ᠰᠦᠨ ᠴᠠᠭᠠᠨ ᠰᠡᠳᠬᠢᠯ ᠦ᠋ᠨ ᠬᠤᠷᠤᠢ-ᠮᠠᠨᠳᠤᠬᠤ ᠪᠠᠭᠰᠢ ᠶ᠋ᠢᠨ ᠤᠷᠠᠨ ᠪᠢᠴᠢᠯᠭᠡСүн цагаан сэтгэлийн хурай
ᠰᠦᠨ ᠴᠠᠭᠠᠨ ᠰᠡᠳᠬᠢᠯ ᠦ᠋ᠨ ᠬᠤᠷᠤᠢ
ᠦᠭᠡ᠄ ᠶᠣ• ᠡᠷᠳᠡᠨᠢᠲᠣᠭᠲᠠᠬᠤ
ᠠᠶ᠎ᠠ᠄ ᠬᠡ᠊• ᠰᠡᠴᠡᠨᠲᠦ
ᠲᠦ᠊• ᠴᠡᠪᠡᠷᠴᠡᠴᠡᠭ ᠳᠠᠭᠤᠯᠠᠨ᠎ᠠ
ᠰᠠᠷᠠᠭᠤᠯᠬᠠᠨ ᠲᠠᠯ᠎ᠠ ᠪᠠᠨ ᠰᠢᠵᠢᠷᠯᠠᠨ ᠪᠦᠷᠢᠭᠰᠡᠭᠡᠷ
ᠰᠠᠢᠬᠠᠨ ᠥᠷᠯᠥᠭᠡᠨ ᠦ᠌ ᠨᠠᠷᠠᠨ ᠮᠠᠨᠳᠤᠨ᠎ᠠ
ᠰᠠᠢᠨ ᠢ᠋ ᠳᠡᠭᠡᠵᠢᠯᠡᠨ ᠰᠠᠴᠤᠯᠢ ᠪᠠᠨ ᠡᠷᠭᠦᠬᠦ ᠳ᠋ᠦ᠍
ᠰᠠᠴᠤᠷᠠᠬᠤ ᠲᠤᠶᠠᠭ᠎ᠠ ᠨᠢ ᠰᠠᠨᠠᠭ᠎ᠠ ᠰᠦᠯᠡᠨ᠎ᠡ
ᠶᠢᠰᠦᠨ ᠴᠠᠭᠠᠨ ᠬᠦᠰᠡᠯ ᠪᠡᠶᠡᠯᠢᠭ ᠠ᠋
ᠠᠷᠪᠠᠨ ᠴᠠᠭᠠᠨ ᠪᠤᠶᠠᠨ ᠳᠡᠯᠭᠡᠷᠡᠭ ᠠ᠋
ᠰᠦᠵᠢᠷᠡᠬᠦ ᠬᠠᠢᠷ᠎ᠠ ᠶ᠋ᠢᠨ ᠰᠠᠨᠠᠭ᠎ᠠ ᠬᠤᠷᠤᠢ
ᠰᠦᠨ ᠴᠠᠭᠠᠨ ᠰᠡᠳᠬᠢᠯ ᠬᠤᠷᠤᠢ ᠬᠤᠷᠤᠢ ᠬᠤᠷᠤᠢ᠁
ᠤᠶᠠᠨ ᠳᠡᠯᠪᠡᠭᠡᠨ ᠳ᠋ᠡᠭᠡᠨ ᠰᠢᠭᠦᠳᠡᠷᠢ ᠮᠡᠯᠲᠡᠷᠡᠭᠦᠯᠥᠭᠰᠡᠭᠡᠷ
ᠤᠷᠠᠨ ᠴᠡᠴᠡᠭᠡᠰ ᠭᠠᠩᠬᠤᠨ ᠤᠭᠲᠤᠨ᠎ᠠ
ᠠᠩᠬᠢᠯᠤᠨ ᠰᠢᠪᠰᠢᠬᠦ ᠠᠷᠠᠴᠠ ᠶ᠋ᠢᠨ ᠦᠨᠦᠷ ᠢ᠋ᠶ᠋ᠡᠷ
ᠠᠶᠤᠤᠯᠢᠬᠠᠢ ᠴᠡᠭᠡᠵᠢ ᠮᠢᠨᠢ ᠠᠷᠢᠭᠤᠰᠤᠨ ᠠᠭᠤᠵᠢᠷᠠᠨ᠎ᠠ
ᠠᠮᠢᠲᠠᠨ ᠭᠣᠣᠯᠳᠠᠨ ᠲᠠᠢᠪᠤᠩ ᠣᠷᠣᠰᠢᠭ ᠠ᠋
ᠠᠬᠤᠢ ᠪᠠᠢᠭᠠᠯᠢ ᠮᠢᠨᠢ ᠠᠮᠤᠭᠤᠯᠠᠩ ᠪᠠᠢᠭ ᠠ᠋
ᠰᠦᠵᠢᠷᠡᠬᠦ ᠬᠠᠢᠷ᠎ᠠ ᠶ᠋ᠢᠨ ᠰᠠᠨᠠᠭ᠎ᠠ ᠬᠤᠷᠤᠢ
ᠰᠦᠨ ᠴᠠᠭᠠᠨ ᠰᠡᠳᠬᠢᠯ ᠬᠤᠷᠤᠢ ᠬᠤᠷᠤᠢ ᠬᠤᠷᠤᠢ᠁
ᠤᠷᠭᠤᠮᠠᠯ ᠪᠦᠬᠦᠨ ᠢ᠋ ᠬᠠᠷᠠᠮ ᠦᠭᠡᠢ ᠤᠮᠳᠠᠯᠠᠭᠰᠠᠭᠠᠷ
ᠤᠰᠤᠨ ᠤ᠋ ᠲᠤᠩᠭᠠᠯᠠᠭ ᠭᠣᠣᠯ ᠨᠢ ᠮᠢᠷᠠᠯᠵᠠᠨ᠎ᠠ
ᠤᠷᠤᠰᠤᠨ ᠮᠢᠷᠠᠯᠵᠠᠬᠤ ᠤᠰᠤᠨ ᠤ᠋ ᠠᠢᠵᠠᠮ ᠢ᠋ᠶ᠋ᠠᠷ
ᠤᠷᠮ᠎ᠠ ᠵᠣᠷᠢᠭ ᠤᠶᠠᠩᠭᠠᠷᠠᠨ ᠣᠨᠳᠣᠷᠣᠨ᠎ᠠ
ᠬᠥᠮᠦᠨ ᠬᠥᠮᠦᠨ ᠳ᠋ᠡᠭᠡᠨ ᠬᠠᠢᠷ᠎ᠠ ᠨᠡᠮᠡᠶ᠎ᠡ
ᠬᠦᠵᠢ ᠳᠡᠯᠡᠬᠡᠢ ᠳ᠋ᠡᠭᠡᠨ ᠵᠢᠷᠭᠠᠯ ᠨᠡᠮᠡᠶ᠎ᠡ
ᠰᠦᠵᠢᠷᠡᠬᠦ ᠬᠠᠢᠷ᠎ᠠ ᠶ᠋ᠢᠨ ᠰᠠᠨᠠᠭ᠎ᠠ ᠬᠤᠷᠤᠢ
ᠰᠦᠨ ᠴᠠᠭᠠᠨ ᠰᠡᠳᠬᠢᠯ ᠬᠤᠷᠤᠢ ᠬᠤᠷᠤᠢ ᠬᠤᠷᠤᠢ᠁
ᠬᠥᠮᠦᠨ ᠬᠥᠮᠦᠨ ᠳ᠋ᠡᠭᠡᠨ ᠬᠠᠢᠷ᠎ᠠ ᠨᠡᠮᠡᠶ᠎ᠡ
ᠬᠦᠵᠢ ᠳᠡᠯᠡᠬᠡᠢ ᠳ᠋ᠡᠭᠡᠨ ᠵᠢᠷᠭᠠᠯ ᠨᠡᠮᠡᠶ᠎ᠡ
ᠰᠦᠵᠢᠷᠡᠬᠦ ᠬᠠᠢᠷ᠎ᠠ ᠶ᠋ᠢᠨ ᠰᠠᠨᠠᠭ᠎ᠠ ᠬᠤᠷᠤᠢ
ᠰᠦᠨ ᠴᠠᠭᠠᠨ ᠰᠡᠳᠬᠢᠯ ᠬᠤᠷᠤᠢ ᠬᠤᠷᠤᠢ ᠬᠤᠷᠤᠢ᠁
ᠦᠰᠦᠭ ᠠᠮᠢᠯᠠᠭᠤᠯᠤᠭᠴᠢ᠄ ᠤᠤᠭᠠᠨᠵᠢᠳ
