ᠨᠠᠷᠠᠰᠤᠨ ᠰᠢᠪᠡᠯᠢНарсан шивэлNarsan shivel ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠷᠠᠰᠤᠨ ᠰᠢᠪᠡᠯᠢНарсан шивэлNarsan shivel

ᠨᠠᠷᠠᠰᠤᠨ ᠰᠢᠪᠡᠯᠢНарсан шивэлNarsan shivel

2025-06-30

163

ᠨᠠᠷᠠᠰᠤᠨ ᠰᠢᠪᠡᠯᠢ

   ᠲᠤᠰ ᠡᠮ ᠪᠣᠯ ᠨᠠᠷᠠᠰᠤᠨ ᠡᠪᠡᠰᠦᠨ ᠦ᠌ ᠢᠵᠠᠭᠤᠷ ᠤ᠋ᠨ ᠤᠷᠭᠤᠮᠠᠯ ᠪᠣᠯᠬᠤ ᠨᠠᠷᠠᠰᠤᠨ ᠰᠢᠪᠡᠯᠢ ᠶ᠋ᠢᠨ ᠬᠠᠲᠠᠭᠠᠭᠰᠠᠨ ᠪᠦᠬᠦᠯᠢ ᠡᠪᠡᠰᠦ ᠮᠥᠨ᠃
   [ ᠤᠤᠯ ᠤᠷᠭᠤᠮᠠᠯ] ᠦᠨᠳᠦᠰᠦᠯᠢᠭ ᠡᠰᠢ ᠨᠢ ᠮᠥᠯᠬᠥᠵᠦ ᠤᠷᠭᠤᠬᠤ ᠪᠥᠭᠡᠳ ᠪᠥᠮᠪᠥᠭᠡᠯᠢᠭ ᠡᠰᠢ ᠲᠡᠢ᠃ ᠬᠥᠷᠥᠰᠥᠨ ᠳᠡᠭᠡᠷᠡᠬᠢ ᠡᠰᠢ ᠨᠢ ᠰᠢᠯᠤᠭᠤᠨ ᠤᠷᠭᠤᠨ᠎ᠠ᠂ ᠣᠨᠳᠣᠣ ᠬᠡᠯᠪᠡᠷᠢ ᠲᠡᠢ᠃ ᠲᠡᠵᠢᠭᠡᠯ ᠦ᠋ᠨ ᠡᠰᠢ ᠨᠢ ᠰᠫᠣᠷᠲᠦ ᠡᠰᠢ ᠨᠢ ᠬᠤᠪᠠᠬᠠᠢᠷᠠᠭᠰᠠᠨ ᠤ᠋ ᠰᠡᠭᠦᠯᠡᠷ ᠤᠷᠭᠤᠨ᠎ᠠ᠃15~60cm ᠥᠨᠳᠥᠷ᠂6~15 ᠵᠤᠷᠪᠤᠰ ᠢᠷᠮᠡᠭ ᠲᠡᠢ᠃ ᠨᠠᠪᠴᠢ ᠨᠢ ᠳᠣᠷᠣᠢᠲᠠᠵᠤ ᠳᠣᠣᠷ᠎ᠠ ᠬᠡᠰᠡᠭ ᠲᠡᠭᠡᠨ ᠨᠡᠢᠯᠡᠭᠡᠳ ᠲᠣᠭᠳᠣᠢ ᠰᠢᠭ᠋ ᠪᠣᠯᠳᠠᠭ᠃ ᠲᠣᠭᠳᠣᠢ ᠶ᠋ᠢᠨ ᠠᠷᠠᠭ᠎ᠠ ᠨᠢ ᠬᠠᠪᠲᠠᠭᠠᠢ ᠲᠡᠪᠡᠨᠡ ᠬᠡᠯᠪᠡᠷᠢ ᠲᠡᠢ᠂ ᠬᠠᠷ᠎ᠠ ᠥᠩᠭᠡ ᠲᠡᠢ᠂ ᠴᠠᠢᠪᠤᠷ ᠴᠠᠭᠠᠨ ᠬᠥᠪᠡᠭᠡ ᠲᠡᠢ᠂ ᠰᠠᠷᠢᠰᠤᠯᠢᠭ᠃ ᠰᠠᠯᠠᠭ᠎ᠠ ᠡᠰᠢ ᠨᠢ ᠳᠤᠭᠤᠢᠷᠠᠨ ᠤᠷᠭᠤᠨ᠎ᠠ᠃ ᠭᠣᠣᠯ ᠨᠢ ᠴᠤᠯᠤ᠂3~4 ᠵᠤᠷᠪᠤᠰ ᠢᠷᠮᠡᠭ ᠲᠡᠢ᠂ ᠳᠠᠩ ᠪᠤᠶᠤ ᠳᠠᠬᠢᠨ ᠰᠠᠯᠠᠭᠠᠯᠠᠨ᠎ᠠ᠃ ᠰᠫᠣᠷᠲᠦ ᠡᠰᠢ ᠨᠢ ᠬᠠᠪᠤᠷ ᠡᠷᠲᠡ ᠰᠣᠶᠣᠭᠠᠯᠠᠨ᠎ᠠ᠃ ᠶᠡᠷᠦ ᠳ᠋ᠡᠭᠡᠨ ᠪᠣᠷᠣ ᠬᠦᠷᠡᠩ ᠥᠩᠭᠡ ᠲᠡᠢ᠂ ᠮᠢᠬᠠᠯᠢᠭ᠂ ᠰᠠᠯᠠᠭᠠᠯᠠᠬᠤ ᠦᠭᠡᠢ᠂ ᠲᠣᠭᠳᠣᠢ ᠨᠢ ᠤᠷᠲᠤ ᠮᠥᠷᠲᠡᠭᠡᠨ ᠲᠣᠮᠣ᠃ ᠰᠫᠣᠷ ᠤ᠋ᠨ ᠤᠭᠤᠲᠠ ᠶ᠋ᠢᠨ ᠲᠦᠷᠦᠭᠦᠦ ᠨᠢ ᠣᠷᠣᠢ ᠳ᠋ᠤᠨᠢ ᠤᠷᠭᠤᠨ᠎ᠠ᠂ ᠮᠣᠬᠣᠭᠣ ᠣᠷᠣᠢ ᠲᠠᠢ᠂2~3.5cm ᠤᠷᠲᠤ᠃ ᠰᠫᠣᠷᠲᠦ ᠨᠠᠪᠴᠢ ᠨᠢ ᠵᠢᠷᠭᠤᠭᠠᠯᠵᠢᠨ ᠬᠡᠯᠪᠡᠷᠢ ᠲᠡᠢ᠂ ᠪᠠᠮᠪᠠᠢ ᠰᠢᠭ ᠤᠷᠭᠤᠨ᠎ᠠ᠂ ᠱᠤᠷᠠᠭᠯᠠᠨ ᠪᠠᠢᠷᠢᠯᠠᠳᠠᠭ᠃ ᠬᠥᠪᠡᠭᠡ ᠪᠡᠷ ᠨᠢ ᠤᠷᠲᠤᠯᠵᠢᠨ ᠰᠫᠣᠷ ᠤ᠋ᠨ ᠤᠭᠤᠲᠠ ᠲᠠᠢ ᠪᠥᠭᠡᠳ ᠰᠫᠣᠷ ᠨᠢ ᠢᠵᠢᠯ ᠬᠡᠯᠪᠡᠷᠢ ᠲᠡᠢ᠃
   [ ᠤᠷᠭᠤᠬᠤ ᠣᠷᠴᠢᠨ ᠬᠢᠭᠡᠳ ᠲᠠᠷᠬᠠᠴᠠ] ᠲᠠᠷᠢᠶᠠᠨ ᠵᠠᠬ᠎ᠠ᠂ ᠭᠣᠣ ᠰᠤᠵᠠᠭ ᠤ᠋ᠨ ᠬᠥᠪᠡᠭᠡ ᠪᠡᠷ ᠤᠷᠭᠤᠨ᠎ᠠ᠃ ᠵᠡᠭᠦᠨ ᠬᠣᠢᠲᠤ ᠣᠷᠣᠨ᠂ ᠤᠮᠠᠷᠠᠲᠤ ᠣᠷᠣᠨ᠂ ᠰᠢᠨᠵᠢᠶᠠᠩ᠂ ᠱᠠᠨᠳᠦ᠋ᠩ᠂ ᠰᠧᠴᠤᠸᠠᠨ᠂ ᠭᠦᠢᠵᠧᠦ᠂ ᠲᠥᠪᠡᠳ ᠲᠦ᠍ ᠲᠠᠷᠬᠠᠴᠠ ᠲᠠᠢ᠃ ᠨᠤᠭᠤ ᠶ᠋ᠢᠨ ᠰᠢᠪᠡᠯᠢ ᠪᠣᠯ ᠣᠢ ᠳ᠋ᠠᠬᠢ ᠪᠡᠯᠴᠢᠭᠡᠷ᠂ ᠣᠢ ᠶ᠋ᠢᠨ ᠪᠤᠲᠠ ᠰᠥᠭᠡᠭ ᠳᠤᠮᠳᠠ ᠤᠷᠭᠤᠨ᠎ᠠ᠃ ᠵᠡᠭᠦᠨ ᠬᠣᠢᠲᠤ ᠣᠷᠣᠨ᠂ ᠥᠪᠥᠷ ᠮᠣᠩᠭᠣᠯ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ]5~7 ᠳ᠋ᠤᠭᠠᠷ ᠰᠠᠷ᠎ᠠ ᠳ᠋ᠤ᠌ ᠲᠡᠵᠢᠭᠡᠯ ᠦ᠋ᠨ ᠡᠰᠢ ᠲᠡᠢ ᠨᠢ ᠬᠠᠳᠤᠵᠤ ᠠᠪᠤᠭᠠᠳ ᠠᠷᠢᠯᠭᠠᠨ ᠴᠡᠪᠡᠷᠯᠡᠵᠦ ᠰᠡᠭᠦᠳᠡᠷ ᠲᠦ᠍ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠭᠠᠰᠢᠭᠤᠨ ᠡᠬᠡᠭᠦᠨ ᠠᠮᠲᠠ ᠲᠠᠢ᠂ ᠲᠡᠭᠰᠢ ᠴᠢᠨᠠᠷ ᠲᠠᠢ᠃
   [ ᠴᠢᠳᠠᠯ ᠪᠠ ᠭᠣᠣᠯᠳᠠᠭᠤ ᠵᠠᠰᠠᠬᠤ] ᠰᠤᠳᠠᠯ ᠤ᠋ᠨ ᠰᠦᠪᠡ ᠶ᠋ᠢ ᠨᠡᠭᠡᠭᠡᠬᠦ᠂ ᠰᠢᠭᠡᠯᠭᠡᠬᠦ᠂ ᠴᠢᠯᠠᠭᠤᠰᠢᠷᠠᠭᠰᠠᠨ ᠪᠡᠲᠡᠭᠢ ᠶ᠋ᠢ ᠡᠪᠳᠡᠬᠦ᠂ ᠰᠢᠮᠡᠵᠢᠭᠦᠯᠬᠦ᠂ ᠴᠢᠰᠤ ᠶ᠋ᠢ ᠵᠣᠭᠰᠣᠭᠠᠬᠤ ᠴᠢᠳᠠᠯ ᠲᠠᠢ᠃ ᠭᠣᠣᠯᠳᠠᠭᠤ ᠳᠠᠪᠤᠰᠠᠩ ᠤ᠋ᠨ ᠴᠢᠯᠠᠭᠤᠰᠢᠷᠠᠯ᠂ ᠶᠠᠷ᠎ᠠ ᠰᠢᠷᠬ᠎ᠠ ᠠ᠋ᠴᠠ ᠢᠳᠡᠭᠡ ᠦᠭᠡᠷᠢ ᠴᠤᠪᠤᠷᠠᠬᠤ᠂ ᠰᠠᠷ᠎ᠠ ᠶ᠋ᠢᠨ ᠬᠬᠢᠷ ᠴᠤᠪᠤᠷᠠᠬᠤ᠂ ᠬᠠᠮᠠᠷ ᠠ᠋ᠴᠠ ᠴᠢᠰᠤ ᠭᠠᠷᠬᠤ᠂ ᠴᠢᠰᠤ ᠪᠠᠷ ᠪᠥᠭᠡᠯᠵᠢᠬᠦ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄问荆
   ᠠᠩᠭ᠌ᠯᠢ ᠨᠡᠷ᠎ᠡ᠄Equisetum aruense L.

   ᠦᠰᠦᠭ ᠠᠮᠢᠯᠠᠭᠤᠯᠤᠭᠴᠢ᠄ ᠣᠶᠤᠨᠴᠢᠮᠡᠭ
   ᠬᠢᠨᠠᠭᠴᠢ᠄ ᠤᠷᠠᠨᠴᠢᠮᠡᠭ