ᠴᠠᠭᠠᠨᠲᠡᠮᠦᠷ ᠯᠢ ᠰᠧ ᠴᠢЦагаан Төмөр Ли с чи
ᠴᠠᠭᠠᠨᠲᠡᠮᠦᠷ
ᠴᠠᠭᠠᠨᠲᠡᠮᠦᠷČaγan-Temur (Čaγan-Temur᠂ ? - 6 ᠳ᠋ᠤᠭᠠᠷ ᠰᠠᠷ᠎ᠠ ᠶ᠋ᠢᠨ 15᠂ 22 (1362 ᠣᠨ ᠤ᠋ 7 ᠳ᠋ᠤᠭᠠᠷ ᠰᠠᠷ᠎ᠠ ᠶ᠋ᠢᠨ 6)) ᠨᠢ ᠶᠤᠸᠠᠨ ᠤᠯᠤᠰ ᠤ᠋ᠨ ᠡᠴᠦᠰ ᠦ᠋ᠨ ᠦᠶ᠎ᠡ ᠶ᠋ᠢᠨ ᠵᠠᠩᠵᠤᠨ ᠠᠰᠠᠨ᠃ ᠣᠳᠣ ᠶ᠋ᠢᠨ ᠠᠨᠾᠦ᠋ᠢ ᠮᠣᠵᠢ ᠶ᠋ᠢᠨ ᠹᠤᠶᠠᠨ ᠬᠣᠲᠠ ᠶ᠋ᠢᠨ ᠯᠢᠨᠴᠤᠨᠢ ᠬᠤᠰᠢᠭᠤᠨ ᠤ᠋ ᠬᠥᠮᠦᠨ᠃
ᠴᠠᠭᠠᠨᠲᠡᠮᠦᠷ ᠨᠢ ᠤᠭ ᠨᠢ ᠨᠠᠢ᠍ᠮᠠᠨ ᠤ᠋ ᠬᠡᠯᠲᠡᠰ ᠡᠴᠡ ᠭᠠᠷᠤᠯᠲᠠᠢ᠃ ᠶᠤᠸᠠᠨ ᠭᠦᠷᠦᠨ ᠦ᠌ ᠲᠡᠭᠦᠰᠬᠡᠯ ᠳ᠋ᠦ᠍ ᠾᠧᠨᠠᠨ ᠳ᠋ᠤ᠌ ᠤᠯᠠᠭᠠᠨ ᠠᠯᠴᠢᠭᠤᠷᠲᠠᠨ ᠤ᠋ ᠪᠣᠰᠤᠯᠭ᠎ᠠ ᠭᠠᠷᠴᠤ᠂ ᠦᠢᠮᠡᠭᠡᠨ ᠰᠠᠮᠠᠭᠤᠨ ᠲᠠᠢ ᠬᠣᠯᠪᠣᠭᠠᠲᠠᠢ ᠪᠠᠢᠬᠤ ᠦᠶ᠎ᠡ ᠳ᠋ᠦ᠍ ᠨᠤᠲᠤᠭ ᠤ᠋ᠨ ᠠᠯᠳᠠᠷᠲᠤ ᠬᠥᠮᠦᠨ ᠴᠠᠭᠠᠨᠲᠡᠮᠦᠷ ᠰᠢᠨ ᠴᠢᠶᠣᠤ ᠶ᠋ᠢᠨ ᠬᠡᠳᠦᠨ ᠵᠠᠭᠤᠨ ᠣᠷᠣᠰᠢᠨ ᠰᠠᠭᠤᠭᠴᠢ ᠶ᠋ᠢ ᠴᠤᠭᠯᠠᠭᠤᠯᠵᠤ᠂ ᠰᠠᠢᠨ ᠳᠤᠷ᠎ᠠ ᠶ᠋ᠢᠨ ᠠᠷᠮᠢ ᠶ᠋ᠢ ᠤᠳᠤᠷᠢᠳᠤᠨ ᠤᠯᠠᠭᠠᠨᠳᠠᠨ ᠤ᠋ ᠡᠰᠡᠷᠭᠦ ᠲᠤᠯᠤᠯᠳᠤᠵᠠᠢ᠃ ᠡᠴᠦᠰ ᠲᠦ᠍ ᠨᠢ ᠪᠣᠰᠤᠭᠴᠢᠳ ᠤ᠋ᠨ ᠠᠷᠮᠢ ᠶ᠋ᠢ ᠢᠯᠠᠨ ᠳᠡᠢᠯᠦᠭᠰᠡᠨ ᠠᠮᠵᠢᠯᠲᠠ ᠶ᠋ᠢᠨ ᠢ᠋ᠶ᠋ᠡᠨ ᠠᠴᠢ ᠪᠠᠷ ᠶᠦᠨ ᠨᠢᠩ ᠹᠦ ᠶ᠋ᠢᠨ ᠵᠠᠬᠢᠷᠤᠭᠴᠢ ᠪᠠᠷ ᠲᠣᠮᠢᠯᠠᠭᠳᠠᠵᠤ᠂ ᠾᠧᠨᠠᠨ ᠮᠣᠵᠢ ᠳ᠋ᠤ᠌ ᠴᠡᠷᠢᠭ ᠦ᠋ᠨ ᠪᠦᠯᠦᠭᠯᠡᠯ ᠪᠣᠯᠤᠨ ᠬᠥᠭᠵᠢᠵᠦ ᠡᠬᠢᠯᠡᠵᠡᠢ᠃
ᠤᠯᠠᠭᠠᠨ ᠠᠯᠴᠢᠭᠤᠷᠲᠠᠨ ᠤ᠋ ᠠᠷᠮᠢ ᠬᠣᠢᠲᠤ ᠵᠦᠭ ᠲᠦ᠍ ᠲᠠᠪᠰᠢᠬᠤ ᠳ᠋ᠤ᠌ ᠪᠠᠨ ᠾᠧᠪᠧᠢ ᠤᠷᠤᠭᠤ ᠴᠡᠷᠢᠭ ᠢ᠋ᠶ᠋ᠡᠨ ᠢᠯᠡᠭᠡᠵᠦ᠂ ᠡᠨᠡ ᠪᠦᠰᠡ ᠨᠤᠲᠤᠭ ᠢ᠋ ᠪᠦᠷᠢᠮᠦᠰᠦᠨ ᠡᠷᠬᠡᠰᠢᠶᠡᠯ ᠳ᠋ᠦ᠍ ᠪᠡᠨ ᠣᠷᠣᠭᠤᠯᠵᠤ᠂ ᠭᠠᠷ ᠪᠢᠴᠢᠮᠡᠯ ᠬᠦᠷᠲᠡᠯ᠎ᠡ ᠭᠠᠷᠴᠠᠢ᠃ ᠶᠠᠭ ᠲᠡᠷᠡ ᠦᠶ᠎ᠡ ᠳ᠋ᠦ᠍ ᠾᠧᠨᠠᠨ ᠤᠯᠤᠰ ᠤ᠋ᠨ ᠬᠠᠭᠤᠴᠢᠨ ᠨᠡᠢᠰᠯᠡᠯ ᠺᠠᠢ ᠹᠧᠩ ᠳ᠋ᠦ᠍ ᠣᠷᠣᠵᠤ ᠢᠷᠡᠭᠰᠡᠨ ᠤᠯᠠᠭᠠᠨ ᠠᠯᠴᠢᠭᠤᠷᠲᠠᠨ ᠣ ᠠᠷᠮᠢ ᠶ᠋ᠢᠨ ᠤᠳᠤᠷᠢᠳᠤᠭᠴᠢ ᠯᠢᠦ ᠹᠦ ᠲᠤᠩ ᠪᠣᠯᠤᠨ ᠬᠠᠨ ᠯᠢᠨ ᠧ ᠶ᠋ᠢ ᠬᠠᠮᠲᠤ ᠪᠤᠲᠠ ᠴᠣᠬᠢᠵᠤ᠂ ᠬᠠᠨ ᠯᠢᠨ ᠧ ᠶ᠋ᠢᠨ ᠭᠡᠷ ᠪᠦᠯᠢ ᠪᠣᠯᠤᠨ ᠪᠤᠰᠤᠳ ᠬᠥᠮᠦᠰ ᠢ᠋ ᠣᠯᠵᠯᠠᠵᠤ ᠠᠪᠤᠭᠰᠠᠨ ᠢ᠋ᠶ᠋ᠠᠷ ᠶᠡᠬᠡ ᠢᠯᠠᠯᠲᠠ ᠪᠠᠢᠭᠤᠯᠵᠠᠢ᠃ 1359 ᠣᠨ ᠳ᠋ᠤ᠌ ᠴᠠᠭᠠᠨᠲᠡᠮᠦᠷ ᠡᠴᠦᠰ ᠲᠦ᠍ ᠨᠢ ᠺᠠᠢ ᠹᠧᠩ ᠢ᠋ ᠡᠷᠭᠢᠭᠦᠯᠦᠨ ᠠᠪᠤᠪᠠ᠃
ᠲᠡᠷᠡ ᠪᠡᠷ ᠠᠮᠢᠳᠤᠷᠠᠯ ᠤ᠋ᠨ ᠢ᠋ᠶ᠋ᠠᠨ ᠰᠡᠭᠦᠯ ᠦ᠋ᠨ ᠵᠢᠯ ᠦ᠋ᠳ ᠲᠦ᠍ ᠾᠧᠨᠠᠨ ᠮᠣᠵᠢ ᠡᠴᠡ ᠱᠢ ᠯᠢ ᠴᠢᠦᠶᠡᠨ ᠦ᠌ ᠡᠮᠦᠨᠡᠲᠦ ᠬᠡᠰᠡᠭ ᠬᠦᠷᠲᠡᠯ᠎ᠡ ᠨᠥᠯᠥᠭᠡᠯᠡᠯ ᠦ᠋ᠨ ᠬᠦᠷᠢᠶ᠎ᠡ ᠪᠡᠨ ᠥᠷᠭᠡᠳᠬᠡᠵᠦ᠂ ᠬᠣᠢᠲᠤ ᠵᠦᠭ ᠲᠦ᠍ ᠳ᠋ᠠᠲ᠋ᠦ᠋ᠩ ᠢ᠋ ᠰᠠᠭᠤᠷᠢᠨ ᠪᠠᠢᠭᠰᠠᠨ ᠪᠠᠢᠯᠳᠤᠭᠠᠨ ᠤ᠋ ᠨᠣᠶᠠᠨ ᠪᠣᠯᠣᠳ ᠲᠡᠮᠦᠷ ᠲᠡᠢ ᠵᠥᠷᠢᠴᠡᠯᠳᠦᠵᠦ ᠪᠠᠢᠪᠠ᠃ ᠡᠭᠦᠨ ᠦ᠌ ᠳᠠᠷᠠᠭ᠎ᠠ ᠲᠡᠷᠡ ᠪᠡᠷ ᠳᠠᠬᠢᠨ ᠱᠠᠨ ᠳ᠋ᠦᠩ ᠳ᠋ᠦ᠍ ᠭᠠᠷᠴᠤ ᠢᠷᠡᠭᠰᠡᠨ ᠪᠣᠰᠤᠭᠴᠢᠳ ᠤ᠋ᠨ ᠴᠡᠷᠢᠭ ᠢ᠋ ᠡᠷᠬᠡᠰᠢᠶᠡᠯ ᠳ᠋ᠦ᠍ ᠪᠡᠨ ᠣᠷᠣᠭᠤᠯᠬᠤ ᠪᠠᠷ ᠶᠠᠪᠤᠵᠤ᠂ ᠪᠣᠰᠤᠭᠴᠢᠳ ᠤ᠋ᠨ ᠠᠷᠮᠢ ᠶ᠋ᠢᠨ ᠤᠳᠤᠷᠢᠳᠤᠭᠴᠢ ᠲᠢᠶᠠᠨ ᠹᠠᠨ᠂ ᠸᠠᠩ ᠱᠢ ᠴᠢᠨ ᠨᠠᠷ ᠢ᠋ ᠪᠠᠷᠢᠪᠴᠢᠯᠠᠵᠠᠢ᠃ ᠭᠡᠪᠡᠴᠦ ᠦᠯᠡᠳᠡᠭᠰᠡᠨ ᠳᠠᠢᠰᠤᠨ ᠨᠤᠭᠤᠳ ᠨᠢ ᠪᠠᠷᠢᠭᠳᠠᠭᠰᠠᠨ ᠬᠣᠲᠠ ᠶ᠋ᠢ ᠡᠵᠡᠯᠡᠨ ᠠᠪᠬᠤ ᠦᠶ᠎ᠡ ᠪᠡᠷ ᠲᠥᠷᠥ ᠶ᠋ᠢᠨ ᠡᠷᠭᠢᠯᠲᠡ ᠭᠠᠷᠴᠤ᠂ ᠴᠠᠭᠠᠨᠲᠡᠮᠦᠷ ᠢ᠋ ᠸᠠᠩ ᠱᠢ ᠴᠢᠨ ᠬᠢᠲᠤᠭᠠᠯᠠᠵᠤ ᠠᠯᠠᠵᠠᠢ᠃
ᠴᠠᠭᠠᠨᠲᠡᠮᠦᠷ ᠦ᠋ᠨ ᠴᠡᠷᠢᠭ ᠢ᠋ ᠲᠡᠭᠦᠨ ᠦ᠌ ᠵᠢᠭᠡ ᠬᠦᠦ ᠡᠷᠭᠦᠮᠡᠯ ᠬᠦᠦ ᠺᠣᠺᠣ ᠲᠡᠮᠦᠷ ᠠᠪᠴᠤ᠂ ᠥᠰᠢᠶ᠎ᠡ ᠠᠪᠴᠤ᠂ ᠲᠢᠶᠠᠨ ᠹᠠᠨ᠂ ᠸᠠᠩ ᠱᠢ ᠴᠢᠨ ᠬᠣᠶᠠᠷ ᠵᠢᠭᠤᠲᠠᠪᠠ᠃