ᠪᠠᠭ᠎ᠠ ᠵᠠᠨᠠᠮ᠎ᠠ - ᠴᠠᠭᠠᠨᠪᠠᠷᠰБага занама-Цагаанбар ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠭ᠎ᠠ ᠵᠠᠨᠠᠮ᠎ᠠ - ᠴᠠᠭᠠᠨᠪᠠᠷᠰБага занама-Цагаанбар

ᠪᠠᠭ᠎ᠠ ᠵᠠᠨᠠᠮ᠎ᠠ - ᠴᠠᠭᠠᠨᠪᠠᠷᠰБага занама-Цагаанбар

2025-06-29

774

ᠪᠠᠭ᠎ᠠ ᠵᠠᠨᠠᠮ᠎ᠠ 

    ᠬᠣᠷᠴᠢᠨ ᠦᠯᠢᠭᠡᠷᠲᠦ ᠠᠷᠠᠳ  ᠤᠨ ᠳᠠᠭᠤᠤ 

        ᠴᠠᠭᠠᠨᠪᠠᠷᠰ ᠳᠠᠭᠤᠯᠠᠨ᠎ᠠ 

ᠯᠧᠪᠴᠢᠨ ᠤᠩᠰᠠᠳ ᠳᠣᠯᠣᠭᠠᠬᠠᠨ ᠨᠠᠰᠤᠲᠠᠢ ᠯᠠᠮᠠ ᠪᠣᠯᠵᠠᠢ ᠭᠡᠨ᠎ᠡ᠂ ᠠᠷᠪᠠᠨ ᠨᠠᠢ᠍ᠮᠠᠨ ᠨᠠᠰᠤᠨ ᠳᠡᠭᠡᠷ᠎ᠡ ᠪᠡᠨ ᠤᠮᠵᠠᠳ ᠪᠣᠯᠴᠢᠬᠠᠭᠰᠠᠨ ᠶᠤᠮ ᠠ᠋ ᠂ ᠠᠷᠤ ᠥᠪᠥᠷ ᠠᠢᠯ  ᠢ᠋ᠶ᠋ᠠᠷ ᠨᠣᠮ ᠤᠩᠰᠢᠵᠤ ᠲᠣᠭᠣᠷᠢᠵᠤ ᠪᠠᠢᠭᠰᠠᠭᠠᠷ ᠂ ᠠᠩᠭ᠎ᠠ ᠵᠠᠨᠠᠮ᠎ᠠ ᠶ᠋ᠢᠨ ᠳ᠋ᠦ᠍ ᠨᠢᠭᠡ ᠡᠳᠦᠷ ᠤᠩᠰᠢᠴᠢᠬᠠᠵᠠᠢ ᠭᠡᠨ᠎ᠡ ᠃ ᠠᠩᠭ᠎ᠠ ᠵᠠᠨᠠᠮ᠎ᠠ ᠶ᠋ᠢ ᠦᠵᠡᠭᠡᠳ ᠦᠨᠡᠬᠡᠷ ᠲᠣᠭᠣᠵᠠᠢ ᠰᠢᠦ᠂ ᠯᠠᠮᠠ ᠬᠥᠮᠦᠨ ᠡᠮ᠎ᠡ ᠠᠪᠴᠤ ᠪᠣᠯᠬᠤ ᠦᠭᠡᠢ ᠶᠦᠮ ᠴᠢᠨᠢ ᠂ ᠵᠠᠨᠠᠮ᠎ᠠ ᠶ᠋ᠢ ᠬᠠᠮᠢᠭ᠎ᠠ ᠦᠭᠭᠦᠭᠰᠡᠨ ᠪᠣᠢ ᠭᠡᠬᠦᠯ᠎ᠡ ᠳᠠᠷᠬᠠᠨ ᠬᠤᠰᠢᠭᠤᠨ ᠤ᠋ ᠳᠤᠭᠤᠯᠵᠢ ᠳ᠋ᠤ᠌ ᠥᠭᠴᠢᠬᠡᠵᠡᠢ ᠭᠡᠨ᠎ᠡ᠃ ᠢᠩᠭᠢᠬᠦᠯ᠎ᠡ ᠡᠭᠦᠨ ᠢ᠋ ᠪᠣᠳᠣᠵᠤ ᠪᠠᠢᠭᠰᠠᠭᠠᠷ ᠬᠡᠢ ᠰᠣᠯᠢᠶ᠎ᠠ ᠲᠠᠢ ᠪᠣᠯᠤᠭᠰᠠᠨ ᠶᠤᠮ ᠠ᠋᠃ ᠨᠣᠮ ᠢ᠋ᠶ᠋ᠠᠨ ᠡᠬᠢᠯᠡᠨ᠎ᠡ ᠭᠡᠳ ᠴᠠᠩ ᠬᠠᠪᠢᠷᠬᠤ ᠳ᠋ᠤ᠌ ᠪᠠᠨ ᠳᠤᠬᠤ ᠪᠠᠷ ᠨᠢ ᠨᠢᠭᠡ ᠬᠠᠪᠢᠷᠴᠠᠢ ᠭᠡᠨ᠎ᠡ᠃ ᠣᠯᠠᠨ ᠬᠤᠸᠠᠷᠠᠭ ᠦᠵᠡᠭᠡᠳ ᠦᠨᠡᠬᠡᠷ ᠢᠨᠢᠶᠡᠯᠴᠡᠵᠡᠢ᠃ ᠢᠴᠢᠬᠦ ᠳ᠋ᠦ᠍ ᠪᠡᠨ ᠠᠯᠲᠠᠨ ᠰᠢᠷᠡᠭᠡᠲᠦ ᠶ᠋ᠢᠨ ᠠᠭᠤᠯᠠᠨ ᠳᠡᠭᠡᠷ᠎ᠡ ᠪᠡᠨ ᠭᠠᠷᠤᠭᠠᠳ 《ᠠᠩᠭ᠎ᠠ ᠵᠠᠨᠠᠮ᠎ᠠ ᠮᠢᠨᠢ ᠦᠵᠡᠭᠳᠡᠬᠦ ᠦᠭᠡᠢ ᠶᠦ᠍ᠮ ᠪᠣᠯ ᠤᠤ ? 》ᠭᠡᠳ ᠦᠵᠡᠵᠦ ᠪᠠᠢᠭᠰᠠᠭᠠᠷ ᠳᠠᠭᠤᠯᠠᠴᠢᠬᠠᠵᠠᠢ ᠭᠡᠨ᠎ᠡ᠃

ᠠᠯᠲᠠᠨ ᠤ᠋ ᠰᠢᠷᠡᠭᠡᠲᠦ ᠶ᠋ᠢᠨ ᠠᠭᠤᠯᠠᠨ ᠤ᠋ ᠳᠡᠭᠡᠷ᠎ᠡ ᠪᠡᠨ
ᠠᠯᠬᠤᠭᠠᠳ ᠭᠠᠷᠤᠭᠠᠳ ᠣᠴᠢᠬᠤᠯᠠᠢ ᠳᠠ ᠬᠦᠢ
ᠠᠬᠤᠤ ᠶᠠ ᠰᠠᠢᠬᠠᠨ ᠬᠦᠢ ᠠᠯᠲᠠᠨ ᠤ᠋ ᠰᠢᠷᠡᠭᠡᠲᠦ ᠮᠢᠨᠢ
ᠦᠵᠡᠭᠳᠡᠵᠦ ᠪᠠᠢᠮᠠᠷ ᠰᠠᠨᠠᠭᠳᠠᠨ᠎ᠠ ᠬᠦᠢ
ᠠᠯᠲᠠᠨ ᠰᠢᠷᠡᠭᠡᠲᠦ ᠶ᠋ᠢᠨ ᠠᠭᠤᠯᠠᠨ ᠳᠡᠭᠡᠷ᠎ᠡ ᠡᠴᠡ ᠪᠡᠨ
ᠠᠯᠬᠤᠭᠠᠳ ᠪᠠᠭᠤᠭᠠᠳ ᠢᠷᠡᠬᠦᠯᠡᠷ ᠳᠡ
ᠸᠠᠰᠢ᠂ ᠶᠠᠭᠠᠬᠢᠪᠠ ᠳᠠ ᠬᠦᠢ
ᠠᠩᠭ᠎ᠠ ᠪᠠᠭ᠎ᠠ ᠵᠠᠨᠠᠮ᠎ᠠ ᠭᠣᠯᠣᠣ ᠶ᠋ᠢᠨ
ᠭᠠᠬᠠᠢ ᠪᠠᠨ ᠯᠣᠣᠯᠣᠳᠠᠬᠤ ᠨᠢ ᠰᠣᠨᠣᠰᠳᠠᠨ᠎ᠠ
ᠲᠡᠷᠡ ᠠ᠋᠂ ᠲᠡᠷᠡ ᠠ᠋ ᠂ ᠲᠡᠨᠳᠡ ᠳᠣᠣᠷ᠎ᠠ ᠪᠠᠢᠨ᠎ᠠ ᠬᠦᠢ

ᠮᠧᠩᠭᠡᠵᠦ ᠬᠡᠯᠡᠨᠡᠷᠡᠨ (ᠢᠩᠭᠢᠵᠦ ᠬᠡᠯᠡᠮᠡᠭᠴᠡ ) ᠠᠯᠲᠠᠨ ᠰᠢᠷᠡᠭᠡᠲᠦ ᠶ᠋ᠢᠨ ᠠᠭᠤᠯᠠᠨ ᠠ᠋ᠴᠠ ᠪᠠᠭᠤᠵᠤ ᠠᠰᠬᠠᠨ ᠬᠣᠢᠰᠢ ᠪᠠᠨ ᠭᠦᠶᠦᠵᠡᠢ ᠰᠢᠦ᠃ ᠰᠢᠭᠤᠳ ᠱᠣᠩᠬᠣᠷ ᠤ᠋ᠨ ᠰᠦᠮ᠎ᠡ ᠳ᠋ᠦ᠍ ᠪᠡᠨ ᠬᠦᠷᠴᠦ ᠢᠷᠡᠭᠡᠳ᠂ ᠰᠦᠮ᠎ᠡ ᠳ᠋ᠦ᠍ ᠪᠡᠨ ᠪᠠᠰᠠ ᠣᠷᠣᠭᠰᠠᠨ ᠦᠭᠡᠢ ᠶᠦᠮ ᠠ᠋᠃ ᠠᠭᠤᠯᠠᠨ ᠣᠷᠣᠢ ᠳᠡᠭᠡᠷ᠎ᠡ ᠨᠢ ᠭᠦᠶᠦᠵᠦ ᠭᠠᠷᠤᠭᠠᠳ《 ᠣᠳᠣ ᠣᠢᠷ᠎ᠠ ᠪᠣᠯᠵᠠᠢ ᠪᠢᠵᠡ》 ᠭᠡᠳ ᠳᠠᠭᠤᠯᠠᠴᠢᠬᠠᠵᠠᠢ ᠭᠡᠨ᠎ᠡ᠃

ᠱᠣᠩᠬᠣᠷ ᠤ᠋ᠨ ᠶᠡᠬᠡ ᠠᠭᠤᠯᠠᠨ ᠤ᠋ ᠳᠡᠭᠡᠷ᠎ᠡ ᠪᠡᠨ
ᠰᠢᠪᠲᠤ ᠯᠠ ᠭᠦᠶᠦᠭᠡᠳ ᠭᠠᠷᠬᠤᠯᠠᠷ ᠳᠠ ᠬᠦᠢ
ᠴᠣᠬᠣᠮ ᠬᠦ᠌ ᠰᠠᠢᠬᠠᠨ ᠠᠯᠲᠠᠨ ᠰᠢᠷᠡᠭᠡᠲᠦ ᠮᠢᠨᠢ
ᠦᠵᠡᠭᠳᠡᠵᠦ ᠪᠠᠢᠮᠠᠷ ᠰᠠᠨᠠᠭᠳᠠᠨ᠎ᠠ ᠬᠦᠢ
ᠱᠣᠩᠬᠣᠷ ᠤ᠋ᠨ ᠶᠡᠬᠡ ᠠᠭᠤᠯᠠᠨ ᠳᠡᠭᠡᠷ᠎ᠡ ᠡᠴᠡ
ᠰᠢᠪᠲᠤᠷᠠᠭᠠᠳ ᠪᠠᠭᠤᠭᠠᠳ ᠢᠷᠡᠬᠦᠯᠡᠷ ᠳᠡ
ᠸᠠᠰᠢ ᠂ ᠶᠠᠭᠠᠬᠢᠪᠠ ᠳᠠ ᠬᠦᠢ
ᠥᠬᠢᠨ ᠪᠠᠭ᠎ᠠ ᠵᠠᠨᠠᠮ᠎ᠠ ᠭᠤᠯᠤᠤ ᠶ᠋ᠢᠨ
ᠡᠯᠵᠢᠭᠡ ᠪᠡᠨ ᠳᠣᠢᠳᠠᠬᠤ ᠨᠢ ᠰᠣᠨᠣᠰᠳᠠᠨ᠎ᠠ ᠬᠦᠢ
ᠲᠡᠷᠡ ᠠ᠋᠂ ᠲᠡᠷᠡ ᠠ᠋᠂ ᠲᠡᠨᠳᠡ ᠳᠣᠣᠷ᠎ᠠ ᠪᠠᠢᠨ᠎ᠠ ᠬᠦᠢ

ᠮᠧᠩᠵᠦ ᠬᠡᠯᠡᠨᠡᠷᠡᠨ (ᠢᠩᠭᠢᠵᠦ ᠬᠡᠯᠡᠮᠡᠭᠴᠡ ) ᠱᠣᠩᠬᠣᠷ ᠤ᠋ᠨ ᠠᠭᠤᠯᠠᠨ ᠠ᠋ᠴᠠ ᠪᠠᠭᠤᠭᠠᠳ ᠵᠡᠭᠦᠨᠰᠢ ᠭᠠᠷᠤᠭᠠᠳ ᠭᠦᠶᠦᠵᠡᠢ ᠰᠢᠦ ! ᠭᠦᠶᠦᠵᠦ ᠪᠠᠢᠲᠠᠯ᠎ᠠ ᠯᠤᠤ ( ᠶᠡᠬᠡ ) ᠰᠠᠯᠬᠢ ᠬᠥᠳᠡᠯᠦᠭᠡᠳ ᠵᠠᠮ ᠪᠥᠭᠯᠡᠷᠡᠵᠡᠢ᠂ ᠵᠠᠮ ᠢ᠋ᠶ᠋ᠠᠨ ᠡᠷᠢᠭᠡᠳ ᠭᠦᠶᠦᠵᠦ ᠪᠠᠢᠲᠠᠯ᠎ᠠ ᠂ ᠬᠣᠶᠠᠷ ᠮᠠᠯᠴᠢᠨ ᠠᠪᠤ ᠲᠠᠭᠠᠷᠠᠵᠠᠢ ᠰᠢᠦ ᠂ ᠬᠣᠶᠠᠭᠤᠯᠠ ᠪᠠᠨ ᠳᠦᠯᠡᠢ ᠬᠥᠮᠦᠨ ᠲᠠᠭᠠᠷᠠᠭᠰᠠᠨ ᠪᠠᠢᠨ᠎ᠠ ᠰᠢᠲᠠ ᠂ ᠠᠷᠤ ᠳ᠋ᠤ᠌ ᠨᠢ ᠢᠷᠡᠭᠡᠳ 《ᠠᠮᠤᠷ ᠡᠷᠢᠵᠦ ᠪᠠᠢᠨ᠎ᠠ 》ᠭᠡᠬᠦ ᠳ᠋ᠦ᠍ 《ᠠᠩᠬᠠᠨ ᠰᠠᠢ ᠭᠠᠷᠴᠤ ᠢᠷᠡᠵᠡᠢ ᠠ᠋》 ᠭᠡᠨ᠎ᠡ ᠂《 ᠮᠡᠨᠳᠦ ᠤᠤ 》 ᠭᠡᠬᠦᠯᠡᠷ《ᠮᠥᠨᠥᠬᠡᠨ ᠰᠠᠢ ᠭᠠᠷᠴᠤ ᠢᠷᠡᠵᠡᠢ》 ᠭᠡᠳ ᠬᠡᠷᠡᠯᠳᠦᠴᠢᠬᠡᠬᠦ ᠠᠯᠳᠠᠵᠠᠢ ᠂ ᠯᠠᠮ᠎ᠠ ᠣᠳᠣ ᠳᠦᠯᠡᠢ ᠭᠡᠰᠡᠨ ᠢ᠋ ᠰᠠᠢ ᠮᠡᠳᠡᠵᠡᠢ ᠂ ᠤᠷᠢᠲᠠᠢ ᠨᠢ ᠭᠠᠷᠴᠤ ᠢᠷᠡᠭᠡᠳ ᠠᠮᠤᠷ ᠡᠷᠢᠭᠡᠳ ᠠᠰᠠᠭᠤᠵᠤ ᠪᠠᠢᠨ᠎ᠠ᠂ 《 ᠲᠤᠭᠤᠯᠵᠢ ᠳ᠋ᠤ᠌ ᠣᠴᠢᠬᠤ ᠵᠠᠮ ᠬᠠᠮᠢᠭᠠᠭᠤᠷ ᠪᠠᠢᠨ᠎ᠠ ᠪᠣᠢ ! ᠪᠢ ᠲᠥᠭᠡᠷᠢᠴᠢᠬᠡᠭᠡᠳ ᠪᠠᠢᠨ᠎ᠠ 》 ᠭᠡᠬᠦ ᠳ᠋ᠦ᠍ ᠂ 《 ᠬᠠᠢ ! ᠯᠠᠮᠠ ᠬᠤᠸᠠᠷᠠᠭ ᠬᠥᠮᠦᠨ ᠪᠠᠢᠭᠠᠳ ᠶᠠᠭᠤᠨ ᠠ᠋ᠴᠠ ᠴᠤ᠌ ᠠᠶᠤᠬᠤ ᠦᠭᠡᠢ ᠶᠦᠮ 》᠂ ᠵᠡᠭᠦᠨ ᠤᠷᠲᠤ ᠦᠵᠡᠭᠳᠡᠵᠦ ᠪᠠᠢᠬᠤ ᠬᠣᠶᠠᠷ ᠪᠤᠲᠠ ᠶ᠋ᠢ ᠵᠢᠭᠠᠭᠠᠳ 《 ᠣᠴᠢ ᠠ᠋᠂ ᠪᠦᠦ ᠣᠴᠢ ᠭᠡᠬᠦ ᠳ᠋ᠦ᠍ ᠯᠤᠤ ( ᠶᠡᠬᠡ ) ᠵᠠᠮ ᠲᠠᠢ ᠶᠤᠮ᠃ ᠮᠠᠨ ᠤ᠋ ᠳᠠᠷᠬᠠᠨ ᠬᠣᠰᠢᠭᠤ ᠪᠠ ᠤᠷᠲᠤ ᠬᠤᠰᠢᠭᠤᠨ ᠳ᠋ᠤ᠌ ᠪᠤᠭ ᠡᠯᠳᠡᠩ ᠰᠢᠦ !》ᠭᠡᠬᠦ ᠳ᠋ᠦ᠍ 《ᠠᠶᠤᠬᠤ ᠦᠭᠡᠢ 》 ᠭᠡᠳ ᠭᠦᠶᠦᠭᠡᠳ ᠶᠠᠪᠤᠭᠠᠳ ᠥᠭᠴᠡᠢ ᠂ ᠪᠤᠲᠠᠨ ᠤᠭ ᠲᠤ᠌ ᠬᠦᠷᠦᠭᠡᠳ ᠣᠴᠢᠬᠤ ᠳ᠋ᠤ᠌ ᠬᠣᠶᠠᠷ ᠲᠡᠮᠡᠭᠡ ᠬᠡᠪᠲᠡᠵᠦ ᠪᠠᠢᠭᠰᠠᠨ ᠶᠤᠮ ᠠ᠋ ᠂ ᠪᠠᠭ᠎ᠠ ᠠ᠋ᠴᠠ ᠪᠠᠨ ᠯᠠᠮᠠ ᠪᠣᠯᠤᠭᠰᠠᠨ ᠪᠣᠯᠬᠣᠷ ᠲᠡᠭᠦᠨ ᠢ᠋ ᠣᠯᠵᠤ ᠦᠵᠡᠭᠰᠡᠨ ᠦᠭᠡᠢ ᠂ ᠲᠡᠮᠡᠭᠡ ᠭᠡᠳᠡᠭ ᠶᠠᠭᠤᠮ᠎ᠠ ᠪᠣᠯ ᠬᠥᠮᠦᠨ ᠢ᠋ ᠦᠵᠡᠪᠡᠯ ᠥᠯᠢᠢᠬᠦ ᠯᠡ ᠳᠤᠷᠠᠲᠠᠢ᠂ ᠤᠷᠲᠤ ᠠ᠋ᠴᠠ ᠨᠢ ᠥᠯᠢᠢᠭᠡᠳ ᠲᠡᠭᠡᠬᠦᠯᠡᠷ ᠣᠳᠣ ᠠᠶᠤᠴᠢᠬᠠᠵᠠᠢ ᠰᠢᠦ ᠂ 《 ᠪᠤᠭ ᠡᠯᠳᠡᠩ ᠭᠡᠰᠡᠨ 》 《ᠶᠠᠭ ᠲᠠᠭᠠᠷᠠᠵᠠᠢ》 ᠂ 《 ᠪᠣᠰᠤᠭ᠎ᠠ ᠪᠠᠷ ᠢ᠋ᠶ᠋ᠠᠨ ᠨᠠᠳᠠ ᠳ᠋ᠤ᠌ ᠬᠣᠶᠠᠷ ᠭᠤᠷᠪᠠ ᠪᠠᠷ ᠲᠠᠭᠠᠷᠠᠨ᠎ᠠ ᠤᠤ ᠳᠠ?》 《 ᠪᠤᠷᠬᠠᠨ ᠳ᠋ᠤ᠌ ᠪᠠᠨ ᠵᠠᠯᠪᠠᠷᠢᠵᠤ ᠪᠠᠢᠭᠠᠳ ᠠᠮᠢ ᠪᠠᠨ ᠭᠠᠷᠤᠶ᠎ᠠ ! 》 ᠭᠡᠳ ᠮᠠᠩᠨᠠᠢ ᠳᠡᠭᠡᠷ᠎ᠡ ᠪᠡᠨ ᠵᠠᠯᠪᠠᠷᠢᠭᠠᠳ ᠮᠢᠳᠠᠢᠵᠤ ᠵᠣᠭᠰᠣᠭᠠᠳ ᠳᠠᠭᠤᠯᠠᠴᠢᠬᠠᠵᠠᠢ ᠭᠡᠨ᠎ᠡ᠃

ᠬᠣᠷᠴᠢᠨ ᠤ᠋ ᠭᠠᠵᠠᠷ ᠤ᠋ᠨ ᠬᠦᠢ ᠬᠣᠣᠷᠲᠠᠢ ᠮᠠᠶᠤᠤ ᠨᠢ
ᠠᠶᠤᠮᠠᠷ ᠠᠶᠤᠮᠠᠷ ᠠᠶᠤᠵᠠᠢ ᠶᠠ
ᠬᠦᠵᠦᠭᠦᠦ ᠶ᠋ᠢᠨ ᠬᠢᠨᠢ ᠥᠨᠳᠥᠷ ᠭᠡᠳᠡᠭ ᠨᠢ ᠳᠡ
ᠬᠡᠳᠦᠨ ᠠᠯᠲᠠ ᠴᠤ᠌ ᠪᠠᠢᠬᠤ ᠶᠤᠮ ᠪᠢᠵᠡ ᠬᠦᠢ
ᠬᠡᠦᠬᠡᠨ ᠪᠠᠭ᠎ᠠ ᠵᠠᠨᠠᠮ᠎ᠠ ᠴᠢᠮ᠎ᠠ ᠶ᠋ᠢ ᠪᠡᠨ ᠬᠦᠰᠡᠵᠦ ᠰᠠᠨᠠᠶ᠎ᠠ ᠭᠡᠭᠰᠡᠭᠡᠷ ᠠ᠋
ᠸᠠᠰᠢ᠂ ᠪᠠᠷᠠᠯ᠎ᠠ ᠰᠢᠦ ᠬᠦᠢ
ᠬᠣᠷᠴᠢᠨ ᠭᠠᠵᠠᠷ ᠤ᠋ᠨ ᠬᠣᠣᠷᠲᠠᠢ ᠮᠠᠶᠤᠤ ᠳ᠋ᠤ᠌ ᠨᠢ
ᠪᠠᠷᠢᠭᠳᠠᠬᠤ ᠳᠡᠭᠡᠷ᠎ᠡ ᠪᠡᠨ ᠲᠤᠯᠵᠤ ᠪᠠᠢᠨ᠎ᠠ
ᠪᠤᠷᠬᠠᠨ᠂ ᠪᠤᠷᠬᠠᠨ ᠂ ᠵᠠᠨᠠᠮ᠎ᠠ ᠮᠢᠨᠢ ᠠᠪᠤᠷᠠ ᠠ᠋ !ᠬᠦᠢ

ᠢᠩᠭᠢᠵᠦ ᠬᠡᠯᠡᠭᠡᠳ ᠬᠣᠢᠰᠢ ᠪᠠᠨ ᠤᠬᠤᠷᠢᠵᠠᠢ ᠰᠢᠦ ᠂ ᠦᠵᠡᠵᠦ ᠪᠠᠢᠭᠰᠠᠭᠠᠷ ᠨᠠᠭᠤᠢ ᠵᠠᠢᠳᠠᠭᠰᠠᠨ ᠳᠡᠭᠡᠷ᠎ᠡ ᠪᠡᠨ ᠂ 《ᠣᠳᠣ ᠨᠢᠭᠡ ᠪᠠᠭ᠎ᠠ ᠵᠠᠯᠪᠠᠷᠢᠶ᠎ᠠ 》 ᠭᠡᠳ ᠳᠠᠭᠤᠯᠠᠴᠢᠬᠠᠵᠠᠢ ᠭᠡᠨ᠎ᠡ᠃

ᠳᠠᠷᠬᠠᠨ ᠬᠤᠰᠢᠭᠤᠨ ᠤ᠋ ᠳᠠᠪᠠᠭᠤ ᠪᠤᠵᠠᠭᠠᠢ ᠮᠠᠶᠤᠤ ᠨᠢ
ᠠᠶᠤᠮᠠᠷ ᠠᠶᠤᠮᠠᠷ ᠠᠶᠤᠵᠠᠢ ᠶᠠ ᠬᠦᠢ
ᠲᠠᠯᠤᠨ ᠤ᠋ ᠬᠢᠨᠢ ᠦᠵᠦᠭᠦᠷ ᠢ᠋ ᠨᠢ ᠳᠠᠭᠠᠭᠠᠳ
ᠳᠠᠪᠠᠭᠤ ᠬᠣᠶᠠᠷ ᠪᠣᠣᠶᠤᠤ ᠲᠠᠢ ᠬᠦᠢ
ᠳᠠᠪᠠᠭᠤ ᠴᠤ᠌ ᠲᠥᠷᠥᠭᠰᠡᠨ ᠵᠠᠨᠠᠮ᠎ᠠ ᠴᠢᠮ᠎ᠠ ᠶ᠋ᠢ ᠪᠡᠨ
ᠳᠠᠭᠠᠵᠤ ᠨᠡᠬᠡᠬᠦ ᠭᠡᠭᠰᠡᠭᠡᠷ ᠠ᠋
ᠸᠠᠰᠢ ᠂ ᠪᠠᠷᠠᠯ᠎ᠠ ᠰᠢᠦ ᠬᠦᠢ
ᠳᠠᠷᠬᠠᠨ ᠬᠤᠰᠢᠭᠤᠨ ᠤ᠋ ᠳᠠᠪᠠᠭᠤ ᠪᠤᠵᠠᠭᠠᠢ ᠮᠠᠶᠤᠤ ᠳ᠋ᠤ᠌ ᠨᠢ
ᠪᠠᠷᠢᠭᠳᠠᠬᠤ ᠳᠡᠭᠡᠷ᠎ᠡ ᠲᠤᠯᠵᠤ ᠪᠠᠢᠨ᠎ᠠ
ᠪᠤᠷᠬᠠᠨ ᠪᠤᠷᠬᠠᠨ ᠵᠠᠨᠠᠮ᠎ᠠ ᠮᠢᠨᠢ ᠠᠪᠤᠷᠠ ᠠ᠋! ᠬᠦᠢ

ᠤᠬᠤᠷᠢᠭᠰᠠᠭᠠᠷ ᠪᠠᠢᠭᠠᠳ ᠭᠣᠳ ᠭᠠᠷᠤᠭᠠᠳ ᠳᠤᠲᠠᠭᠠᠵᠠᠢ᠃

    ᠦᠰᠦᠭ ᠠᠮᠢᠯᠠᠭᠤᠯᠤᠭᠰᠠᠨ ᠨᠢ᠄ ᠭᠠᠸᠠ
    ᠦᠰᠦᠭ ᠬᠠᠲᠠᠭᠰᠠᠨ ᠨᠢ ᠄ ᠭᠠᠸᠠ
    ᠬᠢᠨᠠᠭᠴᠢ ᠪᠠᠭᠰᠢ ᠄ᠢᠷᠡᠭᠡᠳᠦᠢ
    ᠪᠢᠴᠢᠯᠭᠡ ᠵᠢᠷᠤᠭ ᠨᠠᠢᠷᠠᠭᠤᠯᠤᠭᠰᠠᠨ ᠨᠢ ᠄ ᠣᠯᠬᠣᠨᠤᠳ ᠠᠶᠤᠰᠢ