ᠭᠤᠷᠪᠠᠨ ᠭᠣᠣᠯ ᠤᠨ ᠨᠡᠭᠦᠳᠡᠯ ᠮᠠᠯᠵᠢᠯ-ᠳᠠᠪᠬᠤᠷᠪᠠᠶᠠᠷ Гураван голын нүүдэл малжил-Давхарбаяр ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠷᠪᠠᠨ ᠭᠣᠣᠯ ᠤᠨ ᠨᠡᠭᠦᠳᠡᠯ ᠮᠠᠯᠵᠢᠯ-ᠳᠠᠪᠬᠤᠷᠪᠠᠶᠠᠷ Гураван голын нүүдэл малжил-Давхарбаяр

ᠭᠤᠷᠪᠠᠨ ᠭᠣᠣᠯ ᠤᠨ ᠨᠡᠭᠦᠳᠡᠯ ᠮᠠᠯᠵᠢᠯ-ᠳᠠᠪᠬᠤᠷᠪᠠᠶᠠᠷ Гураван голын нүүдэл малжил-Давхарбаяр

2025-06-29

633

ᠭᠤᠷᠪᠠᠨ ᠭᠣᠣᠯ ᠤ᠋ᠨ ᠨᠡᠭᠦᠳᠡᠯ ᠮᠠᠯᠵᠢᠯ

   ᠦᠭᠡ᠄ ᠳᠠᠮᠷᠢᠨᠵᠠᠪ 
   ᠬᠣᠯᠪᠣᠭ᠎ᠠ᠄ ᠳᠠᠪᠬᠤᠷᠪᠠᠶᠠᠷ 

ᠳᠡᠯᠡᠬᠡᠢ ᠶ᠋ᠢᠨ ᠥᠪ ᠲᠦ᠍ ᠰᠣᠶᠣᠯ ᠢ᠋ᠶ᠋ᠠᠨ ᠲᠡᠮᠳᠡᠭᠯᠡᠭᠦᠯᠦᠭᠰᠡᠨ 
ᠳᠡᠯᠭᠡᠷ ᠰᠠᠢᠬᠠᠨ ᠨᠡᠭᠦᠳᠡᠯ ᠮᠠᠯᠵᠢᠯ ᠤ᠋ᠨ ᠵᠤᠰᠠᠯᠠᠩ ᠲᠠᠢ 
ᠲᠡᠷᠲᠡᠭᠡ ᠢᠵᠠᠭᠤᠷ ᠠ᠋ᠴᠠ ᠮᠠᠯᠴᠢᠨ ᠠᠷᠠᠳ ᠢ᠋ᠶ᠋ᠠᠨ ᠲᠡᠳᠬᠦᠭᠰᠡᠨ 
ᠲᠡᠦᠬᠡ ᠴᠠᠳᠢᠭ ᠤ᠋ᠨ ᠦᠯᠢᠭᠡᠷ ᠳᠣᠮᠣᠭᠲᠤ ᠪᠠᠢᠭᠠᠯᠢ ᠲᠠᠢ 

ᠤᠰᠤ ᠪᠠᠨ ᠳᠠᠭᠠᠭᠠᠳ ᠲᠠᠢᠪᠤᠭᠤᠬᠠᠨ ᠨᠡᠭᠦᠳᠡᠯᠯᠡᠭᠰᠡᠨ 
ᠣᠲᠣᠷ ᠤ᠋ᠨ ᠥᠩᠭᠡ ᠲᠡᠢ ᠭᠤᠷᠪᠠᠨ ᠭᠣᠣᠯ ᠮᠢᠨᠢ ᠠ᠋ 
ᠤᠬᠠᠭᠠᠨ ᠢ᠋ᠶ᠋ᠠᠨ ᠰᠡᠯᠭᠦᠵᠦ ᠳᠡᠯᠡᠬᠡᠢ ᠳ᠋ᠦ᠍ ᠵᠣᠬᠢᠴᠠᠭᠰᠠᠨ 
ᠤᠳᠤᠮ ᠤ᠋ᠨ ᠪᠠᠶᠠᠨ ᠠᠷᠤ ᠬᠣᠷᠴᠢᠨ ᠨᠤᠲᠤᠭ ᠮᠢᠨᠢ 

ᠪᠡᠯᠴᠢᠭᠡᠷ ᠰᠣᠯᠢᠨ ᠮᠠᠯ ᠢ᠋ᠶ᠋ᠠᠨ ᠥᠰᠬᠡᠭᠰᠡᠨ 
ᠪᠤᠭᠤᠷᠤᠯ ᠠᠪᠤ ᠶ᠋ᠢᠨ ᠠᠮᠤᠭᠤᠯᠠᠩ ᠬᠥᠳᠡᠭᠡ 
ᠪᠠᠯᠴᠢᠷ ᠦᠷᠡᠰ ᠢ᠋ᠶ᠋ᠠᠨ ᠰᠦ ᠪᠡᠷ ᠢᠪᠡᠭᠡᠭᠰᠡᠨ 
ᠪᠤᠶᠠᠨᠲᠠᠢ ᠡᠵᠢ ᠶ᠋ᠢᠨ ᠮᠢᠨᠢ ᠭᠤᠷᠪᠠᠨ ᠭᠣᠣᠯ ᠤ᠋ᠨ ᠤᠰᠤ ᠠ 

ᠳ᠋ᠠᠯᠠᠷ ᠤ᠋ᠨ ᠭᠣᠣᠯ ᠤ᠋ᠨ ᠣᠲᠣᠷ ᠨᠢ ᠰᠦ ᠰᠠᠭᠠᠯᠢ ᠪᠠᠷ ᠴᠠᠢᠯᠵᠠᠳᠠᠭ ᠂
ᠰᠦᠵᠢ ᠶᠢᠨ ᠭᠣᠣᠯ ᠤ᠋ᠨ ᠪᠠᠭᠤᠴᠠ ᠨᠢ ᠴᠡᠭᠡ ᠠᠢᠷᠠᠭ ᠰᠡᠩᠭᠢᠨᠡᠳᠡᠭ 
ᠬᠠᠬᠢᠷ ᠤ᠋ᠨ ᠭᠣᠣᠯ ᠤ᠋ᠨ ᠵᠤᠰᠠᠭᠠᠯ ᠨᠢ ᠬᠤᠷᠤᠳ ᠲᠣᠰᠣ ᠪᠠᠷ ᠬᠠᠯᠭᠢᠯᠠᠳᠠᠭ ᠂
ᠭᠤᠷᠪᠠᠨ ᠭᠣᠣᠯ ᠤ᠋ᠨ ᠨᠡᠭᠦᠳᠡᠯ ᠮᠠᠯᠵᠢᠯ ᠰᠦᠷᠦᠭ ᠦ᠋ᠨ ᠬᠡᠰᠢᠭ ᠢ᠋ᠶ᠋ᠡᠷ ᠪᠢᠯᠬᠠᠷᠠᠳᠠᠭ᠃ 

ᠤᠯᠠᠭᠠᠨᠬᠠᠳᠠ ᠢᠲᠠᠭᠤᠲᠤ ᠪᠣᠷᠣ ᠥᠨᠳᠥᠷ ᠦ᠋ᠨ ᠣᠩᠭᠣᠨ ᠠᠭᠤᠯᠠ ᠬᠥᠪᠴᠢ ᠬᠠᠩᠭᠠᠢ ᠲᠠᠢ 
ᠣᠯᠣᠮ᠂ ᠳᠠᠪᠠᠭ᠎ᠠ᠂ ᠬᠠᠪᠴᠢᠯ ᠵᠢᠯᠠᠭ᠎ᠠ ᠳ᠋ᠠᠬᠢ ᠰᠠᠢᠬᠠᠨ ᠨᠡᠭᠦᠳᠡᠯ ᠦ᠋ᠨ ᠪᠠᠭᠤᠴᠠ ᠲᠠᠢ 
ᠲᠠᠯ᠎ᠠ ᠶ᠋ᠢᠨ ᠬᠤᠸᠠ᠂ ᠬᠥᠨᠳᠡᠯᠡᠨ᠂ ᠴᠠᠭᠠᠨ ᠥᠨᠳᠥᠷ ᠦ᠋ᠨ ᠲᠣᠷᠭᠠᠨ ᠰᠤᠷ ᠲᠠᠢ ᠠᠭᠤᠳᠠᠮ ᠪᠡᠯᠴᠢᠭᠡᠷ ᠲᠡᠢ 
ᠲᠠᠯ᠎ᠠ᠂ ᠰᠢᠯᠢ᠂ ᠬᠥᠨᠳᠡᠢ ᠳ᠋ᠡᠬᠢ ᠲᠠᠩᠰᠤᠭ ᠠᠷᠢᠭᠤᠬᠠᠨ ᠵᠤᠰᠠᠭᠠᠯ ᠤ᠋ᠨ ᠠᠢᠯ ᠲᠠᠢ 

ᠬᠠᠬᠢᠷ᠂ ᠳ᠋ᠠᠯᠠᠷ᠂ ᠰᠦᠵᠢ ᠶ᠋ᠢᠨ ᠭᠤᠷᠪᠠᠨ ᠭᠣᠣᠯ ᠬᠠᠯᠠᠭᠤᠨ ᠨᠤᠲᠤᠭ ᠤ᠋ᠨ ᠠᠮᠢᠨ ᠰᠤᠳᠠᠰᠤ 
ᠬᠠᠨ ᠬᠠᠢᠷᠬᠠᠨ᠂ ᠠᠪᠠᠭ᠎ᠠ᠂ ᠶᠣᠯᠣᠲᠤ ᠠᠭᠤᠯᠠᠰ ᠬᠠᠷᠠᠬᠤ ᠨᠢᠳᠦᠨ ᠦ᠌ ᠢᠲᠡᠭᠡᠯ ᠦ᠋ᠨ ᠳᠡᠯᠡᠬᠡᠢ 
ᠨᠡᠭᠦᠳᠡᠯ ᠦ᠋ᠨ ᠲᠣᠭᠣᠰᠣ ᠶ᠋ᠢ ᠨᠢ ᠳᠠᠷᠤᠨ᠎ᠠ ᠭᠡᠳ ᠨᠠᠮᠢᠷᠠᠭ᠎ᠠ ᠬᠤᠷ᠎ᠠ ᠰᠢᠪᠡᠷᠡᠨ ᠪᠠᠭᠤᠳᠠᠭ 
ᠨᠠᠰᠤᠲᠠᠨ ᠨᠢᠯᠬᠠᠰ ᠢ᠋ᠶ᠋ᠠᠨ ᠪᠠᠶᠠᠰᠬᠠᠨ᠎ᠠ ᠭᠡᠳ ᠨᠠᠢᠷ ᠤ᠋ᠨ ᠤᠷᠢᠯᠭ᠎ᠠ ᠨᠡᠭᠦᠳᠡᠯ ᠳᠠᠮᠵᠢᠨ ᠢᠷᠡᠳᠡᠭ 

ᠲᠠᠯ᠎ᠠ ᠶ᠋ᠢᠨ ᠢ᠋ᠶ᠋ᠡᠨ ᠲᠡᠨᠢᠭᠡᠷ ᠢ᠋ ᠬᠠᠷᠠᠭᠤᠯᠬᠤ ᠭᠡᠵᠦ 
ᠲᠠᠷᠭᠤᠨ ᠰᠦᠷᠦᠭ ᠦ᠋ᠳ ᠨᠢ ᠣᠳᠣ ᠰᠢᠭ᠋ ᠢᠷᠠᠢᠨ᠎ᠠ 
ᠲᠩᠷᠢ ᠶ᠋ᠢᠨ ᠬᠡᠰᠢᠭ ᠢ᠋ ᠬᠤᠷᠤᠢᠯᠠᠬᠤ ᠭᠡᠵᠦ 
ᠲᠠᠯ᠎ᠠ ᠶ᠋ᠢᠨ ᠮᠠᠯᠴᠢᠳ ᠲᠠᠨᠠᠨ ᠭᠡᠷ ᠲᠡᠭᠡᠨ ᠵᠤᠰᠠᠨ᠎ᠠ 

ᠠᠰ ᠳᠠᠪᠠᠭ᠎ᠠ᠂ ᠪᠠᠶᠠᠨ ᠭᠡᠷ᠂ ᠭᠠᠨᠵᠤᠤᠷ ᠣᠪᠣᠭ᠎ᠠ᠂ ᠠᠴᠢᠯᠠᠩ᠂ ᠬᠠᠯᠠᠭᠠᠢᠲᠤ᠂ ᠮᠣᠢᠯᠲᠤ᠂ ᠰᠡᠩᠬᠡᠷ ᠁ 
ᠠᠲᠠᠷ ᠠᠭᠤᠵᠢᠮ ᠠᠪᠤ ᠶ᠋ᠢᠨ ᠮᠢᠨᠢ ᠥᠯᠥᠭᠡᠢ ᠠᠳᠤᠭᠤ ᠮᠠᠯ ᠤ᠋ᠨ ᠮᠢᠨᠢ ᠠᠮᠢᠨ ᠲᠡᠵᠢᠭᠡᠯᠲᠦ ᠭᠠᠵᠠᠷ 
ᠮᠠᠯᠠᠭᠠᠢ ᠶ᠋ᠢᠨ ᠳᠠᠪᠠᠭ᠎ᠠ᠂ ᠬᠠᠷᠠᠭᠤᠯ ᠤ᠋ᠨ ᠱᠣᠷᠣᠩ᠂ ᠠᠯᠢᠶ᠎ᠠ᠂ ᠠᠢᠷᠭᠠᠨᠲᠤ ᠂ ᠬᠥᠬᠡ ᠤᠰᠤ 
ᠬᠥᠮᠦᠨ ᠵᠤᠨ ᠤ᠋ ᠮᠢᠨᠢ ᠳᠡᠭᠡᠳᠦᠰ ᠡᠴᠡ ᠥᠪᠯᠡᠭᠰᠡᠨ ᠥᠨᠢᠷ ᠰᠦᠷᠦᠭ ᠦ᠋ᠨ ᠮᠢᠨᠢ ᠪᠡᠯᠴᠢᠭᠡᠷᠲᠤ ᠣᠷᠣᠨ 

ᠪᠤᠯᠠᠭ ᠱᠠᠩᠳᠠ ᠶ᠋ᠢᠨ ᠬᠢᠨᠢ ᠲᠤᠩᠭᠠᠯᠠᠭ ᠣᠨᠳᠣᠷᠣᠯ ᠳ᠋ᠤ᠌ ᠨᠢ ᠪᠤᠮᠠᠨ ᠴᠡᠴᠡᠭᠡᠰ ᠳᠡᠯᠭᠡᠷᠡᠳᠡᠭ ᠦᠵᠡᠮᠵᠢ ᠲᠡᠢ 
ᠪᠣᠯᠵᠣᠮᠣᠷ ᠰᠢᠪᠠᠭᠤᠳ ᠤ᠋ᠨ ᠵᠢᠷᠭᠢᠬᠦ ᠦᠷ ᠢ᠋ᠶ᠋ᠡᠷ ᠪᠦᠲᠦᠨ ᠠᠮᠢᠳᠤᠷᠠᠯ ᠡᠷᠦᠬᠡ ᠪᠡᠨ ᠰᠡᠬᠦᠳᠡᠭ ᠤᠴᠢᠷ ᠲᠠᠢ 
ᠨᠠᠷᠠᠨ ᠠᠮᠠᠷᠠᠵᠤ ᠨᠠᠮᠤᠷ ᠰᠠᠭᠠᠲᠠᠬᠤ ᠶ᠋ᠢᠨ ᠳᠤᠮᠳᠠᠭᠤᠷ ᠨᠠᠪᠴᠢᠰ ᠪᠣᠯᠪᠠᠰᠤᠷᠠᠵᠤ ᠵᠢᠮᠢᠰ ᠤᠯᠠᠢᠬᠤ ᠶ᠋ᠢᠨ ᠠᠭᠱᠠᠨ ᠳ᠋ᠤ᠌᠂ 
ᠨᠠᠷᠭᠢᠶᠠᠨ ᠬᠥᠭᠵᠢᠶᠡᠨ ᠲᠡᠢ ᠵᠤᠰᠠᠭᠠᠯ ᠤ᠋ᠨ ᠡᠳᠦᠷ ᠦ᠋ᠳ ᠨᠠᠯᠠᠭᠠᠷ ᠤᠯᠠᠷᠢᠯ᠂ᠲᠣᠭᠠᠴᠢᠨ ᠨᠤᠲᠤᠭ ᠪᠤᠴᠠᠳᠠᠭ 
ᠤᠴᠢᠷ ᠲᠠᠢ 

ᠮᠠᠰᠢᠨ ᠮᠣᠷᠢᠲᠠᠢ ᠮᠠᠯᠴᠢᠳ ᠮᠠᠯ ᠤ᠋ᠨ ᠬᠥᠯ ᠢ᠋ᠶ᠋ᠡᠨ ᠳᠠᠭᠠᠭᠠᠳ 
ᠮᠢᠬ᠎ᠠ ᠲᠠᠷᠭᠤ ᠲᠠᠢ ᠰᠦᠷᠦᠭ ᠨᠢ ᠬᠣᠩᠭᠣᠷ ᠵᠢᠪᠠᠷ ᠢ᠋ᠶ᠋ᠠᠨ ᠪᠠᠷᠢᠭᠠᠳ 
ᠮᠠᠨ ᠤ᠋ ᠬᠢᠨ ᠲᠠᠨ ᠤ᠋ ᠬᠢᠨ ᠬᠣᠢᠨ᠎ᠠ ᠡᠮᠦᠨ᠎ᠡ ᠪᠡᠨ ᠴᠥᠷᠬᠡᠯᠡᠨ᠂ 
ᠮᠢᠩᠭ᠎ᠠ ᠪᠠᠷ ᠲᠣᠭᠠᠯᠠᠮ᠎ᠠ ᠵᠤᠰᠠᠭᠠᠯ ᠤ᠋ᠳ ᠤᠶᠠᠩᠭᠠᠷᠠᠨ᠎ᠠ 

ᠪᠠᠭᠤᠴᠠ ᠰᠠᠭᠤᠷᠢᠰᠢᠯ ᠢ᠋ᠶ᠋ᠠᠨ ᠲᠡᠭᠰᠢ ᠴᠡᠪᠡᠷᠯᠡᠭᠡᠳ 
ᠪᠤᠵᠠᠷ ᠬᠣᠭ ᠢ᠋ᠶ᠋ᠠᠷ ᠪᠠᠢᠭᠠᠯᠢ ᠪᠠᠨ ᠪᠢᠯᠳᠠᠳᠠᠭ ᠦᠭᠡᠢ 
ᠪᠠᠢᠷᠢ ᠵᠠᠢ ᠪᠠᠨ ᠰᠢᠨᠵᠢᠯᠡᠨ ᠵᠣᠬᠢᠴᠠᠭᠤᠯᠤᠭᠠᠳ 
ᠪᠣᠯᠪᠠᠰᠤᠨ ᠢ᠋ᠶ᠋ᠠᠷ ᠨᠡᠭᠦᠳᠡᠯᠯᠡᠵᠦ ᠪᠣᠯᠭᠣᠮᠵᠢᠲᠠᠢ ᠠᠶᠠᠯᠠᠳᠠᠭ᠂ 

ᠭᠤᠷᠪᠠᠨ ᠭᠣᠣᠯ ᠤ᠋ᠨ ᠨᠡᠭᠦᠳᠡᠯ ᠮᠠᠯᠵᠢᠯ ᠮᠢᠨᠢ 
ᠭᠣᠶᠣᠮᠰᠣᠭ ᠰᠠᠢᠬᠠᠨ ᠪᠠᠢᠭᠠᠯᠢᠯᠢᠭ ᠰᠣᠶᠣᠯ ᠶᠤᠮ᠂ 
ᠭᠠᠵᠠᠷ ᠤᠰᠤᠨ ᠤ᠋ ᠳᠠᠷᠬᠠᠨ ᠬᠡᠰᠢᠭ ᠢ᠋ᠶ᠋ᠡᠷ ᠢ᠋ᠶ᠋ᠡᠨ 
ᠭᠤᠶᠤᠵᠤ ᠴᠢᠮᠡᠭᠯᠡᠭᠰᠡᠨ ᠰᠡᠳᠬᠢᠯ ᠦ᠋ᠨ ᠬᠠᠳᠠᠭ ᠶᠤᠮ 

ᠮᠥᠩᠬᠡ ᠲᠩᠷᠢ ᠶ᠋ᠢᠨ ᠬᠥᠬᠡ ᠥᠩᠭᠡᠨ ᠦ᠌ ᠲᠥᠯᠥᠭᠡ 
ᠮᠥᠩᠭᠥᠨ ᠳᠡᠯᠡᠬᠡᠢ ᠶ᠋ᠢᠨ ᠨᠣᠭᠣᠭᠠᠨ ᠠᠮᠢ ᠶ᠋ᠢᠨ ᠲᠥᠯᠥᠭᠡ 
ᠲᠩᠷᠢᠯᠢᠭ ᠳᠡᠭᠡᠳᠦᠰ ᠦ᠋ᠨ ᠮᠢᠨᠢ ᠨᠡᠭᠦᠳᠡᠯ ᠰᠣᠶᠣᠯ ᠢ᠋ᠶ᠋ᠠᠨ ᠤᠯᠠᠮᠵᠢᠯᠠᠭᠰᠠᠨ 
ᠬᠡᠢᠮᠣᠷᠢᠯᠢᠭ ᠮᠠᠯᠴᠢᠳ ᠤ᠋ᠨ ᠮᠢᠨᠢ ᠣᠲᠣᠷ ᠮᠠᠯᠵᠢᠯ ᠢ᠋ᠶ᠋ᠠᠨ ᠥᠪᠯᠡᠭᠰᠡᠨ 

ᠣᠪᠣᠭ᠎ᠠ ᠪᠠᠨ ᠲᠠᠬᠢᠵᠤ ᠪᠠᠢᠭᠠᠯᠢ ᠪᠠᠨ ᠰᠢᠲᠦᠳᠡᠭ᠂ 
ᠮᠣᠷᠢᠲᠠᠨ ᠤᠭᠰᠠᠭᠠᠲᠠᠨ ᠤ᠋ ᠲᠤᠤᠯᠢ ᠲᠠᠢ ᠣᠷᠣᠨ᠂ 
ᠰᠠᠴᠤᠯᠢ ᠡᠷᠭᠦᠵᠦ ᠰᠠᠢᠬᠠᠨ ᠢ᠋ ᠪᠡᠯᠭᠡᠳᠡᠳᠡᠭ 
ᠢᠰᠡᠭᠡᠢ ᠲᠤᠭᠤᠷᠭᠠᠲᠠᠨ ᠤ᠋ ᠱᠠᠰᠲᠢᠷ ᠲᠠᠢ ᠭᠠᠵᠠᠷ᠂ 

ᠠᠭᠠᠷᠤᠤᠯ ᠡᠭᠡᠵᠡᠭᠡᠢ ᠪᠡᠷ ᠳᠡᠭᠡᠪᠦᠷ ᠢ᠋ᠶ᠋ᠡᠨ ᠭᠤᠶᠤᠭᠰᠠᠨ 
ᠠᠭᠲᠠ ᠬᠦᠯᠦᠭ ᠢ᠋ᠶ᠋ᠡᠷ ᠤᠶᠠᠭ᠎ᠠ ᠪᠠᠨ ᠴᠢᠮᠡᠭᠰᠡᠨ 
ᠠᠷᠪᠠᠨ ᠰᠤᠮᠤ ᠭᠤᠷᠪᠠᠨ ᠭᠣᠣᠯ ᠤ᠋ᠨ ᠨᠡᠭᠦᠳᠡᠯ ᠮᠠᠯᠵᠢᠯ 
ᠠᠷᠢᠭᠤᠨ ᠳᠠᠭᠰᠢᠨ ᠠᠷᠤ ᠬᠣᠷᠴᠢᠨ ᠤ᠋ ᠮᠢᠨᠢ ᠪᠠᠬᠠᠷᠬᠠᠯ 

ᠨᠠᠷᠠᠨ ᠤ᠋ ᠪᠣᠷᠣ ᠮᠠᠯᠴᠢᠳ ᠢ᠋ᠶ᠋ᠠᠨ ᠨᠠᠷᠠᠯᠠᠭ ᠬᠣᠷᠸ᠎ᠠ ᠳ᠋ᠤ᠌ ᠠᠯᠳᠠᠷᠰᠢᠭᠤᠯᠤᠶ᠎ᠠ᠂ 
ᠮᠢᠩᠭᠠᠨ ᠮᠡᠷᠭᠡᠵᠢᠯ ᠦ᠋ᠨ ᠰᠤᠳᠤᠷᠴᠢᠳ ᠢ᠋ᠶ᠋ᠠᠨ ᠮᠠᠭᠲᠠᠭᠠᠯ ᠮᠧᠲ᠋ᠠᠯ ᠢ᠋ᠶ᠋ᠠᠷ ᠤᠷᠮᠠᠰᠢᠭᠤᠯᠤᠶ᠎ᠠ 
ᠨᠠᠮ ᠵᠠᠰᠠᠭ ᠤ᠋ᠨ ᠵᠢᠯᠣᠭᠣᠳᠤᠯᠭ᠎ᠠ ᠲᠠᠢ ᠥᠷᠲᠡᠭᠡ ᠪᠠᠭᠤᠴᠠ ᠶ᠋ᠢᠨ ᠦᠢᠯᠡᠴᠢᠯᠡᠭᠡ ᠲᠡᠢ᠂ 
ᠠᠮᠤᠭᠤᠯᠠᠩᠲᠤ ᠨᠤᠲᠤᠭ ᠤ᠋ᠨ ᠢ᠋ᠶ᠋ᠠᠨ ᠮᠠᠯᠵᠢᠬᠤ ᠰᠣᠶᠣᠯ ᠢ᠋ᠶ᠋ᠠᠨ ᠠᠯᠲᠠᠨ ᠳᠡᠯᠡᠬᠡᠢ ᠳ᠋ᠦ᠍ ᠠᠰᠢᠳᠠ ᠮᠠᠨᠳᠤᠭᠤᠯᠤᠶ᠎ᠠ 

   ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
   ᠬᠢᠨᠠᠭᠴᠢ ᠪᠠᠭᠰᠢ᠄ ᠵᠠᠯᠭᠠᠬᠦᠦ᠂ ᠣᠳᠬᠠᠨᠰᠣ᠎ᠠ