ᠥᠨᠢ ᠮᠥᠩᠬᠡ ᠶ᠋ᠢᠨ ᠠᠶᠠᠯᠭᠤ -ᠣ᠂ ᠪᠤᠶᠠᠨ᠌ᠥ᠌ᠯᠵᠡᠢӨнө мөнхийн аялгуу-О,Буянөлжээ
ᠥᠨᠢ ᠮᠥᠩᠬᠡ ᠶ᠋ᠢᠨ ᠠᠶᠠᠯᠭᠤ
ᠵᠣᠬᠢᠶᠠᠭᠴᠢ᠄ ᠣ᠂ ᠪᠤᠶᠠᠨ᠌ᠥ᠌ᠯᠵᠡᠢ
ᠴᠠᠭ ᠤ᠋ᠨ ᠮᠥᠩᠭᠥᠨ ᠵᠡᠭᠦᠦ
ᠵᠢᠷᠦᠬᠡᠨ ᠦ᠌ ᠮᠢᠨᠢ ᠬᠡᠮᠨᠡᠯ ᠢ᠋ ᠴᠢᠩᠨᠠᠵᠤ ᠴᠣᠬᠢᠯᠠᠨ᠎ᠠ
ᠴᠠᠭᠠᠨ᠎ᠠ ᠠ᠋ᠴᠠ ᠮᠢᠨᠦ ᠵᠦᠭ ᠤᠷᠤᠰᠬᠤ
ᠡᠬᠡ ᠬᠡᠯᠡᠨ ᠦ᠌ ᠮᠢᠨᠢ ᠭᠣᠣᠯ
ᠡᠨᠡ ᠬᠣᠷᠸ᠎ᠠ ᠶ᠋ᠢᠨ ᠬᠠᠮᠤᠭ ᠤ᠋ᠨ ᠰᠠᠢᠬᠠᠨ ᠡᠭᠡᠰᠢᠭ ᠪᠣᠯᠵᠤ ᠳᠤᠭᠤᠯᠳᠠᠨ᠎ᠠ
ᠨᠠᠳᠠ ᠠ᠋ᠴᠠ ᠤᠷᠢᠲᠠᠵᠤ ᠰᠡᠳᠬᠢᠯ ᠮᠢᠨᠢ
ᠲᠠᠨ ᠳ᠋ᠤ᠌ ᠢᠷᠦᠭᠡᠯ ᠦ᠋ᠨ ᠴᠠᠭᠠᠨ ᠬᠠᠳᠠᠭ ᠳᠡᠯᠭᠡᠵᠦ
ᠬᠤᠷ᠎ᠠ ᠶ᠋ᠢᠨ ᠤᠶᠠᠷᠠᠯ ᠢ᠋ᠶ᠋ᠠᠷ ᠦᠭᠡ ᠰᠢᠪᠡᠨᠡᠨ᠎ᠡ
ᠮᠥᠩᠬᠡ ᠶ᠋ᠢᠨ ᠨᠣᠭᠣᠭᠠᠨ ᠥᠩᠭᠡ ᠪᠡᠷ ᠠᠮᠢᠯᠠᠭᠰᠠᠨ
ᠮᠣᠩᠭᠣᠯ ᠳᠡᠭᠡᠳᠦ ᠶ᠋ᠢᠨ ᠮᠢᠨᠢ ᠬᠥᠬᠡ ᠰᠤᠳᠤᠷ
ᠮᠥᠷᠥᠭᠡᠳᠦᠯ ᠦᠨᠡᠨ ᠦ᠌ ᠠᠯᠲᠠᠨ ᠵᠢᠮ᠎ᠡ ᠪᠣᠯᠵᠤ
ᠡᠴᠢᠨᠡᠨ ᠣᠯᠠᠨ ᠡᠳᠦᠷ ᠰᠥᠨᠢ ᠶ᠋ᠢᠨ ᠰᠠᠨᠠᠭᠠᠰᠢᠷᠠᠯ
ᠨᠢᠭᠡ ᠯᠡ ᠴᠠᠭ ᠢ᠋ᠶ᠋ᠠᠷ ᠪᠡᠶᠡᠯᠡᠭᠳᠡᠭᠰᠡᠨ ᠮᠡᠲᠦ
ᠢᠲᠡᠭᠡᠯ ᠰᠡᠳᠬᠢᠯ ᠳ᠋ᠦ᠍ ᠠᠭᠤᠰᠤᠯᠴᠠᠵᠤ
ᠢᠷᠠᠭᠤ ᠨᠠᠢᠷᠠᠭ ᠪᠣᠯᠵᠤ ᠴᠡᠴᠡᠭᠡᠰ ᠢ᠋ᠶ᠋ᠡᠷ ᠠᠮᠢᠰᠬᠤᠨ᠎ᠠ
ᠥᠨᠢ ᠡᠷᠲᠡᠨ ᠡᠴᠡ ᠦᠯᠢᠭᠡᠷ ᠦ᠋ᠨ ᠠᠯᠲᠠᠨ ᠱᠠᠩᠰᠢ ᠱᠤᠤᠭᠢᠨ᠎ᠠ
ᠲᠡᠷᠡ ᠶᠡᠬᠡ ᠮᠣᠳᠣᠨ ᠤ᠋ ᠨᠠᠪᠴᠢᠰ ᠪᠣᠯᠵᠤ ᠪᠢᠳᠡ ᠱᠠᠭᠢᠯᠳᠤᠨᠠ
ᠦᠷ᠎ᠡ ᠨᠢ ᠪᠣᠯᠵᠤ ᠪᠢᠳᠡ ᠠᠮᠢᠯᠠᠭᠰᠠᠨ ᠤᠴᠢᠷ ᠠ᠋ᠴᠠ
ᠦᠨᠳᠦᠰᠦ ᠪᠡᠨ ᠦᠭᠡᠢᠯᠡᠵᠦ ᠪᠢᠳᠡ ᠦᠷᠭᠦᠯᠵᠢᠯᠡᠨ᠎ᠡ
ᠡᠨᠡ ᠶᠡᠬᠡ ᠠᠯᠲᠠᠨ ᠰᠠᠭᠯᠠᠭᠠᠷ ᠨᠠᠳᠠ
ᠶᠢᠷᠲᠢᠨᠴᠦ ᠶ᠋ᠢᠨ ᠦᠵᠡᠯᠲᠡ ᠶ᠋ᠢ ᠵᠢᠭᠠᠵᠤ
ᠡᠨᠡ ᠬᠣᠷᠸ᠎ᠠ ᠳ᠋ᠤ᠌ ᠵᠦᠩ ᠢ᠋ᠶ᠋ᠡᠷ ᠠᠮᠢᠳᠤᠷᠠᠬᠤ ᠶ᠋ᠢ ᠰᠤᠷᠭᠠᠭᠰᠠᠨ
ᠡᠨᠡ ᠨᠠᠷᠠᠰᠤ ᠥᠨᠢ ᠮᠥᠩᠬᠡ ᠶ᠋ᠢᠨ ᠲᠤᠤᠯᠢ ᠠ᠋
ᠲᠦᠮᠡᠨ ᠣᠨ ᠳ᠋ᠤ᠌ ᠤᠯᠠᠮᠵᠢᠯᠠᠭᠳᠠᠨ ᠳᠠᠭᠣᠷᠢᠰᠣᠭᠳᠠᠬᠣ
ᠲᠡᠦᠬᠡ ᠴᠠᠳᠢᠭ ᠨᠢ ᠥᠨᠢᠳᠡ ᠮᠥᠩᠬᠡᠷᠡᠬᠦ
ᠲᠡᠭᠦᠨ ᠦ᠌ ᠨᠠᠮᠠᠭ᠎ᠠ ᠨᠢ ᠪᠣᠯᠵᠤ ᠪᠢ ᠥᠪᠡᠷ ᠢ᠋ᠶ᠋ᠡᠨ
ᠰᠠᠯᠬᠢᠨ ᠳ᠋ᠤ᠌ ᠨᠠᠢᠭᠤᠵᠤ ᠪᠣᠷᠣᠭᠠᠨ ᠳ᠋ᠤ᠌ ᠨᠣᠷᠤᠭᠰᠠᠨ
ᠨᠠᠷᠠᠨ ᠳ᠋ᠤ᠌ ᠲᠣᠨᠢᠷᠬᠠᠵᠤ ᠭᠡᠷᠡᠯ ᠢ᠋ᠶ᠋ᠡᠷ ᠤᠬᠠᠭᠠᠵᠢᠭᠰᠠᠨ
ᠡᠨᠡ ᠡᠭᠡᠰᠢᠭᠯᠡᠩᠲᠦ ᠮᠣᠳᠣᠨ ᠤ᠋ ᠳᠣᠣᠷ᠎ᠠ
ᠥᠨᠥᠳᠥᠷ ᠪᠢᠳᠡ ᠬᠠᠮᠲᠤ ᠳ᠋ᠠᠭᠠᠨ ᠬᠣᠷᠠᠯᠴᠠᠨᠠ
ᠦᠨ᠎ᠡ ᠲᠡᠢ ᠴᠠᠨ᠎ᠠ ᠲᠠᠢ
ᠡᠨᠡ ᠠᠯᠳᠠᠩᠬᠠᠨ ᠬᠣᠷᠣᠮ
ᠢᠷᠦᠭᠡᠯ ᠮᠥᠷᠥᠭᠡᠳᠦᠯ ᠦ᠋ᠨ ᠰᠡᠳᠬᠢᠯ ᠪᠠᠢᠯ᠎ᠠ᠃
ᠡᠨᠡ ᠠᠶᠠᠯᠭᠤᠲᠤ ᠮᠣᠳᠣᠨ ᠳᠡᠭᠡᠷ᠎ᠡ
ᠮᠣᠩᠭᠣᠯ ᠤ᠋ᠨ ᠣᠯᠠᠨ ᠰᠢᠪᠠᠭᠤᠳ
ᠵᠢᠭᠦᠷ ᠢ᠋ᠶ᠋ᠡᠨ ᠵᠠᠰᠠᠵᠤ
ᠨᠢᠭᠡᠯᠬᠡᠨ ᠬᠡᠯᠡ ᠪᠡᠷ ᠵᠢᠷᠭᠢᠯᠳᠦᠨ᠎ᠡ
ᠲᠡᠷᠡ ᠣᠯᠠᠨ ᠵᠢᠯ ᠦ᠋ᠳ ᠦ᠋ᠨ ᠠᠯᠤᠰᠷᠠᠯ ᠳ᠋ᠤ᠌
ᠨᠢᠭᠡ ᠨᠢᠭᠡᠨ ᠵᠦᠭ ᠢ᠋ᠶ᠋ᠡᠨ ᠲᠡᠮᠡᠦᠯᠦᠭᠰᠡᠭᠡᠷ
ᠡᠨᠡ ᠡᠳᠦᠷ ᠡᠨᠡ ᠤᠶᠠᠩᠭ᠎ᠠ ᠶ᠋ᠢ ᠨᠠᠢᠷᠠᠨᠠ
ᠬᠥᠮᠦᠨ ᠦ᠌ ᠶᠠᠭᠤ ᠪᠦᠬᠦᠨ ᠬᠢᠵᠠᠭᠠᠷ ᠲᠠᠢ ᠪᠣᠯ
ᠭᠦᠨ ᠣᠷᠴᠢᠯᠠᠩ ᠤ᠋ᠨ ᠶᠠᠭᠤ ᠪᠦᠬᠦᠨ ᠬᠢᠵᠠᠭᠠᠷ ᠦᠭᠡᠢ
ᠣᠯᠠᠨ ᠶᠠᠭᠤᠮ᠎ᠠ ᠣᠷᠣᠰᠢᠵᠤ ᠨᠡᠭᠦᠵᠦ
ᠣᠯᠳᠠᠰᠢ ᠦᠭᠡᠢ ᠰᠤᠪᠤᠳ ᠡᠷᠳᠡᠨᠢ ᠰᠢᠭ
ᠣᠳᠣ ᠪᠣᠯᠵᠤ ᠭᠡᠷᠡᠯᠲᠦᠭᠰᠡᠨ ᠴᠤ᠌
ᠠᠮᠢ ᠨᠠᠰᠤᠨ ᠤ᠋ ᠡᠩᠬᠡ ᠶ᠋ᠢᠨ ᠳᠠᠭᠤᠯᠠᠯ
ᠠᠮᠢᠳᠤ ᠶᠠᠪᠤᠬᠤ ᠳ᠋ᠤ᠌ ᠭᠡᠭᠡᠷᠡᠬᠦ ᠶ᠋ᠢᠨ ᠵᠢᠷᠭᠠᠯ
ᠦᠨᠡᠨ ᠰᠢᠳᠤᠷᠭᠤ ᠬᠣᠶᠠᠷ ᠠ᠋ᠴᠠ
ᠬᠢᠵᠠᠭᠠᠷ ᠦᠭᠡᠢ ᠡᠷᠬᠢᠮ ᠨᠠᠨᠳᠢᠨ
ᠥᠨᠢᠳᠡ ᠬᠡᠷᠡᠯᠳᠦᠬᠦ ᠵᠦᠢᠯ ᠢ᠋
ᠦᠷ᠎ᠡ ᠤᠳᠤᠮ ᠳ᠋ᠤ᠌ ᠪᠠᠨ ᠦᠯᠡᠳᠡᠭᠡᠬᠦ
ᠡᠨᠡ ᠶᠡᠬᠡ ᠮᠣᠳᠣᠨ ᠤ᠋ ᠰᠡᠭᠦᠳᠡᠷ ᠲᠦ᠍
ᠢᠷᠦᠭᠡᠯ ᠦ᠋ᠨ ᠠᠯᠲᠠᠨ ᠬᠡᠯᠬᠢᠶ᠎ᠡ ᠪᠣᠯᠭᠠᠵᠤ ᠰᠤᠳᠤᠷᠯᠠᠨᠠ
ᠮᠣᠩᠭᠣᠯ ᠬᠥᠮᠦᠨ ᠦ᠌ ᠮᠣᠷᠢᠲᠠᠢ ᠲᠠᠯ᠎ᠠ ᠳ᠋ᠤ᠌
ᠨᠣᠮ ᠤ᠋ᠨ ᠬᠠᠭᠤᠳᠠᠰᠤ ᠳᠡᠯᠭᠡᠭᠳᠡᠭᠰᠡᠨ
ᠡᠪᠦᠭᠡᠳ ᠦ᠋ᠨ ᠬᠠᠯᠠᠭᠤᠨ ᠪᠠᠭᠤᠴᠠᠨ ᠳ᠋ᠤ᠌
ᠦᠨᠳᠦᠰᠦᠨ ᠨᠢ ᠭᠠᠵᠠᠷ ᠤ᠋ᠨ ᠰᠤᠳᠠᠰᠤᠨ ᠳ᠋ᠤ᠌ ᠨᠡᠪᠲᠡᠷᠡᠭᠰᠡᠨ ᠢᠷᠡᠭᠡᠳᠦᠢ ᠪᠡᠨ
ᠰᠦᠨ ᠰᠡᠳᠬᠢᠯ ᠢ᠋ᠶ᠋ᠡᠷ ᠮᠢᠯᠢᠶᠠᠨ ᠨᠠᠮᠠᠭᠠᠨ ᠨᠢ ᠰᠢᠬᠦᠷᠯᠡᠵᠦ
ᠦᠨᠳᠦᠰᠦ ᠲᠡᠢ ᠪᠡᠨ ᠵᠠᠯᠭᠠᠯᠳᠤᠭᠰᠠᠨ
ᠥᠨᠢ ᠮᠥᠩᠬᠡ ᠶ᠋ᠢᠨ ᠠᠶᠠᠯᠭᠤ
ᠢᠲᠡᠭᠡᠯ ᠦ᠋ᠨ ᠰᠠᠢᠬᠠᠨ ᠢ᠋ ᠡᠪᠦᠷᠯᠡᠭᠰᠡᠭᠡᠷ
ᠡᠨᠳᠡ ᠡᠴᠡ ᠬᠠᠢᠷ᠎ᠠ ᠶ᠋ᠢᠨ ᠳᠠᠭᠤᠤ ᠤᠷᠭᠤᠭᠤᠯᠵᠤ
ᠵᠢᠷᠭᠠᠯ ᠤ᠋ᠨ ᠵᠦᠭ ᠬᠡᠢᠮᠣᠷᠢ ᠬᠤᠷᠤᠢᠯᠠᠨ
ᠬᠥᠬᠡ ᠲᠩᠷᠢ ᠥᠭᠡᠳᠡ ᠪᠡᠨ
ᠨᠣᠭᠣᠭᠠᠨ ᠲᠤᠭ ᠪᠣᠯᠵᠤ ᠨᠠᠮᠢᠷᠠᠨ᠎ᠠ
ᠤᠴᠢᠷ ᠨᠢ ᠮᠥᠩᠬᠡ ᠲᠩᠷᠢ ᠶ᠋ᠢᠨ ᠬᠦᠴᠦᠨ ᠪᠢᠳᠡᠨ ᠢ᠋ ᠢᠪᠡᠭᠡᠨ᠎ᠡ
ᠡᠪᠦᠭᠡᠳ ᠦ᠋ᠨ ᠮᠢᠨᠢ ᠣᠶᠤᠨ ᠰᠦᠨᠡᠰᠦᠨ
ᠦᠷ᠎ᠡ ᠪᠢᠳᠡᠨ ᠢ᠋ᠶ᠋ᠡᠨ ᠲᠡᠳᠬᠦᠵᠦ ᠪᠠᠢᠳᠠᠭ ᠠ᠋!
ᠦᠰᠦᠭ ᠠᠮᠢᠯᠠᠭᠤᠯᠤᠭᠴᠢ᠄ ᠱᠤᠸᠠᠩᠬᠤᠸᠠᠷ
ᠤᠶᠠᠩᠭᠠᠯᠠᠭᠴᠢ᠄ᠱᠤᠸᠠᠩᠬᠤᠸᠠᠷ
ᠦᠰᠦᠭ ᠬᠠᠳᠠᠭᠴᠢ᠄ ᠬᠠᠪᠤᠷᠵᠢᠶ᠎ᠠ
ᠬᠢᠨᠠᠭᠴᠢ᠄ ᠰ ᠳᠣᠷᠣᠨ᠎ᠠ᠂ ᠠᠵᠠᠵᠠᠶᠠᠭ᠎ᠠ
