ᠪᠠᠲᠤᠯᠠБадулаBadula
ᠪᠠᠲᠤᠯᠠ
ᠲᠤᠰ ᠡᠮ ᠪᠣᠯ ᠤᠳᠠᠪᠠᠯ᠎ᠠ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠪᠠᠲᠤᠯᠠ ᠶ᠋ᠢᠨ ᠬᠠᠲᠠᠭᠠᠭᠰᠠᠨ ᠴᠡᠴᠡᠭ ᠪᠦᠬᠦᠢ ᠪᠦᠬᠦᠯᠢ ᠡᠪᠡᠰᠦ ᠮᠥᠨ᠃
[ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃30~50cm ᠥᠨᠳᠥᠷ᠂ ᠬᠦᠷᠡᠩ ᠥᠩᠭᠡᠲᠦ ᠱᠣᠷᠣᠯᠵᠢᠨ ᠦᠨᠳᠦᠰᠦ ᠲᠡᠢ᠃ ᠡᠰᠢ ᠨᠢ ᠰᠢᠯᠤᠭᠤᠨ᠂ ᠴᠥᠭᠡᠨ ᠰᠠᠯᠠᠭᠠᠯᠠᠨ᠎ᠠ᠃ ᠨᠠᠪᠴᠢ ᠨᠢ ᠴᠤᠪᠤᠷᠠᠨ ᠤᠷᠭᠤᠨ᠎ᠠ᠂ ᠤᠵᠠᠭᠤᠷ ᠤ᠋ᠨ ᠨᠠᠪᠴᠢ ᠨᠢ ᠣᠯᠠᠨ᠂ ᠤᠷᠲᠤ ᠲᠣᠭᠣᠷᠢᠭ ᠬᠡᠯᠪᠡᠷᠢ ᠲᠡᠢ᠂3.5~8cm ᠤᠷᠲᠤ᠂ 1~2cm ᠥᠷᠭᠡᠨ᠂ ᠱᠣᠪᠬᠣ ᠦᠵᠦᠭᠦᠷ ᠲᠡᠢ᠂ ᠱᠣᠪᠲᠤᠭᠤᠷ ᠤᠭ ᠲᠠᠢ᠂ ᠡᠮᠲᠡᠷᠬᠡᠢ ᠰᠢᠭ ᠬᠡᠷᠴᠢᠶᠡᠰᠤᠲᠦ ᠬᠥᠪᠡᠭᠡ ᠲᠡᠢ᠂ ᠡᠰᠢᠨ ᠳ᠋ᠡᠬᠢ ᠨᠠᠪᠴᠢ ᠨᠢ ᠨᠡᠯᠢᠶᠡᠳ ᠨᠠᠷᠢᠨ ᠵᠢᠵᠢᠭ᠂ ᠤᠷᠲᠤᠯᠵᠢᠨ ᠲᠣᠭᠣᠷᠢᠭ᠂ ᠤᠭ ᠤ᠋ᠨ ᠬᠡᠰᠡᠭ ᠨᠢ ᠲᠣᠮᠣᠷᠠᠭᠠᠳ ᠴᠢᠬᠢ ᠰᠢᠭ ᠡᠰᠢ ᠪᠡᠨ ᠪᠠᠭᠯᠠᠭᠰᠠᠨ ᠪᠠᠢᠳᠠᠭ᠃ ᠥᠳᠥᠯᠢᠭ ᠣᠨᠢ ᠭᠠᠷᠬᠤ ᠪᠤᠶᠤ ᠵᠢᠭᠳᠡ ᠪᠤᠰᠤ ᠡᠮᠲᠡᠷᠬᠡᠢ ᠬᠡᠷᠴᠢᠶᠡᠰᠤᠲᠦ ᠬᠥᠪᠡᠭᠡ ᠲᠡᠢ᠃ ᠣᠯᠠᠨ ᠲᠣᠯᠣᠭᠠᠢ ᠬᠡᠯᠪᠡᠷᠢᠲᠦ ᠪᠠᠭ ᠴᠡᠴᠡᠭ ᠨᠢ ᠲᠡᠭᠰᠢ ᠣᠷᠣᠢᠲᠤ ᠪᠣᠯᠵᠤ ᠪᠠᠢᠷᠢᠯᠠᠨ᠎ᠠ᠃ ᠶᠡᠷᠦᠩᠬᠡᠢ ᠪᠠᠭᠯᠠᠭᠴᠢ ᠨᠢ ᠬᠣᠭᠣᠯᠠᠢ ᠬᠡᠯᠪᠡᠷᠢ ᠲᠡᠢ᠂ 5~6mm ᠤᠷᠲᠤ᠂2~2.5mm ᠥᠷᠭᠡᠨ᠂ ᠭᠠᠳᠠᠷ ᠮᠥᠷ ᠦ᠋ᠨ ᠶᠡᠷᠦᠩᠬᠡᠢ ᠪᠠᠭᠯᠠᠭᠴᠢ ᠢᠯᠲᠠᠰᠤ ᠨᠢ ᠣᠬᠣᠷ ᠵᠢᠵᠢᠭ᠂ ᠥᠨᠳᠡᠭᠡᠯᠵᠢᠨ ᠬᠡᠯᠪᠡᠷᠢ ᠲᠡᠢ᠂ ᠳᠣᠲᠣᠷ᠎ᠠ ᠮᠥᠷ ᠦ᠋ᠨ ᠶᠡᠷᠦᠩᠬᠡᠢ ᠪᠠᠭᠯᠠᠭᠴᠢ ᠢᠯᠲᠠᠰᠤ ᠨᠢ ᠨᠡᠯᠢᠶᠡᠳ ᠨᠠᠷᠢᠨ ᠤᠷᠲᠤ᠂ ᠴᠡᠴᠡᠭ ᠨᠢ ᠪᠦᠬᠦᠨ ᠢ᠋ᠶ᠋ᠡᠷ ᠢ᠋ᠶ᠋ᠡᠨ ᠬᠡᠯᠡ ᠬᠡᠯᠪᠡᠷᠢ ᠲᠡᠢ᠂ ᠴᠡᠴᠡᠭ ᠦ᠋ᠨ ᠳᠡᠯᠪᠢ ᠨᠢ ᠰᠢᠷ᠎ᠠ᠂7~8mm ᠤᠷᠲᠤ᠃ ᠲᠤᠷᠠᠩᠬᠠᠢ ᠵᠢᠮᠢᠰ ᠨᠢ ᠡᠭᠡᠷᠡᠦᠯ ᠬᠡᠯᠪᠡᠷᠢ ᠲᠡᠢ᠃2~3mm ᠤᠷᠲᠤ᠂ ᠬᠠᠷ᠎ᠠ ᠬᠦᠷᠡᠩ ᠥᠩᠭᠡ ᠲᠡᠢ᠂ ᠣᠬᠣᠷ ᠬᠣᠱᠣᠣ ᠲᠠᠢ᠂ ᠲᠢᠲᠢᠮ ᠦᠰᠦ ᠨᠢ ᠴᠠᠭᠠᠨ᠂3~4mm ᠤᠷᠲᠤ᠂6~7 ᠳ᠋ᠤᠭᠠᠷ ᠰᠠᠷ᠎ᠠ ᠳ᠋ᠤ᠌ ᠴᠡᠴᠡᠭᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠠᠭᠤᠯᠠ ᠶ᠋ᠢᠨ ᠬᠠᠵᠠᠭᠤ᠂ ᠭᠣᠣ ᠭᠠᠩᠭ᠎ᠠ᠂ ᠪᠤᠲᠠ ᠰᠥᠭᠡᠭ ᠪᠣᠯᠤᠨ ᠣᠢ ᠶ᠋ᠢᠨ ᠬᠥᠪᠡᠭᠡ ᠳ᠋ᠦ᠍ ᠤᠷᠭᠤᠨ᠎ᠠ᠃ ᠵᠡᠭᠦᠨ ᠬᠣᠢᠲᠤ ᠣᠷᠣᠨ᠂ ᠤᠮᠠᠷᠠᠲᠤ ᠣᠷᠣᠨ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠵᠤᠨ᠂ ᠨᠠᠮᠤᠷ ᠪᠦᠬᠦᠯᠢ ᠡᠪᠡᠰᠦ ᠶ᠋ᠢ ᠨᠢ ᠲᠡᠭᠦᠵᠦ᠂ ᠰᠢᠪᠡᠷ ᠰᠢᠷᠣᠢ ᠬᠢᠭᠡᠳ ᠬᠤᠪᠠᠬᠠᠢ ᠨᠠᠪᠴᠢ ᠶ᠋ᠢ ᠨᠢ ᠠᠷᠢᠯᠭᠠᠨ ᠴᠡᠪᠡᠷᠯᠡᠭᠡᠳ ᠬᠡᠷᠴᠢᠵᠦ᠂ ᠰᠡᠭᠦᠳᠡᠷ ᠲᠦ᠍ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠭᠠᠰᠢᠭᠤᠨ᠂ ᠭᠤᠱᠤᠭᠤᠨ ᠠᠮᠲᠠ ᠲᠠᠢ᠂ ᠰᠡᠷᠢᠭᠦᠨ ᠴᠢᠨᠠᠷ ᠲᠠᠢ᠂ ᠬᠤᠷᠴᠠ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠳᠤᠷ᠎ᠠ ᠶ᠋ᠢ ᠨᠡᠭᠡᠭᠡᠬᠦ᠂ ᠬᠣᠣᠷ ᠢ᠋ ᠲᠠᠢᠯᠬᠤ᠂ ᠶᠠᠰᠤ ᠶ᠋ᠢ ᠵᠠᠯᠭᠠᠬᠤ᠂ ᠪᠡᠲᠡᠭᠢ ᠶ᠋ᠢ ᠡᠪᠳᠡᠬᠦ ᠴᠢᠳᠠᠯ ᠲᠠᠢ᠃ ᠭᠣᠣᠯᠳᠠᠭᠤ ᠳᠤᠷ᠎ᠠ ᠬᠠᠭᠠᠭᠳᠠᠭᠰᠠᠨ᠂ ᠬᠣᠣᠷ ᠤ᠋ᠨ ᠬᠠᠯᠠᠭᠤᠨ᠂ ᠶᠠᠰᠤ ᠪᠡᠷᠲᠡᠭᠰᠡᠨ᠂ ᠰᠢᠳᠦ ᠡᠪᠡᠳᠬᠦ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄苦碟子(抱茎苦荬莱)
ᠠᠩᠭ᠌ᠯᠢ ᠨᠡᠷ᠎ᠡ᠄LXeris sonchifolia (Bunge) Hance
ᠦᠰᠦᠭ ᠠᠮᠢᠯᠠᠭᠤᠯᠤᠭᠴᠢ᠄ ᠣᠶᠤᠨᠴᠢᠮᠡᠭ
ᠬᠢᠨᠠᠭᠴᠢ᠄ ᠤᠷᠠᠨᠴᠢᠮᠡᠭ
