《 ᠪᠠᠶᠠᠨᠴᠠᠭᠠᠨ》 ᠨᠠᠭᠤᠷ ᠤ᠋ᠨ ᠲᠤᠬᠠᠢ -ᠰᠢᠨᠵᠢᠯᠲᠦ“ Баянцагаан” нуурын тухай-Шинжилд
《 ᠪᠠᠶᠠᠨᠴᠠᠭᠠᠨ》 ᠨᠠᠭᠤᠷ ᠤ᠋ᠨ ᠲᠤᠬᠠᠢ
ᠲᠠᠢᠯᠪᠤᠷᠢᠯᠠᠭᠴᠢ᠄ ᠰᠢᠨᠵᠢᠯᠲᠦ
ᠪᠠᠷᠠᠯᠠᠨ ᠪᠠᠷᠠᠯᠠᠩᠬᠠᠨ ᠬᠠᠷᠠᠭᠳᠠᠬᠤ ᠨᠢ ᠪᠠᠶᠠᠨᠴᠠᠭᠠᠨ ᠨᠠᠭᠤᠷ ᠠ᠋᠂ ᠨᠠᠭᠤᠷ ᠶᠤ᠌ ᠳᠠ!
ᠵᠠ ᠢᠩᠭᠢᠭᠡᠳ 《ᠮᠢᠨᠦ ᠨᠤᠲᠤᠭ ᠬᠦᠨᠪᠤᠯᠠᠭ》 ᠬᠡᠮᠡᠬᠦ ᠠᠶᠠᠯᠭᠤ ᠳᠠᠭᠤᠨ ᠳ᠋ᠤ᠌ ᠳᠠᠭᠤᠯᠠᠭᠳᠠᠳᠠᠭ ᠪᠠᠶᠠᠨᠴᠠᠭᠠᠨ ᠤ᠋ ᠪᠠᠨ ᠳᠡᠷᠭᠡᠳᠡ ᠡᠴᠡ ᠡᠷᠬᠢᠮ ᠲᠠ ᠪᠦᠬᠦᠨ ᠳ᠋ᠦ᠍ ᠪᠡᠨ ᠠᠮᠤᠷ ᠠᠢᠯᠠᠳᠬᠠᠨ ᠵᠣᠯᠭᠠᠵᠤ ᠪᠠᠢᠨ᠎ᠠ᠂ ᠳᠠᠶᠠᠭᠠᠷ ᠢ᠋ᠶ᠋ᠠᠨ ᠰᠠᠢᠨ ᠪᠠᠢᠵᠠᠭᠠᠨ᠎ᠠ ᠤᠤ?
ᠲᠡᠭᠡᠭᠡᠳ ᠣᠷᠴᠢᠮ ᠤ᠋ᠨ ᠬᠣᠶᠠᠷ ᠡᠳᠦᠷ ᠢ᠋ᠶ᠋ᠡᠷ ᠪᠣᠯ ᠣᠳᠣ ᠸᠢᠴᠠᠲ᠂ ᠰᠦᠯᠵᠢᠶ᠎ᠡ ᠬᠣᠯᠪᠣᠭ᠎ᠠ᠂ ᠲᠢᠺ ᠲᠣᠺ ᠢ᠋ᠶ᠋ᠠᠷ ᠪᠣᠯ ᠣᠳᠣ ᠪᠠᠶᠠᠨᠴᠠᠭᠠᠨ ᠨᠠᠭᠤᠷ ᠢ᠋ ᠮᠢᠨᠢ ᠰᠠᠴᠤᠵᠤ᠂ ᠬᠥᠮᠦᠨ ᠠᠷᠠᠳ ᠤ᠋ᠨ ᠠᠩᠬᠠᠷᠤᠯ ᠢ᠋ ᠲᠠᠲᠠᠵᠤ᠂ ᠨᠡᠩ ᠢᠯᠠᠩᠭᠤᠶ᠎ᠠ ᠲᠥᠪ ᠲᠧᠯᠸᠢᠰ ᠦ᠋ᠨ ᠮᠡᠳᠡᠭᠡ ᠵᠠᠭᠤᠴᠢᠯᠠᠭᠤᠷ ᠳᠡᠭᠡᠷ᠎ᠡ ᠨᠡᠢᠲᠡᠯᠡᠭᠳᠡᠵᠦ᠂ ᠪᠠᠶᠠᠨᠴᠠᠭᠠᠨ ᠨᠠᠭᠤᠷ ᠨᠢ ᠪᠣᠯ ᠰᠦ ᠰᠢᠭ ᠠᠷᠢᠭᠤᠨ ᠴᠠᠭᠠᠨ ᠢ᠋ᠶ᠋ᠠᠷ ᠢ᠋ᠶ᠋ᠠᠨ ᠪᠢᠳᠡ ᠪᠦᠬᠦᠨ ᠦ᠌ ᠪᠠᠬᠠᠷᠤᠯ ᠪᠣᠯᠤᠭᠠᠳ ᠪᠠᠢᠵᠤ ᠪᠠᠢᠨ᠎ᠠ᠂ ᠢᠩᠭᠢᠭᠡᠳ ᠡᠷᠬᠢᠮ ᠲᠠ ᠪᠦᠬᠦᠨ ᠳ᠋ᠦ᠍ ᠪᠡᠨ ᠪᠠᠶᠠᠨᠴᠠᠭᠠᠨ ᠨᠠᠭᠤᠷ ᠤ᠋ᠨ ᠢ᠋ᠶ᠋ᠠᠨ ᠲᠤᠬᠠᠢ ᠲᠣᠪᠴᠢᠬᠠᠨ ᠶᠠᠷᠢᠪᠠᠯ᠄ ᠪᠠᠶᠠᠨᠴᠠᠭᠠᠨ ᠨᠠᠭᠤᠷ ᠨᠢ ᠪᠣᠯ ᠠᠯᠢ ᠡᠷᠲᠡ ᠳᠠᠩ ᠤᠯᠤᠰ ᠤ᠋ᠨ ᠰᠡᠭᠦᠯᠴᠢ ᠳ᠋ᠦ᠍ ᠪᠣᠯ ᠤᠰᠤᠨ ᠤ᠋ ᠰᠢᠰᠲ᠋ᠧᠮ ᠦ᠋ᠨ ᠰᠤᠷᠪᠤᠯᠵᠢ ᠲᠡᠮᠳᠡᠭᠯᠡᠯ ᠳ᠋ᠦ᠍ ᠪᠣᠯ 《 ᠭᠢᠯᠤᠭᠠᠨ ᠨᠠᠭᠤᠷ》 ᠭᠡᠰᠡᠨ ᠨᠡᠷ᠎ᠡ ᠲᠡᠢ ᠪᠠᠢᠵᠠᠢ᠂ ᠢᠩᠭᠢᠭᠡᠳ ᠭᠢᠯᠤᠭᠠᠨ ᠭᠡᠳᠡᠭ ᠨᠢ ᠴᠠᠭᠠᠨ ᠭᠡᠰᠡᠨ ᠤᠳᠬ᠎ᠠ ᠲᠠᠢ᠂ ᠢᠩᠭᠢᠭᠡᠳ ᠲᠡᠦᠬᠡ ᠶ᠋ᠢᠨ ᠬᠤᠪᠢᠰᠤᠯ ᠬᠥᠭᠵᠢᠯᠲᠡ ᠬᠤᠪᠢᠷᠠᠯᠲᠠ ᠶ᠋ᠢᠨ ᠳᠤᠮᠳᠠ ᠪᠣᠯ ᠣᠳᠣ ᠪᠠᠶᠠᠨᠴᠠᠭᠠᠨ ᠨᠠᠭᠤᠷ ᠭᠡᠰᠡᠨ ᠡᠨᠡ ᠰᠠᠢᠬᠠᠨ ᠨᠡᠷ᠎ᠡ ᠶ᠋ᠢ ᠬᠠᠢᠷᠠᠯᠠᠵᠤ ᠡᠳᠦᠭᠡ ᠪᠣᠯᠲᠠᠯ᠎ᠠ ᠤᠯᠠᠮᠵᠢᠯᠠᠭᠳᠠᠭᠰᠠᠭᠠᠷ ᠢᠷᠡᠭᠰᠡᠨ ᠶᠦᠮ᠂ ᠢᠩᠭᠢᠭᠡᠳ ᠪᠠᠶᠠᠨᠴᠠᠭᠠᠨ ᠨᠠᠭᠤᠷ ᠨᠢ ᠪᠣᠯ ᠮᠠᠨ ᠤ᠋ ᠨᠤᠲᠤᠭ ᠤ᠋ᠨ ᠬᠦᠷᠰᠢ ᠵᠡᠷᠭᠡᠯᠡᠳᠡᠭᠡ ᠾᠧᠪᠧᠢ ᠮᠣᠵᠢ ᠶ᠋ᠢᠨ ᠬᠦ ᠶᠤᠸᠠᠨ ᠰᠢᠶᠠᠨ ᠤ᠋ ᠡᠮᠦᠨ᠎ᠡ ᠪᠠᠢᠷᠢᠯᠠᠵᠤ ᠪᠠᠢᠭ᠎ᠠ ᠪᠠᠶᠠᠨ ᠲᠦᠩᠲᠦᠭᠦᠷ ᠠᠭᠤᠯᠠ ᠠ᠋ᠴᠠ ᠡᠬᠢ ᠠᠪᠴᠤ ᠤᠰᠤᠨ ᠤ᠋ ᠬᠢᠨᠢ ᠤᠷᠤᠰᠬᠠᠯ ᠨᠢ ᠬᠣᠶᠠᠷ ᠳᠠᠰᠢ ᠪᠠᠨ ᠰᠠᠯᠪᠤᠷᠢᠯᠠᠨ ᠤᠷᠤᠰᠤᠭᠰᠠᠨ ᠠ᠋ᠴᠠ᠂ ᠨᠢᠭᠡ ᠤᠷᠤᠰᠬᠠᠯ ᠨᠢ ᠪᠣᠯ ᠮᠠᠨ ᠤ᠋ ᠭᠦᠨᠪᠤᠯᠠᠭ ᠨᠤᠲᠤᠭ ᠤ᠋ᠨ ᠬᠠᠰᠢᠶᠠᠲᠤ ᠶ᠋ᠢᠨ ᠭᠣᠣᠯ ᠲᠠᠢ ᠨᠡᠢᠯᠡᠵᠦ᠂ ᠨᠥᠭᠦᠭᠡ ᠨᠢᠭᠡ ᠤᠷᠤᠰᠬᠠᠯ ᠨᠢ ᠪᠣᠯ ᠰᠢᠯᠤᠭᠤᠨ ᠬᠥᠬᠡ ᠬᠤᠰᠢᠭᠤᠨ ᠤ᠋ ᠱᠠᠩᠳᠠ ᠶ᠋ᠢᠨ ᠭᠣᠣᠯ ᠲᠠᠢ ᠨᠡᠢᠯᠡᠳᠡᠭ᠂ ᠢᠩᠭᠢᠭᠡᠳ ᠪᠣᠯ ᠡᠨᠡ ᠬᠣᠶᠠᠷ ᠭᠣᠣᠯ ᠢ᠋ ᠢᠬᠢᠷ᠎ᠡ ᠬᠣᠶᠠᠷ ᠭᠣᠣᠯ ᠭᠡᠵᠦ ᠨᠡᠷᠡᠢᠳᠳᠡᠭ ᠪᠠᠢᠵᠠᠢ᠃ ᠢᠩᠭᠢᠭᠡᠳ ᠬᠠᠰᠢᠶᠠᠲᠤ ᠶ᠋ᠢᠨ ᠭᠣᠣᠯ ᠠ᠋ᠴᠠ ᠮᠠᠨ ᠤ᠋ ᠪᠠᠶᠠᠨᠴᠠᠭᠠᠨ ᠨᠠᠭᠤᠷ ᠤᠷᠤᠭᠤ ᠴᠢᠳᠬᠤᠳᠠᠭ ᠪᠠᠢᠵᠠᠢ᠃
ᠲᠤᠬᠠᠢ ᠶ᠋ᠢᠨ ᠦᠶ᠎ᠡ ᠳ᠋ᠦ᠍ ᠪᠣᠯ ᠪᠠᠶᠠᠨᠴᠠᠭᠠᠨ ᠨᠠᠭᠤᠷ ᠪᠣᠯ ᠨᠡᠯᠦᠢᠭᠰᠡᠨ ᠲᠣᠮᠣ ᠶᠡᠬᠡ ᠨᠠᠭᠤᠷ ᠪᠠᠢᠵᠤ ᠭᠦᠨᠪᠤᠯᠠᠭ ᠨᠤᠲᠤᠭ ᠲᠤ᠌ ᠪᠠᠨ ᠪᠣᠯ ᠲᠠᠯᠠᠪᠠᠢ ᠪᠠᠷ ᠬᠠᠮᠤᠭ ᠶᠡᠬᠡ ᠨᠠᠭᠤᠷ ᠪᠠᠢᠵᠠᠢ᠂ ᠡᠨᠳᠡ ᠪᠠᠰᠠ ᠤᠰᠤᠨ ᠦᠬᠡᠷ ᠠᠮᠢᠳᠤᠷᠠᠵᠤ ᠪᠠᠢᠯ᠎ᠠ ᠭᠡᠰᠡᠨ ᠡᠢᠮᠦ ᠶᠠᠷᠢᠶ᠎ᠠ ᠬᠡᠯᠡᠯᠴᠡᠭᠡ ᠪᠠᠢᠳᠠᠭ᠂ ᠡᠢᠮᠦ ᠪᠡᠷ ᠢ᠋ᠶ᠋ᠡᠨ ᠡᠨᠡ ᠪᠠᠶᠠᠨᠴᠠᠭᠠᠨ ᠨᠠᠭᠤᠷ ᠤ᠋ᠨ ᠵᠡᠭᠦᠨ ᠲᠡᠷᠲᠡᠭᠡ ᠳ᠋ᠦ᠍ ᠪᠠᠢᠵᠤ ᠪᠠᠢᠭ᠎ᠠ ᠬᠠᠰᠢᠶᠠᠲᠤ ᠶ᠋ᠢᠨ ᠦᠬᠡᠷ ᠦ᠋ᠨ ᠡᠭᠦᠯᠳᠡᠷ ᠦ᠋ᠨ ᠰᠠᠢᠨ ᠪᠠᠢᠳᠠᠭ ᠨᠢ ᠡᠨᠳᠡ ᠤᠰᠤᠨ ᠦᠬᠡᠷ ᠠᠮᠢᠳᠤᠷᠠᠵᠤ ᠪᠠᠢᠭᠰᠠᠨ ᠠ᠋ᠴᠠ ᠢᠷᠡᠯᠲᠡ ᠲᠡᠢ ᠭᠡᠵᠦ ᠮᠠᠭᠠᠳᠯᠠᠯ ᠶᠠᠷᠢᠶ᠎ᠠ ᠪᠠᠢᠳᠠᠭ ᠶᠤᠮ᠃ ᠮᠢᠩᠭ᠎ᠠ ᠶᠢᠰᠦᠨ ᠵᠠᠭᠤ ᠵᠢᠷᠠᠭᠠᠳ ᠣᠨ ᠳ᠋ᠤ᠌ ᠤᠯᠤᠰ ᠤ᠋ᠨ ᠤᠰᠤᠨ ᠠᠰᠢᠭᠯᠠᠯᠲᠠ ᠶ᠋ᠢᠨ ᠪᠦᠲᠦᠭᠡᠨ ᠪᠠᠢᠭᠤᠯᠤᠯᠲᠠ ᠶ᠋ᠢ ᠶᠡᠬᠡ ᠪᠡᠷ ᠬᠢᠨ᠎ᠡ ᠭᠡᠵᠦ ᠬᠦ ᠶᠤᠸᠠᠨ ᠰᠢᠶᠠᠨ ᠤ᠋ ᠬᠠᠷᠢᠶᠠᠨ ᠳ᠋ᠤ᠌ ᠢᠮᠠᠭᠠᠲᠤ ᠶ᠋ᠢᠨ ᠤᠰᠤᠨ ᠴᠥᠭᠥᠷᠥᠮ ᠪᠣᠯᠤᠭᠠᠳ ᠱᠢ ᠲᠧᠦ ᠴᠧᠩ ᠭᠡᠰᠡᠨ ᠤᠰᠤᠨ ᠴᠥᠭᠥᠷᠥᠮ ᠢ᠋ ᠪᠠᠢᠭᠤᠯᠤᠭᠰᠠᠨ ᠠ᠋ᠴᠠ ᠪᠣᠯ ᠢᠩᠭᠢᠭᠡᠳ ᠤᠰᠤᠨ ᠤ᠋ ᠤᠷᠤᠰᠬᠠᠯ ᠨᠢ ᠪᠣᠯ ᠨᠡᠢᠳᠡᠮ ᠳ᠋ᠡᠭᠡᠨ ᠬᠠᠰᠢᠭᠳᠠᠭᠰᠠᠨ᠂ ᠵᠥᠪᠬᠡᠨ ᠬᠡᠳᠦᠬᠡᠨ ᠤᠰᠤᠨ ᠤ᠋ ᠤᠷᠤᠰᠬᠠᠯ ᠦᠯᠡᠳᠡᠵᠦ᠂ ᠪᠠᠶᠠᠨᠴᠠᠭᠠᠨ ᠨᠠᠭᠤᠷ ᠮᠢᠨᠢ ᠶᠡᠬᠡ ᠪᠡᠷ ᠲᠠᠲᠠᠭᠤᠷᠵᠢᠵᠦ ᠪᠠᠭᠠᠰᠤᠭᠰᠠᠨ ᠪᠠᠢᠨ᠎ᠠ᠂ ᠢᠩᠭᠢᠭᠡᠳ ᠮᠢᠩᠭ᠎ᠠ ᠶᠢᠰᠦᠨ ᠵᠠᠭᠤ ᠨᠠᠶᠠᠭᠠᠳ ᠣᠨ ᠪᠣᠯᠬᠤ ᠳ᠋ᠤ᠌ ᠪᠣᠯ ᠡᠨᠡ ᠬᠡᠳᠦᠬᠡᠨ ᠵᠢᠵᠢᠭᠬᠡᠨ ᠤᠷᠤᠰᠬᠠᠯ ᠢ᠋ ᠳᠠᠭᠠᠵᠤ ᠠᠮᠢᠳᠤᠷᠠᠭᠰᠠᠨ ᠬᠦ ᠶᠤᠸᠠᠨ ᠰᠢᠶᠠᠨ ᠤ᠋ ᠴᠥᠭᠡᠩᠬᠢ ᠲᠠᠷᠢᠶᠠᠴᠢᠳ ᠪᠣᠯ ᠡᠨᠡ ᠤᠷᠤᠰᠬᠠᠯ ᠢ᠋ ᠥᠭᠡᠷᠡᠴᠢᠯᠡᠵᠦ ᠥᠪᠡᠷ ᠦ᠋ᠨ ᠢ᠋ᠶ᠋ᠡᠨ ᠲᠠᠷᠢᠶᠠᠨ ᠳ᠋ᠠᠭᠠᠨ ᠲᠠᠲᠠᠪᠤᠷᠢᠯᠠᠭᠰᠠᠨ ᠠ᠋ᠴᠠ ᠪᠣᠯᠵᠤ ᠪᠠᠶᠠᠨᠴᠠᠭᠠᠨ ᠨᠠᠭᠤᠷ ᠮᠢᠨᠢ ᠤᠷᠤᠰᠬᠠᠯ ᠢ᠋ᠶ᠋ᠠᠨ ᠠᠯᠳᠠᠵᠤ ᠣᠨ ᠤᠳᠠᠭᠠᠨ ᠳ᠋ᠤ᠌ ᠪᠠᠨ ᠪᠣᠯ ᠬᠠᠲᠠᠵᠤ ᠰᠢᠷᠭᠢᠭᠰᠡᠨ ᠪᠠᠢᠳᠠᠭ ᠠ᠋᠂ ᠰᠡᠭᠦᠯᠡᠷ ᠨᠢ ᠪᠣᠯ ᠣᠳᠣ ᠬᠤᠷ᠎ᠠ ᠪᠣᠷᠣᠭᠠᠨ ᠡᠯᠪᠡᠭ ᠵᠢᠯ ᠨᠢ ᠪᠣᠯ ᠨᠠᠭᠤᠷ ᠤ᠋ᠨ ᠭᠣᠣᠯ ᠳ᠋ᠤ᠌ ᠪᠠᠰᠠ ᠪᠠᠭ᠎ᠠ ᠰᠠᠭ᠎ᠠ ᠤᠰᠤ ᠲᠣᠭᠲᠠᠳᠠᠭ ᠪᠠᠢᠯ᠎ᠠ᠃
ᠡᠨᠡ ᠰᠠᠢᠬᠠᠨ ᠨᠠᠭᠤᠷ ᠢ᠋ᠶ᠋ᠠᠨ ᠢ᠋ ᠤᠰᠤ ᠲᠠᠢ ᠨᠢ ᠪᠠᠢᠯᠭᠠᠶ᠎ᠠ ᠭᠡᠵᠦ᠂ ᠮᠥᠨ ᠦᠵᠡᠮᠵᠢ ᠪᠠᠢᠭᠠᠯᠢ ᠶ᠋ᠢ ᠨᠢ ᠪᠦᠷᠢᠳᠦᠭᠦᠯᠦᠶᠡ ᠭᠡᠳ᠂ ᠬᠣᠶᠠᠷ ᠮᠢᠩᠭ᠎ᠠ ᠠᠷᠪᠠᠨ ᠣᠨ ᠳ᠋ᠤ᠌ ᠲᠤᠬᠠᠢ ᠶ᠋ᠢᠨ ᠭᠦᠨᠪᠤᠯᠠᠭ ᠰᠤᠮᠤᠨ ᠤ᠋ ᠨᠠᠮ ᠵᠠᠰᠠᠭ ᠤ᠋ᠨ ᠤᠳᠤᠷᠢᠳᠤᠯᠭ᠎ᠠ ᠂ᠤᠰᠤ ᠨᠤᠲᠤᠭ ᠤ᠋ᠨ ᠢ᠋ᠶ᠋ᠠᠨ ᠲᠥᠯᠥᠭᠡ ᠰᠠᠨᠠᠭᠠᠰᠢᠷᠠᠵᠤ ᠶᠠᠪᠤᠵᠤ ᠪᠠᠢᠭ᠎ᠠ ᠨᠤᠲᠤᠭ ᠤ᠋ᠨ ᠠᠬᠠᠮᠠᠳ᠂ ᠷᠠᠳᠢᠣ᠋ ᠂ ᠨᠠᠢᠷᠠᠭᠤᠯᠤᠭᠴᠢ ᠂ ᠰᠤᠷᠪᠤᠯᠵᠢᠯᠠᠭᠴᠢ᠂ ᠨᠡᠪᠳᠡᠷᠡᠭᠦᠯᠡᠭᠴᠢ ᠪᠡᠷ ᠠᠵᠢᠯ ᠤ᠋ᠨ ᠰᠠᠢᠬᠠᠨ ᠭᠠᠷᠤᠭ᠎ᠠ ᠲᠠᠢ ᠨᠤᠲᠤᠭ ᠤ᠋ᠨ ᠭᠠᠪᠰᠢᠭᠠᠢᠯᠠᠭᠴᠢ ᠨᠠᠷ ᠠ᠋ᠴᠠ ᠠᠢᠮᠠᠭ᠂ ᠣᠷᠣᠨ ᠢ᠋ᠶ᠋ᠠᠷ ᠳᠡᠮᠵᠢᠵᠦ ᠲᠥᠪ ᠲᠦ᠍ ᠣᠴᠢᠵᠤ ᠬᠠᠮᠢᠶ᠎ᠠ ᠪᠦᠬᠦᠢ ᠪᠠᠢᠭᠤᠯᠤᠯᠭ᠎ᠠ ᠨᠢᠭᠡᠴᠡ ᠳ᠋ᠦ᠍ ᠰᠠᠨᠠᠯ ᠳᠤᠷᠠᠳᠤᠯᠭ᠎ᠠ ᠡᠷᠭᠦᠳᠡᠯ ᠢ᠋ᠶ᠋ᠡᠨ ᠭᠠᠷᠭᠠᠵᠤ᠂ ᠤᠰᠤᠨ ᠴᠥᠭᠥᠷᠥᠮ ᠦ᠋ᠨ ᠤᠰᠤ ᠶ᠋ᠢ ᠨᠢ ᠲᠠᠯᠪᠢᠭᠤᠯᠵᠤ᠂ ᠪᠠᠶᠠᠨᠴᠠᠭᠠᠨ ᠨᠠᠭᠤᠷ ᠢ᠋ᠶ᠋ᠠᠨ ᠢ᠋ ᠤᠰᠤ ᠲᠠᠢ ᠪᠣᠯᠭᠠᠶ᠎ᠠ ᠭᠡᠰᠡᠨ ᠡᠨᠡ ᠰᠠᠨᠠᠭᠠᠴᠢᠯᠠᠭ᠎ᠠ ᠶ᠋ᠢ ᠭᠠᠷᠭᠠᠭᠠᠳ ᠲᠡᠢᠮᠦ ᠰᠠᠢᠨ ᠲᠤᠢᠯᠪᠤᠷᠢᠲᠠᠢ ᠰᠢᠢᠳᠪᠦᠷᠢ ᠬᠠᠷᠢᠭᠤᠯᠲᠠ ᠶ᠋ᠢ ᠪᠣᠯ ᠣᠯᠵᠤ ᠴᠢᠳᠠᠭᠰᠠᠨ ᠦᠭᠡᠢ᠃ ᠢᠩᠭᠢᠭᠡᠳ ᠨᠢᠳᠤᠨᠤᠨ ᠵᠢᠯ ᠬᠥᠬᠡ ᠯᠤᠤ ᠵᠢᠯ ᠤᠰᠤ ᠨᠤᠲᠤᠭ ᠲᠤ᠌ ᠮᠢᠨᠢ ᠬᠤᠷ᠎ᠠ ᠪᠣᠷᠣᠭᠠᠨ ᠡᠯᠪᠡᠭ᠂ ᠨᠡᠩ ᠢᠯᠠᠩᠭᠤᠶ᠎ᠠ ᠵᠤᠨ ᠤ᠋ ᠳᠤᠮᠳᠠᠴᠢ ᠰᠡᠭᠦᠯᠴᠢ ᠪᠦᠲᠦᠨ ᠨᠠᠮᠤᠷ ᠢ᠋ᠶ᠋ᠠᠷ ᠢ᠋ᠶ᠋ᠠᠨ ᠪᠣᠷᠣᠭᠠᠨ ᠲᠠᠰᠤᠷᠠᠯᠲᠠ ᠦᠭᠡᠢ ᠣᠷᠣᠭᠰᠠᠭᠠᠷ ᠪᠣᠯ ᠨᠠᠭᠤᠷ ᠮᠢᠨᠢ ᠨᠡᠢᠳᠡᠮ ᠬᠡᠨ ᠳᠦᠭᠦᠷᠴᠦ ᠬᠥᠮᠦᠨ ᠠᠷᠠᠳ ᠤ᠋ᠨ ᠢ᠋ᠶ᠋ᠠᠨ ᠬᠠᠷᠠᠭ᠎ᠠ ᠶ᠋ᠢ ᠮᠢᠯᠢᠶᠠᠭᠰᠠᠨ ᠪᠠᠢᠳᠠᠭ ᠠ᠋ ᠃
ᠵᠠ ᠢᠩᠭᠢᠭᠡᠳ ᠡᠨᠡ ᠪᠠᠶᠠᠨᠴᠠᠭᠠᠨ ᠨᠠᠭᠤᠷ ᠨᠢ ᠪᠣᠯ ᠡᠷᠲᠡ ᠡᠴᠡ ᠪᠡᠨ ᠪᠣᠯ ᠬᠤᠵᠢᠷᠯᠢᠭ ᠨᠠᠭᠤᠷ ᠨᠡᠭᠦᠷᠡᠰᠦ ᠬᠦᠴᠢᠯ ᠦ᠋ᠨ ᠺᠠᠯᠼ ᠶᠡᠬᠡ ᠠᠭᠤᠯᠤᠭᠳᠠᠳᠠᠭ ᠪᠣᠯᠬᠣᠷ ᠡᠨᠳᠡ ᠪᠣᠯ ᠱᠡᠦ ᠤᠷᠭᠤᠵᠤ ᠪᠣᠯ᠂ ᠨᠠᠮᠤᠷ ᠤ᠋ᠨ ᠲᠡᠷᠡ ᠤᠳᠠᠭᠠᠨ ᠡᠳᠦᠷ ᠲᠦ᠍ ᠳᠡᠪᠲᠦᠭᠡᠭᠳᠡᠵᠦ᠂ ᠡᠪᠦᠯ ᠨᠢ ᠬᠥᠯᠳᠡᠵᠦ ᠬᠠᠪᠤᠷ ᠨᠢ ᠬᠠᠢᠯᠬᠤ ᠶ᠋ᠢᠨ ᠦᠶ᠎ᠡ ᠳ᠋ᠦ᠍ ᠪᠣᠯ ᠪᠠᠶᠠᠨᠴᠠᠭᠠᠨ ᠨᠠᠭᠤᠷ ᠮᠢᠨᠢ ᠡᠢᠮᠦ ᠰᠠᠢᠬᠠᠨ ᠰᠦ ᠰᠢᠭ ᠠᠷᠢᠭᠤᠨ ᠴᠠᠭᠠᠨ ᠨᠠᠭᠤᠷ ᠪᠣᠯᠵᠤ᠂ ᠬᠥᠮᠦᠨ ᠠᠷᠠᠳ ᠤ᠋ᠨ ᠢ᠋ᠶ᠋ᠠᠨ ᠰᠠᠢᠬᠠᠨ ᠰᠡᠳᠬᠢᠯ ᠢ᠋ ᠪᠤᠯᠢᠶᠠᠵᠤ ᠬᠠᠷᠠᠭ᠎ᠠ ᠶ᠋ᠢ ᠮᠢᠯᠢᠶᠠᠭᠰᠠᠨ ᠪᠠᠢᠨ᠎ᠠ ᠠ᠋᠃
ᠮᠠᠨ ᠤ᠋ ᠨᠤᠲᠤᠭ ᠤ᠋ᠨ ᠬᠡᠦᠬᠡᠳ ᠪᠠᠭᠠᠴᠤᠳ ᠪᠣᠯ ᠪᠠᠶᠠᠨᠴᠠᠭᠠᠨ ᠨᠠᠭᠤᠷ ᠤ᠋ᠨ ᠲᠤᠬᠠᠢ ᠲᠡᠢᠮᠦ ᠰᠠᠢᠨ ᠣᠢᠯᠠᠭᠠᠯᠲᠠ ᠪᠠᠢᠬᠤ ᠦᠭᠡᠢ᠂ ᠤᠴᠢᠷ ᠨᠢ ᠶᠠᠭᠠᠬᠢᠭᠠᠳ ᠶᠤᠮ ᠪᠣᠢ ᠭᠡᠪᠡᠯ᠂ ᠡᠨᠡ ᠨᠠᠭᠤᠷ ᠪᠣᠯ ᠲᠤᠬᠠᠢ ᠶ᠋ᠢᠨ ᠦᠶ᠎ᠡ ᠳ᠋ᠦ᠍ ᠡᠯ᠎ᠡ ᠲᠠᠯ᠎ᠠ ᠶ᠋ᠢᠨ ᠰᠢᠯᠲᠠᠭᠠᠨ ᠠ᠋ᠴᠠ ᠬᠠᠲᠠᠭᠰᠠᠨ ᠪᠠᠢᠳᠠᠭ᠂ ᠲᠡᠭᠡᠬᠦᠯᠡᠷ ᠣᠳᠣ ᠡᠨᠡ ᠬᠣᠶᠠᠷ ᠡᠳᠦᠷ ᠦ᠋ᠨ ᠳᠡᠪᠵᠢᠶᠡᠨ ᠢ᠋ᠶ᠋ᠡᠷ ᠮᠠᠨ ᠤ᠋ ᠬᠡᠦᠬᠡᠳ ᠪᠠᠭᠠᠴᠤᠳ᠂ ᠣᠤ ᠡᠨᠳᠡ ᠨᠢ ᠨᠢᠭᠡ( ᠨᠠᠢ ᠪᠠᠢ ᠬᠡᠦ) ᠭᠡᠳᠡᠭ ᠡᠢᠮᠦ ᠨᠢᠭᠡ ᠰᠦᠨ ᠴᠠᠭᠠᠨ ᠨᠠᠭᠤᠷ ᠪᠠᠢᠨ᠎ᠠ ᠭᠡᠳᠡᠭ ᠣᠢᠯᠠᠭᠠᠯᠲᠠ ᠲᠥᠷᠥᠭᠳᠡᠯ ᠲᠡᠢ ᠪᠣᠯᠬᠤ ᠠ᠋ᠴᠠ ᠪᠣᠯᠭᠣᠮᠵᠢᠯᠠᠵᠤ᠂ ᠮᠠᠨ ᠤ᠋ ᠨᠤᠲᠤᠭ ᠤᠰᠤᠨ ᠤ᠋ ᠭᠡᠷ ᠦ᠋ᠨ ᠠᠬᠠᠮᠠᠳ ᠪᠠᠭᠰᠢ ᠨᠠᠷ᠂ ᠬᠡᠦᠬᠡᠳ ᠪᠠᠭᠠᠴᠤᠳ ᠲᠠᠭᠠᠨ ᠡᠨᠡ ᠪᠣᠯ ᠡᠷᠲᠡᠨ ᠳᠡᠭᠡᠳᠦᠰ ᠡᠴᠡ ᠪᠡᠨ ᠥᠪᠯᠡᠵᠦ ᠢᠷᠡᠭᠰᠡᠨ ᠪᠠᠶᠠᠨᠴᠠᠭᠠᠨ ᠨᠠᠭᠤᠷ ᠰᠢᠦ ᠭᠡᠳᠡᠭ ᠢ᠋ ᠥᠪᠯᠡᠵᠦ ᠮᠡᠳᠡᠭᠦᠯᠬᠦ ᠶ᠋ᠢ ᠪᠠᠰᠠ ᠲᠠ ᠪᠦᠬᠦᠨ ᠳ᠋ᠡᠭᠡᠨ ᠨᠠᠢᠳᠠᠵᠤ ᠪᠠᠢᠨ᠎ᠠ!
ᠶᠡᠬᠡ ᠢᠷᠠᠭᠤ ᠨᠠᠢᠷᠠᠭᠴᠢ ᠰᠢᠯᠦᠭᠴᠢ ᠷᠢ᠊· ᠰᠡᠴᠡᠨᠴᠣᠭᠲᠤ ᠶ᠋ᠢᠨ ᠪᠢᠴᠢᠭᠰᠡᠨ《 ᠪᠥᠮᠪᠥᠷᠴᠡᠭ ᠢ᠋ᠶ᠋ᠡᠨ ᠬᠡᠦᠬᠡᠳ ᠲᠦ᠍ ᠥᠭᠭᠦᠶ᠎ᠡ》 ᠭᠡᠰᠡᠨ ᠰᠠᠢᠬᠠᠨ ᠰᠢᠯᠦᠭ ᠪᠠᠢᠳᠠᠭ᠂ ᠪᠢᠳᠡ ᠪᠠᠰᠠ ᠡᠨᠡ ᠰᠠᠢᠬᠠᠨ ᠪᠠᠶᠠᠨᠴᠠᠭᠠᠨ ᠨᠠᠭᠤᠷ ᠢ᠋ᠶ᠋ᠠᠨ ᠢ᠋ ᠨᠠᠭᠤᠷ ᠪᠠᠢᠭᠠᠯᠢ ᠲᠠᠢ ᠪᠦᠷᠢᠨ ᠪᠦᠲᠦᠨ ᠢ᠋ᠶ᠋ᠡᠷ ᠨᠢ ᠬᠡᠦᠬᠡᠳ ᠪᠠᠭᠠᠴᠤᠳ ᠲᠤ᠌ ᠪᠠᠨ᠂ ᠦᠷ᠎ᠡ ᠬᠣᠢᠴᠢᠰ ᠲᠠᠭᠠᠨ ᠥᠪᠯᠡᠭᠦᠯᠵᠦ ᠦᠯᠡᠳᠡᠭᠡᠬᠦ ᠶ᠋ᠢᠨ ᠲᠤᠰᠠ ᠳ᠋ᠤ᠌ ᠬᠥᠬᠡ ᠮᠥᠩᠬᠡ ᠲᠩᠷᠢ ᠳ᠋ᠦ᠍ ᠪᠡᠨ ᠮᠥᠷᠭᠥᠵᠦ᠂ ᠬᠥᠷᠥᠰᠥᠲᠦ ᠰᠠᠢᠬᠠᠨ ᠨᠤᠲᠤᠭ ᠤ᠋ᠨ ᠢ᠋ᠶ᠋ᠠᠨ ᠣᠪᠣᠭ᠎ᠠ ᠪᠤᠩᠬᠤᠨ ᠳ᠋ᠤ᠌ ᠳᠠᠭᠠᠳᠬᠠᠵᠤ ᠬᠤᠷ᠎ᠠ ᠪᠣᠷᠣᠭᠠᠨ ᠭᠤᠶᠤᠴᠢᠯᠠᠶ᠎ᠠ!
ᠪᠠᠶᠠᠨᠴᠠᠭᠠᠨ ᠨᠠᠭᠤᠷ ᠮᠢᠨᠢ ᠤᠰᠤ ᠨᠢ ᠴᠠᠯᠭᠢᠵᠤ ᠳᠠᠯᠠᠢ ᠰᠢᠭ᠋ ᠪᠢᠯᠬᠠᠬᠤ ᠪᠣᠯᠲᠤᠭᠠᠢ!
ᠵᠠ ᠢᠩᠭᠢᠭᠡᠳ ᠲᠠ ᠪᠦᠭᠦᠳᠡᠭᠡᠷ ᠢ᠋ᠶ᠋ᠡᠨ ᠡᠨᠡ ᠪᠠᠶᠠᠨᠴᠠᠭᠠᠨ ᠨᠠᠭᠤᠷ ᠤ᠋ᠨ ᠪᠠᠷᠠᠭᠤᠨ ᠡᠮᠦᠨ᠎ᠡ ᠰᠦᠨᠳᠡᠷᠯᠡᠨ ᠬᠠᠷᠠᠭᠳᠠᠵᠤ ᠪᠠᠢᠭ᠎ᠠ ᠡᠨᠡ ᠬᠠᠭᠠᠰ ᠬᠡᠷᠡᠴᠢᠭᠳᠡᠭᠰᠡᠨ ᠬᠡᠯᠪᠡᠷᠢ ᠲᠡᠢ ᠡᠨᠡ ᠠᠭᠤᠯᠠ ᠶ᠋ᠢ ᠬᠠᠷᠠᠵᠠᠭᠠᠶ᠎ᠠ᠂ ᠡᠨᠡ ᠠᠭᠤᠯᠠ ᠶ᠋ᠢ ᠪᠣᠯ ᠮᠠᠨ ᠤ᠋ ᠨᠤᠲᠤᠭ ᠤ᠋ᠨ ᠪᠣᠯ ᠪᠠᠶᠠᠨ ᠬᠠᠢᠷᠬᠠᠨ ᠭᠡᠵᠦ ᠨᠡᠷᠡᠢᠳᠳᠡᠭ᠂ ᠪᠠᠰᠠ ᠨᠢᠭᠡ ᠰᠠᠢᠬᠠᠨ ᠳᠣᠮᠣᠭ ᠲᠠᠢ ᠠᠭᠤᠯᠠ ᠰᠢᠦ ᠳᠡ᠂ ᠡᠷᠲᠡ ᠶ᠋ᠢᠨ ᠳᠡᠭᠡᠳᠦ ᠡᠵᠡᠨ ᠪᠣᠭᠳᠠ ᠮᠢᠨᠢ ᠠᠯᠲᠠᠨ ᠤᠯᠤᠰ ᠲᠠᠢ ᠲᠡᠢᠨ ᠵᠠᠷᠯᠠᠬᠤ ᠪᠠᠷ ᠮᠣᠷᠳᠠᠬᠤ ᠵᠠᠮ ᠳ᠋ᠤ᠌ ᠨᠢ ᠪᠣᠯ ᠰᠠᠭᠠᠳ ᠬᠠᠷᠰᠢ ᠲᠣᠬᠢᠶᠠᠯᠳᠤᠬᠤ ᠪᠠᠷ ᠨᠢ ᠪᠣᠯ ᠠᠭᠤᠷ ᠲᠤ᠌ ᠪᠠᠨ ᠰᠡᠯᠡᠮ᠎ᠡ ᠶ᠋ᠢᠨ ᠢᠳᠡ ᠪᠡᠷ ᠴᠠᠪᠴᠢᠭᠠᠳ ᠠᠪᠤᠭᠰᠠᠨ ᠴᠢᠨᠢ ᠡᠨᠡ ᠠᠭᠤᠯᠠ ᠪᠣᠯ ᠬᠣᠶᠠᠷ ᠬᠤᠪᠢᠶᠠᠭᠳᠠᠭᠠᠳ᠂ ᠨᠢᠭᠡ ᠨᠢ ᠪᠣᠯ ᠡᠨᠳᠡ ᠪᠡᠨ ᠦᠯᠡᠳᠡᠵᠦ᠃ ᠨᠥᠭᠦᠭᠡ ᠨᠢᠭᠡ ᠨᠢ ᠪᠣᠯ ᠾᠧᠪᠧᠢ ᠮᠣᠵᠢ ᠶ᠋ᠢᠨ ᠬᠦ ᠶᠤᠸᠠᠨ ᠰᠢᠶᠠᠨ ᠤ᠋( ᠪᠠᠨ ᠯᠠᠨ ᠱᠠᠨ) ᠭᠡᠰᠡᠨ ᠭᠠᠵᠠᠷ ᠪᠠᠢᠷᠢᠯᠠᠵᠤ᠂( ᠪᠠᠨ ᠯᠠᠨ ᠱᠠᠨ) ᠭᠡᠰᠡᠨ ᠨᠡᠷ᠎ᠡ ᠨᠢ ᠠᠭᠤᠯᠠ ᠶ᠋ᠢᠨ ᠢ᠋ᠶ᠋ᠡᠨ ᠨᠡᠷ᠎ᠡ ᠪᠡᠷ ᠥᠭᠭᠦᠭᠰᠡᠨ ᠪᠠᠢᠳᠠᠭ᠃ ᠨᠥᠭᠦᠭᠡ ᠨᠢᠭᠡ ᠠᠭᠤᠯᠠ ᠶ᠋ᠢᠨ ᠬᠢᠨᠢ ᠨᠡᠷ᠎ᠡ ᠨᠢ ᠪᠣᠯ ᠮᠣᠩᠭᠣᠯ ᠢ᠋ᠶ᠋ᠠᠷ ᠢᠷᠣᠭᠠᠷ ᠬᠠᠢᠷᠬᠠᠨ ᠭᠡᠳᠡᠭ ᠶᠦᠮ᠂ ᠲᠡᠭᠡᠭᠡᠳ ᠡᠢᠮᠦ ᠰᠠᠢᠬᠠᠨ ᠳᠣᠮᠣᠭ ᠲᠡᠦᠬᠡ ᠲᠡᠢ ᠪᠠᠢᠳᠠᠭ ᠶᠤᠮ᠃
ᠡᠢᠮᠦ ᠪᠡᠷ ᠢ᠋ᠶ᠋ᠡᠨ ᠮᠠᠨ ᠤ᠋ ᠨᠤᠲᠤᠭ ᠤ᠋ᠨ ᠬᠡᠰᠡᠭ ᠮᠠᠯᠴᠢᠨ ᠲᠦᠮᠡᠨ ᠪᠣᠯ ᠵᠤᠨ ᠤ᠋ ᠤᠯᠠᠷᠢᠯ ᠤ᠋ᠨ ᠪᠢᠯᠢᠭ ᠦ᠋ᠨ ᠲᠠᠪᠤᠨ ᠰᠠᠷ᠎ᠠ ᠶ᠋ᠢᠨ ᠠᠷᠪᠠᠨ ᠭᠤᠷᠪᠠᠨ ᠳ᠋ᠤ᠌ ᠣᠪᠣᠭ᠎ᠠ ᠪᠤᠩᠬᠤᠨ ᠢ᠋ᠶ᠋ᠠᠨ ᠲᠠᠬᠢᠬᠤ ᠶ᠋ᠢᠨ ᠳᠠᠭᠠᠤ ᠡᠨᠡ ᠰᠠᠢᠬᠠᠨ ᠪᠠᠶᠠᠨ ᠬᠠᠢᠷᠬᠠᠨ ᠢ᠋ᠶ᠋ᠠᠨ ᠲᠠᠬᠢᠵᠤ ᠠᠯᠢᠪᠠ ᠰᠠᠢᠨ ᠰᠠᠢᠬᠠᠨ ᠪᠦᠬᠦᠨ ᠢ᠋ᠶ᠋ᠡᠨ ᠳᠠᠭᠠᠳᠬᠠᠨ ᠨᠠᠮᠠᠨᠴᠢᠯᠠᠵᠤ᠂ ᠡᠢᠮᠦ ᠰᠠᠢᠬᠠᠨ ᠶᠣᠰᠣ ᠵᠠᠩᠰᠢᠯ ᠲᠠᠢ ᠪᠠᠢᠳᠠᠭ ᠶᠤᠮ᠃ ᠪᠠᠶᠠᠨ ᠬᠠᠢᠷᠬᠠᠨ ᠤ᠋ ᠠᠷᠤ ᠠ᠋ᠴᠠ ᠨᠢ ᠢᠩᠭᠢᠭᠡᠳ ᠣᠷᠣᠢ ᠳᠡᠭᠡᠷ᠎ᠡ ᠨᠢ ᠭᠠᠷᠬᠤ ᠶ᠋ᠢᠨ ᠦᠶ᠎ᠡ ᠳ᠋ᠦ᠍ ᠪᠣᠯ ᠬᠠᠭᠤᠴᠢᠨ ᠤ᠋ ᠦᠯᠡᠳᠡᠭᠳᠡᠯ ᠲᠣᠭᠣᠰᠬ᠎ᠠ ᠬᠠᠷᠠᠭᠳᠠᠳᠠᠭ᠂ ᠢᠩᠭᠢᠭᠡᠳ ᠡᠨᠡ ᠲᠣᠭᠣᠰᠬ᠎ᠠ ᠶ᠋ᠢ ᠰᠤᠳᠤᠯᠵᠤ ᠰᠢᠨᠵᠢᠯᠡᠵᠦ ᠦᠵᠡᠭᠰᠡᠨ ᠴᠢᠨᠢ ᠪᠣᠯ᠂ ᠯᠢᠶᠣᠣ ᠤᠯᠤᠰ ᠤ᠋ᠨ ᠦᠶ᠎ᠡ ᠳ᠋ᠦ᠍ ᠪᠠᠰᠠ ᠨᠢᠭᠡ ᠲᠣᠭᠣᠰᠬᠠᠨ ᠰᠤᠪᠤᠷᠭ᠎ᠠ ᠪᠠᠢᠯ᠎ᠠ ᠭᠡᠳᠡᠭ ᠢ᠋ ᠢᠯᠡᠷᠡᠭᠦᠯᠦᠭᠰᠡᠨ ᠪᠠᠢᠨ᠎ᠠ᠃
ᠵᠠ ᠢᠩᠭᠢᠭᠡᠳ ᠡᠷᠬᠢᠮ ᠲᠠ ᠪᠦᠬᠦᠨ ᠳ᠋ᠦ᠍ ᠪᠡᠨ ᠥᠰᠴᠦ ᠲᠥᠷᠥᠭᠰᠡᠨ ᠥᠯᠥᠭᠡᠢ ᠨᠤᠲᠤᠭ ᠤ᠋ᠨ ᠢ᠋ᠶ᠋ᠠᠨ ᠪᠠᠶᠠᠨᠴᠠᠭᠠᠨ ᠪᠣᠯᠤᠭᠠᠳ ᠪᠠᠶᠠᠨ ᠬᠠᠢᠷᠬᠠᠨ ᠢ᠋ ᠲᠠ ᠪᠦᠬᠦᠨ ᠳ᠋ᠦ᠍ ᠪᠡᠨ ᠲᠠᠢᠯᠤᠮᠵᠢ ᠬᠢᠯ᠎ᠡ᠂ ᠥᠯᠥᠭᠡᠢ ᠨᠤᠲᠤᠭ ᠤ᠋ᠨ ᠮᠢᠨᠢ ᠡᠬᠡ ᠪᠠᠢᠭᠠᠯᠢ᠂ ᠠᠮᠢ ᠠᠬᠤᠢ᠂ ᠣᠷᠴᠢᠨ ᠲᠣᠭᠣᠷᠢᠨ ᠬᠡᠵᠢᠶᠡᠳᠡ ᠪᠡᠨ ᠠᠷᠢᠭᠤᠨ ᠴᠡᠪᠡᠷ ᠢ᠋ᠶ᠋ᠡᠷ ᠢ᠋ᠶ᠋ᠡᠨ ᠨᠣᠭᠣᠭᠠᠨ ᠢ᠋ᠶ᠋ᠠᠷ ᠢ᠋ᠶ᠋ᠠᠨ ᠪᠠᠢᠭᠠᠰᠠᠢ ᠭᠡᠰᠡᠨ ᠡᠢᠮᠦ ᠰᠠᠢᠬᠠᠨ ᠤᠷᠢᠶᠠᠯᠠᠭ᠎ᠠ ᠶ᠋ᠢ ᠲᠠ ᠪᠦᠬᠦᠨ ᠳ᠋ᠦ᠍ ᠪᠡᠨ ᠲᠠᠯᠪᠢᠵᠤ ᠪᠠᠢᠨ᠎ᠠ᠂ ᠮᠥᠨ ᠬᠦ᠌ ᠲᠠᠢᠯᠤᠮᠵᠢ ᠶ᠋ᠢ ᠮᠢᠨᠢ ᠲᠠᠭᠠᠯᠠᠨ ᠪᠣᠯᠭᠣᠭᠠᠭᠰᠠᠨ ᠲᠠ ᠪᠦᠬᠦᠨ ᠳ᠋ᠦ᠍ ᠪᠡᠨ ᠪᠠᠶᠠᠷᠯᠠᠯ᠎ᠠ᠂ ᠲᠠ ᠪᠦᠬᠦᠨ ᠳ᠋ᠦ᠍ ᠪᠡᠨ ᠠᠵᠠ ᠵᠢᠷᠭᠠᠯ ᠰᠠᠢᠨ ᠰᠠᠢᠬᠠᠨ ᠪᠦᠬᠦᠨ ᠢ᠋ ᠬᠦᠰᠡᠨ ᠵᠥᠩᠨᠡᠶ᠎ᠡ!
ᠦᠰᠦᠭ ᠠᠮᠢᠯᠠᠭᠤᠯᠤᠭᠰᠠᠨ ᠨᠢ᠄ ᠰᠣᠨᠢᠨᠪᠠᠶᠠᠷ
ᠦᠰᠦᠭ ᠬᠠᠳᠠᠭᠴᠢ᠄ ᠪᠠᠢ ᠰᠠᠷᠠᠨ᠎ᠠ
ᠬᠢᠨᠠᠭᠴᠢ᠄ ᠲᠣᠳᠤᠭᠡᠷᠡᠯ᠂ ᠠᠯᠲᠠᠨ᠌ᠠ᠋ᠭᠤᠯᠠ᠂ ᠪᠢᠮᠪᠠ᠂ ᠲᠦᠮᠡᠨᠴᠡᠴᠡᠭ
