ᠬᠥᠬᠡ ᠮᠥᠩᠭᠥᠨ ᠲᠩᠷᠢ-ᠠᠯᠲᠠᠨᠴᠢᠮᠡᠭХөх мөнгөн тэнгэр-Алтанчимэг
ᠬᠥᠬᠡ ᠮᠥᠩᠭᠥᠨ ᠲᠩᠷᠢ
ᠠᠷᠠᠳ ᠤ᠋ᠨ ᠳᠠᠭᠤᠤ
ᠳᠠᠭᠤᠴᠢᠨ᠄ ᠠᠯᠲᠠᠨᠴᠢᠮᠡᠭ
ᠬᠥᠬᠡ ᠮᠥᠩᠭᠥᠨ ᠲᠡᠭᠷᠢ ᠶ᠋ᠢᠨ ᠤᠨᠢᠶᠠᠷ ᠨᠢ ᠰᠠᠢᠬᠠᠨ
ᠬᠥᠬᠡᠷᠡᠵᠦ ᠬᠠᠷᠠᠭᠳᠠᠬᠤ ᠣᠭᠲᠠᠷᠭᠤᠢ ᠶᠤ᠌ ᠰᠠᠢᠬᠠᠨ
ᠠᠢ ᠠᠢ ᠬᠤᠷ ᠬᠠᠢ
ᠬᠥᠬᠥᠭᠡ ᠰᠢᠪᠠᠭᠤᠨ ᠤ᠋ ᠳᠣᠩᠭᠣᠳᠬᠤ ᠨᠢ ᠰᠠᠢᠬᠠᠨ
ᠬᠥᠭᠯᠡᠵᠦ ᠰᠠᠭᠤᠬᠤ ᠳ᠋ᠤ᠌ ᠬᠥᠭᠵᠢᠮ ᠨᠠᠢᠷ ᠨᠢ ᠰᠠᠢᠬᠠᠨ
ᠡᠷᠳᠡᠨᠢ ᠶ᠋ᠢᠨ ᠠᠭᠤᠯᠠ ᠶ᠋ᠢᠨ ᠪᠠᠷ᠎ᠠ ᠲᠠᠢ ᠡᠵᠢ ᠠᠪᠤ ᠮᠢᠨᠢ ᠰᠠᠢᠬᠠᠨ
ᠡᠷᠬᠡ ᠳᠤᠷ᠎ᠠ ᠪᠠᠷ ᠥᠰᠦᠭᠰᠡᠨ ᠪᠡᠶ᠎ᠡ ᠮᠢᠨᠢ ᠰᠠᠢᠬᠠᠨ
ᠠᠢ ᠠᠢ ᠬᠤᠷ ᠬᠠᠢ
ᠢᠨᠴᠠᠭᠠᠨ ᠳᠣᠩᠭᠣᠳᠬᠤ ᠭᠤᠷᠭᠤᠤᠯᠳᠠᠢ ᠰᠠᠢᠬᠠᠨ
ᠢᠷᠠᠭᠤ ᠭᠣᠶᠣ ᠡᠭᠡᠰᠢᠭᠲᠦ ᠳᠠᠭᠤᠤ ᠶᠣ᠌ ᠰᠠᠢᠬᠠᠨ
ᠠᠪᠤ ᠶ᠋ᠢᠨ ᠠᠷᠢᠭᠤᠨ ᠪᠤᠶᠠᠨ ᠢ᠋ ᠡᠳ᠋ᠯᠡᠬᠦ ᠳ᠋ᠦ᠍ ᠰᠠᠢᠬᠠᠨ
ᠠᠭᠲᠠ ᠶᠣ᠌ ᠬᠦᠯᠦᠭ ᠢ᠋ᠶ᠋ᠡᠨ ᠤᠨᠤᠬᠤ ᠳ᠋ᠤ᠌ ᠰᠠᠢᠬᠠᠨ
ᠠᠢ ᠠᠢ ᠬᠤᠷ ᠬᠠᠢ
ᠠᠭᠠᠰᠢ ᠶᠤ᠌ ᠵᠠᠩ ᠤ᠋ᠨ ᠳᠠᠷᠤᠤ ᠨᠢ ᠰᠠᠢᠬᠠᠨ
ᠠᠪᠤ ᠡᠵᠢ ᠪᠡᠨ ᠬᠦᠨᠳᠦᠯᠡᠬᠦ ᠳ᠋ᠦ᠍ ᠰᠠᠢᠬᠠᠨ
ᠦᠰᠦᠭ ᠬᠠᠳᠠᠭᠴᠢ᠄ ᠠᠯᠲᠠᠨᠴᠢᠮᠡᠭ
ᠦᠰᠦᠭ ᠠᠮᠢᠯᠠᠭᠤᠯᠤᠭᠴᠢ᠄ ᠠᠯᠲᠠᠨᠴᠢᠮᠡᠭ
ᠬᠢᠨᠠᠭᠴᠢ᠄ ᠭᠦᠩᠭᠠᠷ
