ᠪᠠᠷ ᠴᠡᠴᠡᠭБэр цэцэгBer tsetseg
ᠪᠠᠷ ᠴᠡᠴᠡᠭ
ᠲᠤᠰ ᠡᠮ ᠪᠣᠯ ᠬᠣᠯᠲᠣᠰᠣᠨ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠪᠠᠷ ᠴᠡᠴᠡᠭ ᠦ᠋ᠨ ᠬᠠᠲᠠᠭᠠᠭᠰᠠᠨ ᠴᠡᠴᠡᠭ ᠪᠦᠬᠦᠢ ᠪᠦᠬᠦᠯᠢ ᠡᠪᠡᠰᠦ ᠮᠥᠨ᠃ ᠪᠠᠰᠠ ᠳ᠋ᠢᠮᠤᠰᠠ᠂ ᠳ᠋ᠢᠩᠯᠠᠵᠠᠨ᠂ ᠵᠠᠭᠠᠩ ᠭᠡᠳᠡᠭ᠃
[ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃35~65cm ᠥᠨᠳᠥᠷ᠂ ᠡᠰᠢ ᠨᠢ ᠰᠡᠢᠷᠡᠭᠬᠡᠨ ᠰᠠᠯᠠᠭᠠᠯᠠᠨ᠎ᠠ᠃ ᠤᠵᠠᠭᠤᠷ ᠠ᠋ᠴᠠ ᠤᠷᠭᠤᠭᠰᠠᠨ ᠨᠠᠪᠴᠢ ᠪᠠ ᠳᠣᠣᠷ᠎ᠠ ᠬᠡᠰᠡᠭ ᠦ᠋ᠨ ᠨᠠᠪᠴᠢ ᠨᠢ ᠤᠷᠲᠤ ᠪᠠᠷᠢᠭᠤᠯ ᠲᠠᠢ᠃ ᠨᠠᠪᠴᠢᠨ ᠢᠯᠲᠠᠰᠤ ᠨᠢ ᠲᠣᠭᠣᠷᠢᠭ ᠪᠥᠭᠡᠷᠡᠨ ᠬᠡᠯᠪᠡᠷᠢ ᠲᠡᠢ᠂2.2~6cm ᠤᠷᠲᠤ᠂4~8cm ᠥᠷᠭᠡᠨ᠂3 ᠭᠦᠢᠴᠡᠳ ᠣᠨᠢ ᠲᠠᠢ᠂ ᠰᠡᠵᠢᠭᠦᠷ ᠢᠯᠲᠠᠰᠤ ᠨᠢ ᠨᠠᠷᠢᠨ ᠣᠨᠢ ᠭᠠᠷᠤᠨ᠎ᠠ᠃ ᠵᠢᠵᠢᠭ ᠰᠡᠵᠢᠭᠦᠷ ᠢᠯᠲᠠᠰᠤ ᠨᠢ ᠪᠦᠰᠡ ᠬᠡᠯᠪᠡᠷᠢ ᠲᠡᠢ᠂0.6~2.5cm ᠥᠷᠭᠡᠨ᠃ ᠴᠠᠴᠤᠭ ᠬᠡᠯᠪᠡᠷᠢᠲᠦ ᠪᠠᠭ ᠴᠡᠴᠡᠭ ᠨᠢ3~15 ᠬᠦᠢᠰ ᠴᠡᠴᠡᠭ ᠲᠡᠢ᠂ ᠴᠡᠴᠡᠭ ᠦ᠋ᠨ ᠲᠡᠩᠭᠡᠯᠢᠭ ᠪᠣᠯᠤᠨ ᠴᠡᠴᠡᠭ ᠦ᠋ᠨ ᠪᠠᠷᠢᠭᠤᠯ ᠳᠡᠭᠡᠷ᠎ᠡ ᠨᠢ ᠰᠥᠷᠭᠡᠦ ᠤᠷᠭᠤᠭᠰᠠᠨ ᠵᠥᠭᠡᠯᠡᠨ ᠦᠰᠦ ᠲᠡᠢ᠂ ᠴᠡᠴᠡᠭ ᠨᠢ ᠲᠡᠭᠰᠢ ᠭᠡᠮ ᠲᠡᠢ᠂ ᠵᠢᠵᠢᠭ ᠪᠠᠭᠯᠠᠭᠴᠢ ᠢᠯᠲᠠᠰᠤ ᠨᠢ ᠪᠦᠰᠡᠯᠢᠭ ᠪᠤᠶᠤ ᠥᠷᠥᠮ ᠬᠡᠯᠪᠡᠷᠢ ᠲᠡᠢ᠂ ᠴᠡᠴᠡᠭ ᠦ᠋ᠨ ᠬᠡᠯᠲᠡᠰ ᠰᠢᠭ5 ᠴᠡᠴᠡᠭ ᠦ᠋ᠨ ᠲᠣᠭᠳᠣᠢ ᠲᠠᠢ᠂ ᠬᠥᠬᠡ ᠪᠤᠶᠤ ᠪᠣᠷᠣᠪᠲᠤᠷ ᠬᠥᠬᠡ ᠥᠩᠭᠡ ᠲᠡᠢ᠂1.5~1.8cm ᠤᠷᠲᠤ᠂ ᠳᠡᠭᠡᠷ᠎ᠡ ᠲᠠᠯ᠎ᠠ ᠶ᠋ᠢᠨ ᠨᠢᠭᠡ ᠢᠯᠲᠠᠰᠤ ᠨᠢ ᠳᠠᠷᠠᠪᠴᠢ ᠲᠠᠢ᠂ ᠦᠵᠦᠭᠦᠷ ᠨᠢ ᠶᠡᠷᠦ ᠳ᠋ᠡᠭᠡᠨ ᠵᠢᠭᠠᠬᠠᠨ ᠬᠣᠲᠣᠭᠣᠷ ᠪᠠᠢᠳᠠᠭ᠃ ᠴᠡᠴᠡᠭ ᠦ᠋ᠨ ᠬᠡᠯᠲᠡᠰ ᠨᠢ2᠂ ᠨᠡᠯᠢᠶᠡᠳ ᠵᠢᠵᠢᠭ ᠲᠠᠢ᠂ ᠳᠠᠷᠤᠪᠴᠢ ᠶ᠋ᠢᠨ ᠭᠦᠳᠦᠭᠦᠷ ᠨᠢ ᠲᠣᠭᠳᠣᠢ ᠶ᠋ᠢᠨ ᠳᠠᠷᠤᠪᠴᠢ ᠳᠣᠲᠣᠷ᠎ᠠ ᠰᠤᠨᠵᠤ ᠣᠷᠣᠭᠰᠠᠨ ᠪᠠᠢᠳᠠᠭ᠃ ᠳᠣᠷᠣᠢᠲᠠᠭᠰᠠᠨ2 ᠡᠷ᠎ᠡ ᠲᠣᠭᠣᠷᠴᠣᠭ ᠲᠠᠢ᠂ ᠴᠡᠴᠡᠭ ᠦ᠋ᠨ ᠬᠡᠯᠲᠡᠰ ᠨᠢ ᠥᠷᠭᠡᠨ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂ ᠥᠴᠦᠬᠡᠨ ᠬᠣᠲᠣᠭᠣᠷ᠂ ᠰᠢᠷ᠎ᠠ ᠥᠩᠭᠡ ᠲᠡᠢ ᠳᠡᠯ ᠦᠰᠦ ᠲᠡᠢ᠂ ᠣᠯᠠᠨ ᠡᠷ᠎ᠡ ᠲᠣᠭᠣᠷᠴᠣᠭ ᠲᠠᠢ᠃3 ᠰᠠᠯᠤᠩᠭᠢ ᠤᠮᠠᠢ ᠶ᠋ᠢᠨ ᠬᠠᠯᠢᠰᠤ ᠲᠠᠢ᠃ ᠴᠠᠨ᠎ᠠ ᠵᠢᠮᠢᠰ ᠨᠢ3 ᠨᠡᠢᠯᠡᠵᠦ ᠰᠠᠭᠤᠭᠰᠠᠨ ᠪᠠᠢᠳᠠᠭ᠃8~9 ᠳ᠋ᠦ᠍ᠭᠡᠷ ᠰᠠᠷ᠎ᠠ ᠳ᠋ᠤ᠌ ᠴᠡᠴᠡᠭᠯᠡᠵᠦ᠂9~10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠠᠭᠤᠯᠠᠨ ᠬᠠᠵᠠᠭᠤ᠂ ᠲᠠᠯ᠎ᠠ ᠭᠠᠵᠠᠷ᠂ ᠲᠣᠭᠲᠠᠮᠠᠯ ᠡᠯᠡᠰᠦᠨ ᠳᠣᠪᠣ ᠳᠡᠭᠡᠷ᠎ᠡ ᠤᠷᠭᠤᠳᠠᠭ᠃ ᠬᠠᠷᠠᠮᠦ᠋ᠷᠡᠨ᠂ ᠬᠢᠷᠢᠨ᠂ ᠯᠢᠶᠣᠤᠨᠢᠩ᠂ ᠥᠪᠥᠷ ᠮᠣᠩᠭᠣᠯ᠂ ᠾᠧᠪᠧᠢ᠂ ᠱᠠᠨ ᠰᠢ᠂ ᠨᠢᠩᠰᠢᠶᠠ᠂ ᠭᠠᠨᠰᠦ᠂ ᠰᠢᠨᠵᠢᠶᠠᠩ᠂ ᠰᠧᠴᠤᠸᠠᠨ᠂ ᠶᠦᠨᠨᠠᠨ ᠵᠡᠷᠭᠡ ᠮᠣᠵᠢ ᠣᠷᠣᠨ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ]7~8 ᠳ᠋ᠤᠭᠠᠷ ᠰᠠᠷ᠎ᠠ ᠳ᠋ᠤ᠌ ᠲᠡᠭᠦᠵᠦ᠂ ᠰᠢᠪᠡᠷ ᠰᠢᠷᠣᠢ ᠶ᠋ᠢ ᠨᠢ ᠤᠬᠢᠶᠠᠨ ᠴᠡᠪᠡᠷᠯᠡᠭᠡᠳ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠥᠴᠦᠬᠡᠨ ᠭᠠᠰᠢᠭᠤᠨ ᠠᠮᠲᠠ ᠲᠠᠢ; ᠰᠡᠷᠢᠭᠦᠨ ᠴᠢᠨᠠᠷ ᠲᠠᠢ; ᠮᠣᠬᠣᠳᠠᠭ᠂ ᠬᠥᠩᠭᠡᠨ᠂ ᠰᠢᠷᠦᠭᠦᠨ ᠡᠷᠳᠡᠮ ᠲᠡᠢ; ᠬᠣᠣᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠰᠠᠭᠤᠯᠭᠠᠬᠤ ᠶ᠋ᠢ ᠵᠣᠭᠰᠣᠭᠠᠬᠤ᠂ ᠰᠢᠷᠬ᠎ᠠ ᠶ᠋ᠢ ᠠᠨᠠᠭᠠᠬᠤ᠂ ᠥᠭᠡᠷᠢ᠂ ᠰᠢᠷ᠎ᠠ ᠤᠰᠤ ᠶ᠋ᠢ ᠬᠠᠲᠠᠭᠠᠬᠤ᠂ ᠬᠠᠯᠠᠭᠤᠨ ᠢ᠋ ᠠᠷᠢᠯᠭᠠᠬᠤ ᠴᠢᠳᠠᠯ ᠲᠠᠢ᠃ ᠭᠣᠣᠯᠳᠠᠭᠤ ᠴᠢᠰᠤ ᠰᠢᠷ᠎ᠠ ᠶ᠋ᠢᠨ ᠴᠢᠨᠠᠷ ᠲᠠᠢ ᠭᠡᠳᠡᠰᠦᠨ ᠬᠠᠳᠬᠤᠯᠭ᠎ᠠ ᠶ᠋ᠢ ᠵᠠᠰᠠᠬᠤ ᠳ᠋ᠤ᠌ ᠬᠡᠷᠡᠭᠯᠡᠨ᠎ᠡ
ᠬᠢᠲᠠᠳ ᠨᠡᠷ᠎ᠡ᠄翠雀花,翠雀
ᠠᠩᠭ᠌ᠯᠢ ᠨᠡᠷ᠎ᠡ᠄Delphinium grandiflorum L.
ᠦᠰᠦᠭ ᠠᠮᠢᠯᠠᠭᠤᠯᠤᠭᠴᠢ᠄ ᠴᠡᠪᠡᠷᠴᠡᠴᠡᠭ
