠎ᠡ ᠠᠰᠠᠷ ᠠ᠋ᠴᠠ ᠴᠢᠮᠡᠭᠡ ᠭᠠᠷᠴᠤ᠂ᠨᠢᠭᠡ ᠭᠦᠩᠵᠦ ᠭᠠᠷᠤᠭᠠᠳ ᠢᠷᠡᠵᠡᠢ᠃ᠡᠨᠡ ᠨᠢ ᠨᠠᠷᠠᠨ ᠤ᠋ ᠵᠢᠷᠭᠤᠭᠠᠨ ᠬᠡᠦᠬᠡᠨ ᠦ᠌ ᠶᠡᠬᠡ ᠡᠭᠡᠴᠢ ᠨᠢ ᠪᠠᠢᠵᠠᠢ᠃ᠭᠦᠩᠵᠦ ᠲᠡᠳᠡᠨ ᠡᠴᠡ ᠶᠠᠭᠤᠨ ᠳ᠋ᠤ᠌ ᠶᠠᠪᠤᠵᠤ ᠪᠠᠢᠭ᠎ᠠ ᠶ᠋ᠢ ᠠᠰᠠᠭᠤᠭᠰᠠᠨ ᠳ᠋ᠤ᠌᠄《ᠥᠳᠥ ᠪᠡᠨ ᠭᠡᠭᠡᠭᠰᠡᠨ ᠠᠯᠲᠠᠨ ᠲᠠᠬᠢᠶ᠎ᠠ ᠶ᠋ᠢ ᠡᠷᠢᠵᠦ ᠪᠠᠢᠨ᠎ᠠ》 ᠭᠡᠵᠡᠢ᠂ᠨᠠᠷᠠᠨ ᠤ᠋ ᠶᠡᠬᠡ ᠬᠡᠦᠬᠡᠨ ᠨᠢ᠄《ᠵᠠ ᠲᠡᠭᠡᠪᠡᠯ ᠲᠠ ᠶᠠᠭ ᠮᠢᠨᠦ ᠪᠠᠭ᠎ᠠ ᠬᠡᠦᠬᠡᠨ ᠳᠡᠭᠦᠦ ᠶ᠋ᠢᠨ ᠵᠠᠶᠠᠭᠠᠨ ᠤ᠋ ᠠᠮᠠᠷᠠᠭ ᠨᠢ ᠪᠠᠢᠨ᠎ᠠ᠃ᠡᠨᠡ ᠵᠥᠩᠨᠡᠯ ᠪᠡᠯᠭᠡᠳᠡᠯ ᠢ᠋ᠶ᠋ᠡᠷ ᠡᠷᠢᠭᠡᠳ ᠢᠷᠡᠬᠦ ᠨᠢ ᠮᠢᠨᠦ ᠪᠠᠭ᠎ᠠ ᠬᠡᠦᠬᠡᠨ ᠳᠡᠭᠦᠦ ᠶ᠋ᠢᠨ10 ᠵᠢᠯ ᠦ᠋ᠨ ᠳᠠᠷᠠᠭᠠᠬᠢ ᠨᠠᠢᠵᠠ ᠨᠢ ᠪᠣᠯᠬᠤ ᠶᠤᠮ》 ᠭᠡᠵᠡᠢ᠃
      《ᠭᠡᠪᠡᠴᠦ ᠮᠢᠨᠦ ᠪᠠᠭ᠎ᠠ ᠬᠡᠦᠬᠡᠨ ᠳᠡᠭᠦᠦ ᠶ᠋ᠢ ᠠᠷᠪᠠᠨ ᠬᠣᠶᠠᠷ ᠲᠣᠯᠣᠭᠠᠢ ᠲᠠᠢ ᠠᠷᠵᠠᠭᠠᠷ ᠬᠠᠷ᠎ᠠ ᠮᠠᠩᠭᠤᠰ ᠠᠪᠤᠭᠠᠳ ᠶᠠᠪᠤᠴᠢᠬᠠᠭᠰᠠᠨ᠂ᠲᠡᠭᠦᠨ ᠢ᠋ ᠠᠪᠤᠷᠠᠵᠤ ᠠᠪᠤᠭᠠᠳ ᠢᠷᠡᠪᠡᠯ ᠠᠯᠲᠠᠨ ᠲᠠᠬᠢᠶ᠎ᠠ ᠶ᠋ᠢ ᠣᠯᠵᠤ ᠠᠪᠤᠭᠠᠳ ᠶᠠᠪᠤᠵᠤ ᠪᠣᠯᠤᠨ᠎ᠠ》 ᠭᠡᠪᠡ᠃
      ᠬᠠᠷᠠᠴᠤ ᠶ᠋ᠢᠨ ᠬᠦᠦ᠄《ᠲᠡᠷᠡ ᠠᠷᠪᠠᠨ ᠬᠣᠶᠠᠷ ᠲᠣᠯᠣᠭᠠᠢ ᠲᠠᠢ ᠠᠷᠵᠠᠭᠠᠷ ᠬᠠᠷ᠎ᠠ ᠮᠠᠩᠭᠤᠰ ᠤ᠋ᠨ ᠠᠮᠢᠳᠤᠷᠠᠵᠤ ᠪᠠᠢᠭ᠎ᠠ ᠭᠠᠵᠠᠷ ᠨᠢ ᠬᠠᠮᠢᠭ᠎ᠠ ᠪᠠᠢᠳᠠᠭ ᠪᠣᠢ?》 ᠭᠡᠰᠡᠨ ᠳ᠋ᠦ᠍᠂《ᠲᠡᠷᠡ ᠬᠣᠯᠠ ᠦᠵᠡᠭᠳᠡᠵᠦ ᠪᠠᠢᠭ᠎ᠠ ᠥᠨᠳᠥᠷ ᠠᠭᠤᠯᠠᠨ ᠳ᠋ᠤ᠌ ᠪᠠᠢᠳᠠᠭ ᠶᠤᠮ᠃ᠲᠡᠷᠡ ᠠᠭᠤᠯᠠᠨ ᠳ᠋ᠠᠬᠢ ᠠᠷᠪᠠᠨ ᠬᠣᠶᠠᠷ ᠲᠣᠯᠣᠭᠠᠢ ᠲᠠᠢ ᠠᠷᠵᠠᠭᠠᠷ ᠬᠠᠷ᠎ᠠ ᠮᠠᠩᠭᠤᠰ ᠭᠡᠭᠴᠢ ᠪᠦᠷ ᠪᠦᠳᠦᠭᠦᠨ ᠲᠣᠮᠣ ᠪᠡᠶ᠎ᠡ ᠲᠡᠢ ᠠᠮᠢᠲᠠᠨ ᠪᠣᠢ》 ᠭᠡᠪᠡ᠃
      《ᠲᠡᠨᠳᠡ ᠶᠠᠭᠠᠬᠢᠵᠤ ᠬᠦᠷᠬᠦ ᠪᠣᠢ?》 ᠭᠡᠰᠡᠨ ᠳ᠋ᠦ᠍ ᠦᠨᠡᠭᠡ᠄《ᠨᠠᠢᠵᠠ ᠠ᠋! ᠬᠣᠶᠠᠭᠤᠯᠠ ᠪᠠᠨ ᠶᠠᠪᠤᠶ᠎ᠠ᠂ ᠪᠢ ᠴᠢᠮᠠᠲᠤ ᠵᠠᠮ ᠣᠯᠤᠭᠠᠳ ᠥᠭᠭᠦᠶ᠎ᠡ》 ᠭᠡᠳ ᠲᠡᠳᠡ ᠬᠣᠶᠠᠷ ᠡᠪᠡᠰᠦᠨ ᠳᠤᠮᠳᠠᠭᠤᠷ ᠨᠢᠭᠤᠨ᠂ᠠᠭᠤᠯᠠᠨ ᠳᠤᠮᠳᠠᠭᠤᠷ ᠨᠢᠭᠤᠭᠠᠳ ᠶᠠᠭ ᠲᠡᠷᠡ ᠠᠷᠪᠠᠨ ᠬᠣᠶᠠᠷ ᠲᠣᠯᠣᠭᠠᠢ ᠲᠠᠢ ᠠᠷᠵᠠᠭᠠᠷ ᠬᠠᠷ᠎ᠠ ᠮᠠᠩᠭᠤᠰ ᠤ᠋ᠨ ᠠᠮᠢᠳᠤᠷᠠᠵᠤ ᠪᠠᠢᠭ᠎ᠠ ᠶᠡᠬᠡ ᠠᠭᠤᠯᠠᠨ ᠠᠭᠤᠢ ᠶ᠋ᠢᠨ ᠠᠮᠠᠨ ᠳ᠋ᠤ᠌ ᠬᠦᠷᠴᠡᠢ᠃ ᠬᠠᠷᠠᠴᠤ ᠶ᠋ᠢᠨ ᠬᠦᠦ᠄《ᠣᠳᠣ ᠴᠣᠬᠣᠮ ᠶᠠᠭᠠᠬᠢᠨ᠎ᠠ ᠪᠣᠢ?》 ᠭᠡᠰᠡᠨ ᠳ᠋ᠦ᠍ ᠦᠨᠡᠭᠡ᠄《ᠴᠢ ᠴᠣᠩᠬᠣ ᠪᠠᠷ ᠨᠢ ᠣᠷᠣ᠂ ᠪᠢ ᠡᠨᠳᠡ ᠮᠢᠷᠠᠵᠤ ᠪᠠᠢᠶ᠎ᠠ》 ᠭᠡᠵᠡᠢ᠃
       ᠬᠠᠷᠠᠴᠤ ᠶ᠋ᠢᠨ ᠬᠦᠦ ᠴᠣᠩᠬᠣ ᠪᠠᠷ ᠨᠢ ᠣᠷᠣᠭᠠᠳ ᠬᠦᠷᠦᠭᠰᠡᠨ ᠳ᠋ᠦ᠍ ᠬᠦᠢ! ᠣᠷᠳᠣᠨ ᠳᠣᠲᠣᠷ᠎ᠠ ᠠᠷᠪᠠᠨ ᠬᠣᠶᠠᠷ ᠲᠣᠯᠣᠭᠠᠢ ᠲᠠᠢ ᠠᠷᠵᠠᠭᠠᠷ ᠬᠠᠷ᠎ᠠ ᠮᠠᠩᠭᠤᠰ ᠤ᠋ᠳ ᠪᠥᠵᠢᠭ ᠦᠰᠦᠷᠴᠦ ᠪᠠᠢᠨ᠎ᠠ᠃ᠥᠨᠳᠥᠷ ᠳᠡᠭᠲᠡᠷ ᠳᠡᠭᠡᠷᠡᠬᠢ ᠱᠠᠲᠤ ᠲᠠᠢ ᠰᠢᠷᠡᠭᠡᠨ ᠳᠡᠭᠡᠷ᠎ᠡ ᠨᠠᠷᠠᠨ ᠤ᠋ ᠪᠠᠭ᠎ᠠ ᠬᠡᠦᠬᠡᠨ ᠢ᠋ ᠰᠠᠭᠤᠯᠭᠠᠴᠢᠬᠠᠭᠰᠠᠨ ᠪᠠᠢᠨ᠎ᠠ᠃ᠨᠠᠷᠠᠨ ᠤ᠋ ᠪᠠᠭ᠎ᠠ ᠬᠡᠦᠬᠡᠨ ᠢᠨᠢᠶᠡᠬᠦ ᠴᠦ᠍ ᠦᠭᠡᠢ ᠪᠠᠶᠠᠷᠯᠠᠬᠤ ᠴᠦ᠍ ᠦᠭᠡᠢ᠂ᠶᠡᠬᠡ ᠤᠢᠳᠬᠠᠷ ᠲᠠᠢ ᠴᠢᠷᠠᠢᠯᠠᠨ ᠰᠠᠭᠤᠵᠤ ᠪᠠᠢᠨ᠎ᠠ᠂ᠮᠠᠩᠨᠠᠢ ᠳᠡᠭᠡᠷ᠎ᠡ ᠨᠢ ᠨᠢᠭᠡ ᠰᠠᠢᠬᠠᠨ ᠭᠡᠷᠡᠯ ᠭᠠᠷᠤᠭᠰᠠᠨ ᠣᠳᠣ ᠲᠠᠢ ᠶᠤᠮ ᠪᠠᠢᠨ᠎ᠠ᠃
      ᠲᠡᠷᠡ ᠦᠭᠡ ᠬᠡᠯᠡᠳᠡᠭ ᠦᠨᠡᠭᠡ᠄《ᠠᠷᠪᠠᠨ ᠬᠣᠶᠠᠷ ᠲᠣᠯᠣᠭᠠᠢ ᠲᠠᠢ ᠠᠷᠵᠠᠭᠠᠷ ᠬᠠᠷ᠎ᠠ ᠮᠠᠩᠭᠤᠰ ᠤ᠋ᠨ ᠬᠥᠯ ᠳ᠋ᠦ᠍ ᠣᠷᠣᠵᠤ ᠪᠣᠯᠬᠤ ᠦᠭᠡᠢ᠂ᠲᠡᠭᠡᠪᠡᠯ ᠴᠢ ᠬᠢᠰᠬᠡᠭᠳᠡᠵᠦ ᠦᠬᠦᠨ᠎ᠡ᠃ᠴᠢ ᠬᠣᠯᠠ ᠬᠠᠪᠢᠷᠭ᠎ᠠ ᠶ᠋ᠢ ᠨᠢ ᠳᠠᠭᠠᠭᠠᠳ ᠶᠠᠪᠤᠵᠤ ᠪᠠᠢ》 ᠭᠡᠵᠡᠢ᠃
      ᠬᠠᠷᠠᠴᠤ ᠶ᠋ᠢᠨ ᠬᠦᠦ ᠮᠠᠩᠭᠤᠰ ᠤ᠋ᠳ ᠤ᠋ᠨ ᠬᠠᠵᠠᠭᠤ ᠶ᠋ᠢ ᠳᠠᠭᠠᠭᠠᠳ ᠳᠡᠭᠲᠡᠷ ᠦ᠋ᠨ ᠳᠡᠷᠭᠡᠳᠡ ᠣᠴᠢᠭᠠᠳ ᠨᠢᠭᠡ ᠮᠠᠩᠭᠤᠰ ᠢ᠋᠄《ᠴᠢ ᠨᠠᠮᠠᠶ᠋ᠢ ᠡᠷᠭᠦᠭᠡᠳ ᠡᠨᠡ ᠳᠡᠭᠲᠡᠷ ᠳᠡᠭᠡᠷ᠎ᠡ ᠭᠠᠷᠭᠠᠴᠢᠬ᠎ᠠ》 ᠭᠡᠵᠡᠢ᠃ᠲᠡᠭᠡᠭᠡᠳ ᠲᠡᠷᠡ ᠠᠷᠪᠠᠨ ᠬᠣᠶᠠᠷ ᠲᠣᠯᠣᠭᠠᠢ ᠲᠠᠢ ᠠᠷᠵᠠᠭᠠᠷ ᠬᠠᠷ᠎ᠠ ᠮᠠᠩᠭᠤᠰ ᠶᠠᠭᠤ ᠶ᠋ᠢ ᠨᠢ ᠴᠦ᠍ ᠮᠡᠳᠡᠭᠰᠡᠨ ᠦᠭᠡᠢ ᠲᠡᠭᠦᠨ ᠢ᠋ ᠡᠷᠭᠦᠭᠡᠳ ᠳᠡᠭᠲᠡᠷ ᠳᠡᠭᠡᠷ᠎ᠡ ᠭᠠᠷᠭᠠᠭᠰᠠᠨ ᠳ᠋ᠤ᠌᠂ᠨᠠᠷᠠᠨ ᠤ᠋ ᠪᠠᠭ᠎ᠠ ᠬᠡᠦᠬᠡᠨ ᠰᠢᠷᠡᠭᠡᠨ ᠡᠴᠡ ᠪᠡᠨ ᠪᠠᠭᠤᠵᠤ ᠢᠷᠡᠭᠡᠳ ᠡᠨᠡ ᠬᠠᠷᠠᠴᠤ ᠠᠷᠠᠳ ᠤ᠋ᠨ ᠬᠦᠦ ᠲᠡᠢ ᠪᠥᠵᠢᠭ ᠦᠰᠦᠷᠴᠡᠢ᠃ᠲᠡᠷᠡ ᠬᠣᠶᠠᠭᠤᠯᠠ ᠶᠡᠬᠡ ᠯᠡ ᠨᠠᠷᠭᠢᠯᠳᠤᠵᠤ ᠪᠥᠵᠢᠭ ᠦᠰᠦᠷᠦᠭᠰᠡᠨ ᠳ᠋ᠦ᠍ ᠪᠦᠬᠦ ᠠᠭᠤᠢ ᠳᠣᠲᠣᠷᠠᠬᠢ ᠮᠠᠩᠭᠤᠰ ᠤ᠋ᠳ ᠪᠦᠷ ᠭᠠᠢᠬᠠᠵᠤ᠂ᠡᠨᠡ ᠨᠠᠷᠠᠨ ᠤ᠋ ᠪᠠᠭ᠎ᠠ ᠬᠡᠦᠬᠡᠨ ᠬᠡᠴᠢᠨᠡᠨ ᠬᠣᠨᠣᠭ ᠢ᠋ᠶ᠋ᠠᠷ ᠪᠠᠶᠠᠰᠬᠤ ᠦᠭᠡᠢ ᠪᠠᠢᠭᠠᠳ ᠥᠨᠥ ᠡᠳᠦᠷ ᠶᠠᠭᠠᠬᠢᠭᠠᠳ ᠡᠢᠮᠦ ᠶᠡᠬᠡ ᠪᠠᠶᠠᠷᠲᠠᠢ ᠪᠠᠢᠳᠠᠭ ᠪᠣᠢ ᠭᠡᠳ ᠭᠠᠢᠬᠠᠯᠳᠤᠵᠤ ᠪᠠᠢᠲᠠᠯ᠎ᠠ ᠦᠭᠡ ᠬᠡᠯᠡᠳᠡᠭ ᠦᠨᠡᠭᠡ ᠴᠣᠩᠬᠣ ᠪᠠᠷ ᠣᠷᠣᠵᠤ ᠢᠷᠡᠭᠡᠳ ᠪᠦᠬᠦ ᠠᠭᠤᠢ ᠳᠣᠲᠣᠷᠠᠬᠢ ᠭᠡᠷᠡᠯ ᠢ᠋ ᠨᠢ ᠪᠦᠷ ᠤᠨᠲᠠᠷᠠᠭᠠᠴᠢᠬᠠᠵᠠᠢ᠃ᠬᠠᠷᠠᠩᠭᠤᠢ ᠳᠣᠲᠣᠷ᠎ᠠ ᠲᠡᠷᠡ ᠲᠣᠮᠣ ᠪᠡᠶ᠎ᠡ ᠲᠡᠢ ᠮᠠᠩᠭᠤᠰ ᠤ᠋ᠳ ᠵᠠᠮ ᠢ᠋ᠶ᠋ᠠᠨ ᠣᠯᠬᠤ ᠦᠭᠡᠢ᠂ ᠭᠢᠰᠬᠢᠬᠦ ᠭᠠᠵᠠᠷ ᠢ᠋ᠶ᠋ᠠᠨ ᠴᠤ᠌ ᠣᠯᠬᠤ ᠦᠭᠡᠢ ᠪᠠᠢᠲᠠᠯ᠎ᠠ ᠬᠠᠷᠠᠴᠤ ᠠᠷᠠᠳ ᠤ᠋ᠨ ᠬᠦᠦ ᠨᠠᠷᠠᠨ ᠤ᠋ ᠪᠠᠭ᠎ᠠ ᠬᠡᠦᠬᠡᠨ ᠢ᠋ ᠳᠠᠭᠠᠭᠤᠯᠤᠭᠠᠳ ᠲᠡᠷᠡ ᠬᠡᠦᠬᠡᠨ ᠦ᠌ ᠮᠠᠩᠨᠠᠢ ᠶ᠋ᠢᠨ ᠭᠡᠷᠡᠯ ᠢ᠋ᠶ᠋ᠡᠷ ᠵᠠᠮ ᠢ᠋ᠶ᠋ᠠᠨ ᠣᠯᠤᠭᠠᠳ ᠦᠭᠡ ᠬᠡᠯᠡᠳᠡᠭ ᠦᠨᠡᠭᠡ ᠲᠡᠢ ᠪᠡᠨ ᠭᠤᠷᠪᠠᠭᠤᠯᠠ ᠠᠯᠲᠠᠨ ᠣᠷᠳᠣᠨ ᠳ᠋ᠤ᠌ ᠪᠠᠨ ᠢᠷᠡᠵᠡᠢ᠃
       ᠨᠠᠷᠠᠨ ᠤ᠋ ᠬᠡᠦᠬᠡᠨ ᠦ᠌ ᠶᠡᠬᠡ ᠡᠭᠡᠴᠢ ᠨᠢ ᠪᠠᠶᠠᠷᠯᠠᠭᠠᠳ᠄《ᠵᠠ᠂ᠡᠭᠦᠨ ᠡᠴᠡ ᠬᠣᠢᠨ᠎ᠠ10 ᠵᠢᠯ ᠦ᠋ᠨ ᠳᠠᠷᠠᠭ᠎ᠠ ᠲᠠ ᠬᠣᠶᠠᠷ ᠬᠡᠷᠪᠡ ᠨᠢᠭᠡ ᠨᠢᠭᠡ ᠶ᠋ᠢ ᠪᠡᠨ ᠲᠣᠭᠣᠵᠤ ᠬᠠᠢᠷᠠᠯᠠᠳᠠᠭ ᠪᠣᠯ ᠲᠦᠰᠢᠯᠴᠡᠵᠦ ᠠᠮᠢᠳᠤᠷᠠ᠂ᠲᠡᠷᠡ ᠦᠶᠡᠰ ᠮᠢᠨᠦ ᠬᠡᠦᠬᠡᠨ ᠳᠡᠭᠦᠦ ᠲᠠᠨ ᠤ᠋ ᠤᠯᠤᠰ ᠲᠤ᠌ ᠬᠦᠷᠦᠨ᠎ᠡ᠂ᠲᠠ ᠤᠯᠤᠰ ᠠ᠋ᠴᠠ ᠪᠠᠨ ᠢᠷᠡᠭᠡᠳ ᠬᠠᠮᠲᠤ ᠪᠠᠷ ᠠᠮᠢᠳᠤᠷᠠ》 ᠭᠡᠰᠡᠨ ᠳ᠋ᠦ᠍ ᠬᠠᠷᠠᠴᠤ ᠶ᠋ᠢᠨ ᠬᠦᠦ᠄《ᠲᠡᠷᠡ ᠦᠶᠡᠰ ᠴᠣᠬᠣᠮ ᠨᠢᠭᠡ ᠨᠢᠭᠡ ᠶ᠋ᠢ ᠪᠡᠨ ᠬᠠᠢᠷᠠᠯᠠᠬᠤ ᠡᠰᠡᠬᠦ᠂ᠡᠢᠮᠦ ᠵᠥᠩᠨᠡᠯ ᠪᠡᠯᠭᠡᠳᠡᠯ ᠪᠠᠢᠬᠤ ᠡᠰᠡᠬᠦ ᠶ᠋ᠢ ᠪᠢ ᠮᠡᠳᠡᠬᠦ ᠦᠭᠡᠢ ᠪᠠᠢᠨ᠎ᠠ》 ᠭᠡᠪᠡ᠃
       ᠡᠭᠡᠴᠢ ᠨᠢ᠄《ᠶᠠᠭᠤ ᠪᠣᠯᠤᠭᠰᠠᠨ ᠴᠤ᠌ ᠴᠢ ᠮᠢᠨᠦ ᠳᠡᠭᠦᠦ ᠶ᠋ᠢ ᠠᠪᠤᠷᠠᠭᠰᠠᠨ ᠪᠣᠯᠬᠣᠷ ᠡᠨᠡ ᠠᠯᠲᠠᠨ ᠲᠠᠬᠢᠶ᠎ᠠ ᠶ᠋ᠢ ᠠᠪᠤᠭᠠᠳ ᠶᠠᠪᠤᠭᠠᠷᠠᠢ!》ᠭᠡᠰᠡᠨ ᠳ᠋ᠦ᠍᠂ᠬᠠᠷᠠᠴᠤ ᠶ᠋ᠢᠨ ᠬᠦᠦ ᠥᠳᠥ ᠪᠡᠨ ᠭᠡᠭᠡᠭᠰᠡᠨ ᠠᠯᠲᠠᠨ ᠲᠠᠬᠢᠶ᠎ᠠ ᠪᠠᠨ ᠲᠡᠪᠡᠷᠢᠭᠡᠳ ᠦᠭᠡ ᠬᠡᠯᠡᠳᠡᠭ ᠦᠨᠡᠭᠡ ᠲᠡᠢ ᠪᠡᠨ ᠬᠠᠭᠠᠨ ᠤ᠋ ᠣᠷᠳᠣᠨ ᠳ᠋ᠤ᠌ ᠢᠷᠡᠭᠡᠳ ᠦᠵᠡᠭᠰᠡᠨ ᠳ᠋ᠦ᠍ ᠦᠨᠡᠬᠡᠷ ᠨᠢᠭᠡ ᠥᠳᠥ ᠪᠡᠨ ᠭᠡᠭᠡᠭᠰᠡᠨ ᠠᠯᠲᠠᠨ ᠲᠠᠬᠢᠶ᠎ᠠ ᠪᠠᠢᠪᠠ᠃ᠲᠡᠭᠡᠭᠡᠳ ᠬᠠᠷᠠᠴᠤ ᠶ᠋ᠢᠨ ᠬᠦᠦ ᠶᠠᠪᠤᠵᠤ ᠥᠩᠭᠡᠷᠡᠭᠰᠡᠨ ᠪᠦᠬᠦ ᠶᠠᠪᠤᠴᠠ ᠪᠠᠨ ᠬᠡᠯᠡᠭᠰᠡᠨ ᠳ᠋ᠦ᠍ ᠬᠠᠭᠠᠨ ᠵᠢᠭᠠᠬᠠᠨ ᠠᠲᠠᠭᠠᠷᠬᠠᠵᠤ᠂ᠡᠨᠡ ᠬᠠᠷᠠᠴᠤ ᠶ᠋ᠢᠨ ᠬᠦᠦ ᠡᠢᠮᠦ ᠶᠡᠬᠡ ᠴᠢᠳᠠᠯ ᠲᠠᠢ᠂ᠠᠯᠲᠠᠨ ᠲᠠᠬᠢᠶ᠎ᠠ ᠣᠯᠵᠤ ᠠᠪᠤᠭᠠᠳ ᠢᠷᠡᠭᠰᠡᠨ᠂ᠬᠡᠷᠪᠡ ᠮᠢᠨᠦ ᠬᠦᠦ ᠢᠩᠭᠢᠵᠦ ᠴᠢᠳᠠᠪᠠᠯ ᠪᠣᠯᠬᠤ ᠯᠠ ᠪᠠᠢᠭᠰᠠᠨ ᠭᠡᠵᠦ ᠪᠣᠳᠣᠵᠠᠢ᠃
ᠬᠠᠷᠠᠵᠤ ᠪᠠᠢᠲᠠᠯ᠎ᠠ10ᠵᠢᠯ ᠨᠢ ᠥᠩᠭᠡᠷᠡᠴᠢᠬᠡᠯ᠎ᠡ᠃ᠭᠡᠨᠡᠳᠲᠡ ᠨᠢᠭᠡᠨ ᠡᠳᠦᠷ ᠲᠩᠷᠢ ᠳᠡᠭᠡᠷ᠎ᠡ ᠡᠭᠦᠯᠡ ᠰᠠᠯᠬᠢ ᠬᠥᠯᠭᠡᠯᠡᠭᠰᠡᠨ ᠰᠠᠢᠬᠠᠨ ᠳᠠᠭᠤ ᠭᠠᠷᠤᠭᠰᠠᠨ ᠳ᠋ᠤ᠌᠂ᠪᠦᠭᠦᠳᠡᠭᠡᠷ ᠭᠠᠷᠤᠭᠠᠳ ᠬᠠᠷᠠᠭᠰᠠᠨ ᠴᠢᠨᠢ ᠨᠠᠷᠠᠨ ᠤ᠋ ᠪᠠᠭ᠎ᠠ ᠬᠡᠦᠬᠡᠨ ᠪᠦᠷ ᠰᠠᠢᠬᠠᠨ ᠬᠠᠰᠠᠭ ᠲᠡᠷᠭᠡ ᠪᠡᠷ ᠡᠭᠦᠯᠡ ᠬᠥᠯᠭᠡᠯᠡᠴᠢᠬᠡᠭᠰᠡᠨ ᠬᠦᠷᠦᠭᠡᠳ ᠢᠷᠡᠵᠡᠢ᠃ᠲᠡᠭᠡᠭᠡᠳ ᠬᠠᠷᠠᠴᠤ ᠶ᠋ᠢᠨ ᠬᠦᠦ ᠳ᠋ᠦ᠍᠄《ᠵᠠ᠂10 ᠵᠢᠯ ᠦ᠋ᠨ ᠡᠮᠦᠨ᠎ᠡ  ᠨᠠᠮᠠᠶ᠋ᠢ ᠠᠪᠤᠷᠠᠭᠰᠠᠨ ᠠᠴᠢᠲᠤ ᠬᠥᠮᠦᠨ ᠪᠣᠯ ᠲᠠ ᠮᠥᠨ᠃ᠲᠠ ᠮᠠᠨ ᠤ᠋ ᠳ᠋ᠤ᠌ ᠣᠴᠢᠭᠠᠷᠠᠢ!》 ᠭᠡᠵᠦ ᠤᠷᠢᠭᠰᠠᠨ ᠳ᠋ᠤ᠌᠂ᠬᠠᠭᠠᠨ ᠶᠡᠬᠡ ᠠᠲᠠᠭᠠᠷᠬᠠᠵᠠᠢ᠃ᠡᠨᠡ ᠶᠠᠭ ᠮᠢᠨᠦ ᠬᠦᠦ ᠶᠠᠪᠤᠪᠠᠯ ᠲᠠᠭᠠᠷᠠᠬᠤ ᠪᠠᠢᠭᠰᠠᠨ ᠶᠤᠮ᠃ᠭᠡᠲᠡᠯ᠎ᠡ ᠬᠠᠷᠠᠴᠤ ᠶ᠋ᠢᠨ ᠬᠦᠦ ᠶᠠᠪᠤᠴᠢᠬᠠᠯ᠎ᠠ ᠭᠡᠳ ᠨᠠᠷᠠᠨ ᠤ᠋ ᠪᠠᠭ᠎ᠠ ᠬᠡᠦᠬᠡᠨ ᠢ᠋ ᠭᠠᠷᠲᠠᠭᠠᠬᠤ ᠪᠠᠷ ᠭᠤᠷᠪᠠᠨ ᠶᠡᠬᠡ ᠰᠢᠯᠭᠠᠯᠲᠠ ᠥᠭᠴᠡᠢ᠃
       ᠨᠠᠷᠠᠨ ᠤ᠋ ᠪᠠᠭ᠎ᠠ ᠬᠡᠦᠬᠡᠨ᠄《ᠪᠢ ᠲᠠᠨ ᠤ᠋ ᠤᠯᠤᠰ ᠤ᠋ᠨ ᠬᠥᠮᠦᠨ ᠪᠢᠰᠢ᠂ᠲᠠᠨ ᠤ᠋ ᠵᠠᠷᠯᠢᠭ ᠢ᠋ ᠴᠦ᠍ ᠳᠠᠭᠠᠬᠤ ᠪᠠᠷ ᠦᠭᠡᠢ᠃ ᠭᠡᠲᠡᠯ᠎ᠡ ᠲᠠ ᠬᠡᠯᠡᠵᠦ ᠦᠵᠡ》 ᠭᠡᠰᠡᠨ ᠳ᠋ᠦ᠍ ᠬᠠᠭᠠᠨ᠄
1.《ᠮᠠᠷᠭᠠᠰᠢ ᠥᠷᠯᠥᠭᠡ ᠡᠷᠲᠡ ᠨᠠᠷᠠ ᠭᠠᠷᠬᠤ ᠳ᠋ᠤ᠌ ᠮᠠᠨ ᠤ᠋ ᠤᠯᠤᠰ ᠤ᠋ᠨ ᠪᠦᠬᠦ ᠣᠢ ᠮᠣᠳᠣ ᠶ᠋ᠢ ᠪᠦᠷ ᠳᠠᠷᠢᠴᠢᠬ᠎ᠠ᠂ᠢᠩᠭᠢᠭᠡᠳ ᠪᠢ ᠲᠠᠷᠢᠭᠰᠠᠨ ᠢ᠋ ᠴᠢᠨᠢ ᠦᠵᠡᠴᠢᠬᠡᠪᠡᠯ᠂ ᠴᠢ ᠪᠦᠷ ᠤᠷᠭᠤᠭᠤᠯᠴᠢᠬ᠎ᠠ》
2.《ᠴᠢ ᠮᠠᠨ ᠤ᠋ ᠤᠯᠤᠰ ᠤ᠋ᠨ ᠪᠦᠬᠦ ᠭᠣᠣᠯ ᠮᠥᠷᠡᠨ ᠦ᠌ ᠤᠰᠤ ᠶ᠋ᠢ ᠪᠦᠷ ᠰᠢᠷᠭᠢᠭᠡᠴᠢᠬᠡ! ᠪᠢ ᠦᠵᠡᠭᠰᠡᠨ ᠦ᠌ ᠳᠠᠷᠠᠭ᠎ᠠ ᠳᠠᠬᠢᠨ ᠤᠰᠤ ᠲᠠᠢ ᠪᠣᠯᠭ᠎ᠠ》 
3.《ᠮᠠᠨ ᠤ᠋ ᠤᠯᠤᠰ ᠲᠤ᠌ ᠪᠠᠢᠭ᠎ᠠ ᠰᠢᠪᠠᠭᠤᠳ ᠢ᠋ ᠪᠦᠷ ᠰᠢᠲᠠᠭᠠᠭᠠᠳ ᠠᠯᠠᠴᠢᠬ᠎ᠠ᠂ ᠪᠢ ᠪᠦᠷ ᠦᠨᠡᠰᠦᠨ ᠲᠣᠪᠷᠠᠭ ᠪᠣᠯᠤᠭᠰᠠᠨ ᠢ᠋ ᠦᠵᠡᠭᠰᠡᠨ ᠦ᠌ ᠳᠠᠷᠠᠭ᠎ᠠ ᠳᠠᠬᠢᠨ ᠠᠮᠢᠳᠤᠷᠠᠭᠤᠯᠴᠢᠬ᠎ᠠ》 ᠭᠡᠪᠡ᠃
ᠡᠨᠡ ᠦᠶ᠎ᠡ ᠳ᠋ᠦ᠍ ᠨᠠᠷᠠᠨ ᠤ᠋ ᠪᠠᠭ᠎ᠠ ᠬᠡᠦᠬᠡᠨ᠄《ᠨᠠᠷᠠᠨ ᠭᠡᠷᠡᠯ ᠪᠣᠯ ᠬᠥᠮᠦᠨ ᠠᠮᠢᠲᠠᠨ ᠢ᠋ ᠢᠪᠡᠭᠡᠨ ᠲᠡᠳᠬᠦᠵᠦ ᠡᠪᠡᠰᠦ ᠤᠷᠭᠤᠮᠠᠯ ᠢ᠋ ᠠᠮᠢᠳᠤᠷᠠᠭᠤᠯᠳᠠᠭ ᠠ᠋ᠴᠠ ᠪᠢᠰᠢ ᠬᠣᠣᠷᠯᠠᠳᠠᠭ ᠶᠠᠭᠤᠮ᠎ᠠ ᠪᠢᠰᠢ ᠪᠣᠯᠬᠣᠷ ᠪᠢ ᠡᠭᠦᠨ ᠢ᠋ ᠬᠢᠵᠦ ᠴᠢᠳᠠᠬᠤ ᠦᠭᠡᠢ》 ᠭᠡᠵᠡᠢ᠃
        ᠲᠡᠭᠡᠭᠡᠳ ᠬᠠᠭᠠᠨ ᠪᠠᠰᠠ ᠶᠠᠭᠠᠬᠢᠬᠤ ᠶ᠋ᠢᠨ ᠠᠷᠭ᠎ᠠ ᠦᠭᠡᠢ ᠪᠠᠢᠲᠠᠯ᠎ᠠ ᠬᠦᠦ ᠨᠢ᠄《 ᠠᠪᠤ ᠠ᠋! ᠲᠠ ᠢᠩᠭᠢᠵᠦ ᠪᠣᠯᠬᠤ ᠦᠭᠡᠢ ᠰᠢᠦ》 ᠭᠡᠵᠦ ᠢᠳᠬᠠᠪᠠ᠃ ᠢᠩᠭᠢᠬᠦ ᠳ᠋ᠤ᠌ ᠨᠠᠷᠠᠨ ᠤ᠋ ᠪᠠᠭ᠎ᠠ ᠬᠡᠦᠬᠡᠨ᠄《ᠬᠠᠭᠠᠨ ᠲᠠᠨ ᠤ᠋ ᠬᠡᠯᠡᠭᠰᠡᠨ ᠢ᠋ ᠪᠡᠶᠡᠯᠡᠭᠦᠯᠵᠦ ᠴᠢᠳᠠᠬᠤ ᠦᠭᠡᠢ ᠴᠦ᠍ ᠪᠢ ᠪᠠᠰᠠ ᠭᠤᠷᠪᠠᠨ ᠵᠦᠢᠯ ᠦ᠋ᠨ ᠣᠢᠷᠠᠯᠴᠠᠭ᠎ᠠ ᠶᠠᠭᠤᠮ᠎ᠠ ᠶ᠋ᠢ ᠬᠢᠵᠦ ᠥᠭᠭᠦᠶ᠎ᠡ》 ᠭᠡᠵᠡᠢ᠃
1.《ᠬᠠᠭᠠᠨ ᠤ᠋ ᠣᠷᠳᠣᠨ ᠳ᠋ᠤ᠌ ᠪᠠᠢᠭ᠎ᠠ ᠮᠣᠳᠣᠨ ᠬᠡᠷᠡᠭᠰᠡᠯ ᠪᠦᠷ ᠪᠠᠯᠪᠠᠷᠠᠵᠤ ᠬᠣᠶᠠᠷ ᠬᠡᠰᠡᠭ ᠪᠣᠯ》 ᠭᠡᠰᠡᠨ ᠳ᠋ᠦ᠍ ᠬᠠᠭᠠᠨ ᠤ᠋ ᠰᠠᠭᠤᠳᠠᠭ ᠰᠠᠨᠳᠠᠯᠢ᠂ ᠪᠦᠬᠦ ᠠᠪᠳᠠᠷ᠎ᠠ ᠬᠣᠷᠭᠣ ᠨᠢ ᠬᠣᠶᠠᠷ ᠬᠡᠰᠡᠭ ᠪᠣᠯᠵᠠᠢ᠃
2.《ᠡᠨᠡ ᠣᠷᠳᠣᠨ ᠳ᠋ᠤ᠌ ᠪᠠᠢᠭ᠎ᠠ ᠮᠣᠳᠣᠨ ᠬᠡᠷᠡᠭᠰᠡᠯ ᠰᠦᠢᠷᠡᠭᠰᠡᠨ ᠢ᠋ᠶ᠋ᠡᠷ ᠪᠠᠷᠠᠬᠤ ᠦᠭᠡᠢ ᠪᠦᠷ ᠰᠢᠲᠠ》 ᠭᠡᠰᠡᠨ ᠳ᠋ᠦ᠍ ᠪᠦᠬᠦ ᠣᠷᠳᠣᠨ ᠳ᠋ᠤ᠌ ᠭᠠᠯ ᠭᠠᠷᠭᠠᠴᠢᠬᠠᠵᠠᠢ᠃ᠬᠠᠭᠠᠨ ᠰᠠᠨᠳᠤᠷᠴᠤ《ᠭᠠᠯ ᠤᠨᠲᠠᠷᠠᠭ᠎ᠠ》 ᠭᠡᠵᠦ ᠪᠠᠷᠬᠢᠷᠠᠨ  ᠬᠠᠰᠬᠢᠷᠤᠨ ᠵᠠᠷᠯᠢᠭ ᠪᠠᠭᠤᠯᠭᠠᠵᠠᠢ᠃
3.《ᠡᠨᠡ ᠬᠠᠭᠠᠨ ᠤ᠋ ᠣᠷᠳᠣᠨ ᠳ᠋ᠤ᠌ ᠪᠠᠢᠭ᠎ᠠ ᠱᠤᠭᠤᠮᠠᠯ ᠪᠠ ᠵᠢᠷᠤᠭ ᠲᠠᠬᠢ ᠰᠢᠪᠠᠭᠤᠳ ᠪᠦᠷ ᠠᠮᠢᠯᠠ》 ᠭᠡᠰᠡᠨ ᠳ᠋ᠦ᠍ ᠪᠦᠷ ᠠᠮᠢᠯᠠᠭᠠᠳ ᠨᠢᠰᠦᠭᠡᠳ ᠶᠠᠪᠤᠴᠢᠬᠠᠪᠠ᠃
 ᠬᠠᠭᠠᠨ ᠤ᠋ ᠬᠦᠦ ᠨᠢ ᠬᠠᠭᠠᠨ ᠠᠪᠤ ᠶ᠋ᠢᠨ ᠢ᠋ᠶ᠋ᠡᠨ ᠡᠮᠦᠨ᠎ᠡ ᠡᠴᠡ ᠨᠠᠷᠠᠨ ᠤ᠋ ᠪᠠᠭ᠎ᠠ ᠬᠡᠦᠬᠡᠨ ᠢ᠋ ᠭᠤᠶᠤᠵᠠᠢ᠃ᠨᠠᠷᠠᠨ ᠤ᠋ ᠬᠡᠦᠬᠡᠨ ᠬᠦᠦ ᠶ᠋ᠢᠨ ᠭᠤᠶᠤᠯᠲᠠ ᠪᠠᠷ ᠣᠷᠳᠣᠨ ᠳ᠋ᠠᠬᠢ ᠮᠣᠳᠣᠨ ᠬᠡᠷᠡᠭᠰᠡᠯ ᠢ᠋ ᠪᠦᠲᠦᠨ ᠪᠣᠯᠭᠠᠵᠤ᠂ᠭᠠᠯ ᠢ᠋ ᠨᠢ ᠤᠨᠲᠠᠷᠠᠭᠠᠭᠠᠳ ᠬᠠᠷᠠᠴᠤ ᠠᠷᠠᠳ ᠤ᠋ᠨ ᠬᠦᠦ ᠬᠣᠶᠠᠭᠤᠯᠠ ᠮᠣᠷᠢᠨ ᠲᠡᠷᠭᠡᠨ ᠳ᠋ᠦ᠍ ᠪᠡᠨ ᠰᠠᠭᠤᠨ ᠡᠭᠦᠯᠡ ᠬᠥᠯᠭᠡᠯᠡᠭᠡᠳ ᠨᠠᠷᠠᠨ ᠤᠯᠤᠰ ᠲᠠᠭᠠᠨ ᠶᠠᠪᠤᠵᠠᠢ᠃ ᠨᠠᠷᠠᠨ ᠤᠯᠤᠰ ᠭᠡᠭᠴᠢ ᠶᠡᠬᠡ ᠬᠣᠯᠠ᠂ᠨᠠᠷᠠᠨ ᠵᠦᠭ ᠲᠦ᠍ ᠪᠠᠢᠳᠠᠭ ᠭᠡᠨ᠎ᠡ᠃
  ᠲᠡᠳᠡᠨ ᠢ᠋ ᠶᠠᠪᠤᠭᠰᠠᠨ ᠠ᠋ᠴᠠ ᠬᠣᠢᠰᠢ ᠬᠦᠦ ᠶ᠋ᠢᠨ ᠢ᠋ᠶ᠋ᠡᠨ ᠢᠳᠬᠠᠯ᠂ᠨᠠᠷᠠᠨ ᠤ᠋ ᠪᠠᠭ᠎ᠠ ᠬᠡᠦᠬᠡᠨ ᠦ᠌ ᠬᠡᠯᠡᠭᠰᠡᠨ ᠶᠣᠰᠣᠭᠠᠷ ᠬᠠᠭᠠᠨ ᠤᠬᠠᠭᠠᠷᠠᠵᠤ ᠠᠮᠢᠲᠠᠨ ᠤᠷᠭᠤᠮᠠᠯ ᠢ᠋ ᠬᠥᠨᠥᠭᠡᠬᠦ ᠪᠡᠨ ᠪᠠᠢᠵᠤ ᠠᠷᠠᠳ ᠢᠷᠡᠭᠡᠳ ᠢ᠋ᠶ᠋ᠡᠨ ᠬᠠᠮᠢᠶᠠᠷᠤᠭᠠᠳ ᠤᠯᠤᠰ ᠭᠡᠷ ᠲᠦ᠍ ᠪᠡᠨ ᠵᠢᠷᠭᠠᠨ ᠰᠠᠭᠤᠵᠤ ᠭᠡᠨ᠎ᠡ᠃
       ᠨᠠᠷᠠᠨ ᠤ᠋ ᠬᠡᠦᠬᠡᠨ ᠬᠠᠷᠠᠴᠤ ᠶ᠋ᠢᠨ ᠬᠦᠦ ᠲᠡᠢ ᠠᠮᠢᠳᠤᠷᠠᠭᠰᠠᠨ ᠡᠰᠡᠬᠦ ᠶ᠋ᠢ ᠮᠡᠳᠡᠬᠦ ᠦᠭᠡᠢ᠂ᠭᠡᠪᠡᠴᠦ ᠲᠡᠳᠡ ᠬᠣᠶᠠᠭᠤᠯᠠ ᠠᠯᠤᠰ ᠬᠣᠯᠠ ᠶ᠋ᠢᠨ ᠨᠠᠷᠠᠨ ᠤᠯᠤᠰ ᠲᠤ᠌ ᠬᠦᠷᠦᠭᠡᠳ ᠥᠪᠡᠷ ᠥᠪᠡᠷ ᠦ᠋ᠨ ᠢ᠋ᠶ᠋ᠡᠨ ᠬᠦᠰᠡᠯ ᠵᠥᠩᠨᠡᠯ ᠢ᠋ᠶ᠋ᠡᠷ ᠢ᠋ᠶ᠋ᠡᠨ ᠡᠷᠬᠡ ᠴᠢᠯᠥᠭᠡ ᠲᠡᠢ ᠠᠮᠢᠳᠤᠷᠠᠨ ᠵᠢᠷᠭᠠᠵᠤ ᠭᠡᠨ᠎ᠡ᠃

         ᠦᠯᠢᠭᠡᠷ ᠬᠤᠪᠢᠶᠠᠯᠴᠠᠭᠴᠢ᠄ ᠰᠣᠶᠣᠯ᠎ᠠ
         ᠦᠰᠦᠭ ᠠᠮᠢᠯᠠᠭᠤᠯᠤᠭᠴᠢ᠄ ᠵᠢᠩᠯᠢᠬᠤᠸᠠᠷ
          ᠬᠢᠨᠠᠭᠴᠢ᠄ ᠠᠷᠢᠭᠤᠨ